ᠭᠠᠯ ᠳᠠᠬᠢᠯᠭ᠎ᠠ ᠶᠢᠨ ᠰᠤᠶᠤᠯ ᠪᠤᠯ ᠡᠶ᠎ᠡ ᠵᠤᠬᠢᠴᠠᠯ ᠤᠨ ᠤᠬᠠᠭᠠᠨ ᠤ ᠠᠴᠢᠶᠠᠯᠠᠪᠤᠷᠢ
ᠨᠡᠶᠢᠲᠡᠯᠡᠭᠰᠡᠨ ᠴᠠᠭ᠄
2016/12/14
       ᠭᠠᠯ ᠳᠠᠬᠢᠯᠭ᠎ᠠ ᠪᠤᠯ ᠮᠤᠩᠭᠤᠯ ᠰᠤᠶᠤᠯ ᠤᠨ ᠨᠢᠭᠡᠨ ᠴᠢᠬᠤᠯᠠ ᠪᠦᠷᠢᠯᠳᠦᠬᠦᠨ᠂ ᠬᠢᠯᠠᠰ ᠴᠡᠭ ᠶᠤᠮᠰᠠᠨ᠃  ᠠᠩᠬ᠎ᠠ ᠡᠬᠢᠨ ᠳᠡᠭᠡᠨ ᠮᠤᠩᠭᠤᠯᠴᠤᠳ ᠭᠠᠯ ᠢ ᠰᠢᠳᠦᠬᠦ᠂ ᠭᠠᠯ ᠠᠴᠠ ᠰᠦᠷᠳᠡᠬᠦ ᠰᠡᠳᠬᠢᠯᠭᠡᠨ ᠠᠴᠠ ᠪᠤᠯᠤᠭᠠᠳ ᠭᠠᠯ  ᠳᠠᠬᠢᠳᠠᠭ ᠪᠤᠯᠤᠭᠰᠠᠨ ᠭᠡᠳᠡᠭ᠃ ᠭᠠᠯ ᠬᠦᠮᠦᠨ ᠳᠦᠷᠦᠯᠬᠢᠳᠡᠨ ᠳᠤ ᠢᠯᠴᠢ ᠭᠡᠷᠡᠯ ᠬᠠᠨᠭ᠍ᠭᠠᠳᠠᠭ ᠪᠤᠯᠬᠤᠷ ᠬᠦᠮᠦᠨ  ᠭᠠᠯ ᠢ ᠬᠠᠮᠤᠭ ᠠᠩᠬ᠎ᠠ ᠰᠢᠳᠦᠵᠦ ᠡᠬᠢᠯᠡᠵᠠᠢ᠃ ᠳᠠᠬᠢᠪᠠᠯ ᠪᠦᠭᠡ ᠶᠢᠨ ᠱᠠᠰᠢᠨ ᠤ ᠤᠨᠤᠯ ᠳᠤ ᠭᠠᠯ ᠤᠰᠤ ᠰᠠᠯᠬᠢᠨ  ᠳᠡᠭᠷᠢ ᠪᠤᠯ ᠶᠢᠷᠳᠢᠨᠴᠦ ᠶᠢ ᠪᠤᠢ ᠪᠤᠯᠭᠠᠬᠤ ᠡᠬᠢ ᠰᠤᠷᠪᠤᠯᠵᠢ ᠭᠡᠵᠦ ᠦᠵᠡᠳᠡᠭ᠃ ᠭᠠᠯ ᠬᠦᠮᠦᠨ ᠢ ᠪᠠᠶᠠᠵᠢᠭᠤᠯᠵᠦ  ᠪᠠᠶᠠᠷᠯᠠᠭᠤᠯᠵᠦ ᠴᠢᠳᠠᠬᠤ ᠮᠦᠷᠳᠡᠭᠡᠨ ᠦᠭᠡᠶᠢᠷᠡᠬᠦᠯᠵᠦ ᠴᠤ ᠴᠢᠳᠠᠨ᠎ᠠ᠃ ᠳᠡᠶᠢᠮᠦ ᠪᠤᠯᠬᠤᠷ ᠭᠠᠯ ᠢ ᠠᠷᠭᠠᠳᠠᠬᠤ  ᠦᠢᠯᠡ ᠡᠬᠢᠯᠡᠵᠦ ᠪᠤᠢ ᠪᠤᠯᠵᠠᠢ᠃ ᠢᠡᠭᠬᠢᠵᠦ ᠪᠤᠢ ᠪᠤᠯᠤᠭᠰᠠᠨ ᠭᠠᠯ ᠢ ᠠᠷᠭᠠᠳᠠᠬᠤ ᠦᠢᠯᠡ ᠨᠢ ᠦᠶ᠎ᠡ ᠶᠢᠨ ᠦᠶ᠎ᠡ  ᠤᠯᠠᠮᠵᠢᠯᠠᠭᠳᠠᠬᠤ ᠶᠢ ᠳᠠᠭᠠᠯᠳᠤᠭᠠᠳ ᠤᠳᠤ ᠪᠤᠯᠬᠤ ᠳᠤ ᠰᠤᠶᠤᠯ ᠤᠨ ᠴᠢᠬᠤᠯᠠ ᠠᠴᠢᠶᠠᠯᠠᠪᠤᠷᠢ ᠶᠢᠨ ᠡᠬᠦᠷᠭᠡ ᠪᠦᠬᠦᠢ  ᠠᠵᠢᠯᠯᠠᠭ᠎ᠠ ᠪᠤᠯᠤᠭᠰᠠᠨ ᠮᠦᠷᠳᠡᠭᠡᠨ ᠮᠤᠩᠭᠤᠯᠴᠤᠳ ᠤᠨ ᠡᠭᠡ ᠪᠠᠶᠢᠭᠠᠯᠢ ᠶᠢᠨ ᠠᠮᠢᠳᠠᠨ ᠵᠢᠷᠭᠤᠭᠠᠨ ᠵᠦᠢᠯ ᠲᠠᠢ ᠪᠠᠨ  ᠵᠦᠪ ᠬᠠᠷᠢᠴᠠᠬᠤ ᠶᠢᠨ ᠨᠢᠭᠡᠨ ᠠᠷᠭ᠎ᠠ ᠬᠡᠯᠪᠡᠷᠢ ᠭᠡᠬᠦ ᠪᠤᠶᠤ ᠦᠷ᠎ᠡ ᠬᠡᠤᠬᠡᠳ ᠲᠡᠭᠡᠨ ᠡᠶ᠎ᠡ ᠵᠤᠬᠢᠴᠠᠯ ᠤᠨ ᠤᠬᠠᠭᠠᠨ ᠢ  ᠦᠪᠯᠡᠬᠦᠯᠵᠦ ᠵᠠᠯᠭᠠᠮᠵᠢᠯᠠᠬᠤ ᠨᠢᠭᠡᠨ ᠰᠠᠶᠢᠬᠠᠨ ᠠᠵᠢᠯᠯᠠᠭ᠎ᠠ ᠭᠡᠭᠳᠡᠬᠦ ᠪᠤᠯᠤᠭᠰᠠᠨ ᠶᠤᠮ᠃ ᠤᠴᠢᠷ ᠨᠢ ᠭᠠᠯ  ᠳᠠᠬᠢᠯᠭ᠎ᠠ ᠶᠢᠨ ᠪᠦᠬᠦ ᠦᠢᠯᠡ ᠪᠠᠷ ᠳᠠᠮᠵᠢᠨ ᠠᠬᠠᠮᠠᠳ ᠨᠢ ᠵᠠᠯᠠᠭᠤᠴᠤᠳ ᠪᠠᠭᠠᠴᠤᠳ ᠲᠠᠭᠠᠨ ᠵᠦᠪ ᠰᠠᠶᠢᠬᠠᠨ ᠵᠠᠩ  ᠦᠢᠯᠡ ᠶᠢ ᠳᠠᠨᠢᠭᠤᠯᠵᠦ ᠮᠡᠳᠡᠬᠦᠯᠵᠦ ᠪᠠᠶᠢᠳᠠᠭ ᠢᠶᠠᠷ ᠪᠠᠷᠠᠬᠤ ᠦᠭᠡᠢ ᠬᠠᠮᠤᠭ ᠤᠨ ᠭᠤᠤᠯ ᠨᠢ ᠭᠠᠯ ᠤᠨ ᠪᠤᠷᠬᠠᠨ ᠢ  ᠳᠡᠭᠡᠳᠦᠯᠡᠬᠦ᠂ ᠪᠠᠶᠢᠭᠠᠯᠢ ᠶᠢᠨ ᠨᠢᠭᠡᠨ ᠦᠵᠡᠭᠳᠡᠯ ᠪᠤᠯᠤᠭᠰᠠᠨ ᠭᠠᠯ ᠢ ᠠᠷᠭᠠᠳᠠᠵᠦ ᠡᠷᠬᠢᠮᠯᠡᠬᠦ᠂ ᠭᠠᠯ ᠢ ᠡᠷᠬᠢᠮᠯᠡᠵᠦ  ᠳᠡᠭᠡᠳᠦᠯᠡᠬᠦ ᠪᠠᠷ ᠳᠠᠮᠵᠢᠨ ᠬᠤᠷᠸ᠎ᠠ ᠶᠢᠨ ᠪᠦᠬᠦ ᠵᠦᠢᠯ ᠲᠠᠢ ᠡᠶ᠎ᠡ ᠵᠤᠬᠢᠴᠠᠯ ᠲᠠᠢ᠂ ᠬᠡᠮ ᠬᠡᠮᠨᠡᠯ ᠲᠠᠢ ᠤᠷᠤᠰᠢᠬᠤ  ᠵᠡᠷᠭᠡ ᠤᠯᠠᠨ ᠳᠠᠯ᠎ᠠ ᠶᠢᠨ ᠤᠬᠠᠭᠠᠨ ᠢ ᠵᠢᠭᠠᠵᠦ᠂ ᠵᠦᠪ ᠰᠡᠷᠡᠭᠳᠡᠯ ᠰᠡᠳᠬᠢᠬᠦᠢ ᠲᠠᠢ ᠪᠤᠯᠭᠠᠵᠦ ᠬᠦᠮᠦᠵᠢᠬᠦᠯᠳᠡᠭ ᠲᠤ  ᠪᠠᠶᠢᠬᠤ ᠶᠤᠮ᠃      ᠮᠤᠩᠭᠤᠯᠴᠤᠳ ᠪᠤᠯ ᠡᠶ᠎ᠡ ᠵᠤᠬᠢᠴᠠᠯ ᠤᠨ ᠤᠬᠠᠭᠠᠨ ᠢ ᠳᠡᠭᠡᠳᠦᠯᠡᠳᠡᠭ ᠦᠨᠳᠦᠰᠦᠳᠡᠨ᠃ ᠠᠮᠢᠳᠤᠷᠠᠯ  ᠦᠢᠯᠡᠳᠪᠤᠷᠢᠯᠡᠯ ᠤᠨ ᠵᠠᠩ ᠦᠢᠯᠡ ᠪᠤᠯᠭᠠᠨ ᠳᠤᠨᠢ ᠪᠠᠷᠤᠭ ᠪᠦᠷ ᠡᠶ᠎ᠡ ᠵᠤᠬᠢᠴᠠᠯ ᠤᠨ ᠤᠬᠠᠭᠠᠨ ᠨᠡᠪᠳᠡᠷᠡᠨ  ᠰᠢᠩᠬᠡᠭᠰᠡᠨ ᠪᠠᠶᠢᠳᠠᠭ᠃ ᠮᠤᠩᠭᠤᠯ ᠬᠦᠮᠦᠨ ᠤ ᠰᠡᠳᠬᠢᠬᠦᠢ ᠳᠤ ᠡᠶ᠎ᠡ ᠵᠤᠬᠢᠴᠠᠯ ᠭᠡᠳᠡᠭ ᠪᠤᠯ ᠵᠦᠭᠡᠷ ᠯᠡ ᠨᠢᠭᠡ ᠡᠪ  ᠡᠩ ᠤᠨ ᠤᠬᠠᠭᠳᠠᠬᠤᠨ ᠪᠢᠰᠢ᠂ ᠬᠠᠷᠢᠨ ᠡᠶ᠎ᠡ ᠵᠤᠬᠢᠴᠠᠯ ᠲᠠᠢ ᠪᠠᠶᠢᠬᠤ ᠳᠤ ᠠᠯᠢᠪᠡ ᠵᠦᠢᠯ ᠳᠠᠶᠢᠪᠤᠡᠭ ᠳᠤᠭᠳᠠᠭᠤᠨ  ᠪᠠᠶᠢᠵᠦ᠂ ᠮᠦᠨ ᠳᠡᠭᠡᠭᠡᠳ ᠡᠶ᠎ᠡ ᠵᠤᠬᠢᠴᠠᠯ ᠤᠨ ᠰᠠᠭᠤᠷᠢᠨ ᠳᠡᠭᠡᠷ᠎ᠡ ᠰᠠᠶ᠋ᠢ ᠵᠢᠪ ᠵᠢᠩᠬᠢᠨᠢ ᠠᠮᠵᠢᠯᠳᠠ ᠳᠤ ᠬᠦᠷᠴᠦ  ᠴᠢᠳᠠᠳᠠᠭ ᠭᠡᠳᠡᠭ ᠤᠢᠢᠯᠠᠭᠠᠯᠳᠠ ᠪᠠᠶᠢᠳᠠᠭ᠃ ᠶᠠᠭᠤᠨ ᠳᠤ ᠭᠠᠯ ᠳᠠᠬᠢᠳᠠᠭ ᠤᠨ ᠳᠤᠬᠠᠢ ᠤᠴᠢᠷᠯᠠᠬᠤ ᠳᠤ ᠭᠠᠯ ᠭᠡᠳᠡᠭ  ᠬᠦᠮᠦᠨ ᠢ ᠪᠠᠶᠠᠵᠢᠭᠤᠯᠵᠦ ᠪᠠᠶᠠᠷᠯᠠᠭᠤᠯᠵᠦ ᠴᠢᠳᠠᠬᠤ ᠮᠦᠷᠳᠡᠭᠡᠨ ᠦᠭᠡᠶᠢᠷᠡᠬᠦᠯᠵᠦ ᠵᠤᠪᠠᠭᠠᠵᠦ ᠴᠢᠳᠠᠬᠤ ᠪᠠᠶᠢᠭᠠᠯᠢ ᠶᠢᠨ  ᠦᠵᠡᠭᠳᠡᠯ ᠲᠠᠢ ᠡᠶ᠎ᠡ ᠵᠤᠬᠢᠴᠠᠯ ᠲᠠᠢ ᠪᠠᠶᠢᠬᠤ ᠶᠢᠨ ᠯᠡ ᠳᠦᠯᠦᠭᠡ ᠶᠤᠮ᠃ ᠳᠡᠶᠢᠮᠦ ᠪᠠᠷ ᠭᠠᠯ ᠳᠠᠬᠢᠯᠭ᠎ᠠ ᠨᠢ ᠡᠶ᠎ᠡ  ᠵᠤᠬᠢᠴᠠᠯ ᠤᠨ ᠳᠦᠯᠦᠭᠡᠨ ᠤ ᠠᠵᠢᠯ ᠮᠦᠷᠳᠡᠭᠡᠨ ᠡᠶ᠎ᠡ ᠵᠤᠬᠢᠴᠠᠯ ᠢᠶᠠᠷ ᠢᠶᠠᠨ ᠳᠠᠮᠵᠢᠭᠤᠯᠤᠨ ᠬᠦᠮᠦᠨ ᠤ  ᠰᠡᠳᠬᠢᠬᠦᠢ ᠳᠤ ᠵᠦᠪ ᠵᠦᠢᠯ ᠢ ᠦᠭᠴᠦ ᠴᠢᠳᠠᠳᠠᠭ ᠨᠢ ᠶᠠᠭᠤᠨ ᠠᠴᠠ ᠢᠯᠡᠬᠦᠦ ᠦᠨᠡᠳᠠᠢ ᠪᠠᠶᠢᠳᠠᠭ ᠪᠢᠯᠢᠤ⁈                                         ︵ᠱᠢᠷᠦᠨᠴᠢᠮᠡᠭ︶
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号