ᠲᠡᠭᠡᠳᠤ ᠨᠡᠶᠢᠰᠯᠠᠯ ᠳᠤ ᠢᠷᠡᠭᠰᠡᠨ ᠭᠠᠳᠠᠭᠠᠳᠤ ᠶᠢᠨ ᠡᠯᠴᠢᠳ
ᠨᠡᠶᠢᠲᠡᠯᠡᠭᠰᠡᠨ ᠴᠠᠭ᠄
2016/7/25
       ᠮᠤᠩᠭᠤᠯ ᠤᠨ ᠶᠤᠸᠠᠨ ᠤᠯᠤᠰ ᠤᠨ ᠦᠶ᠎ᠠ ᠳᠤ᠂ ᠭᠠᠳᠠᠭᠠᠳᠤ ᠬᠠᠷᠢᠴᠠᠭ᠎ᠠ ᠲᠡᠤᠭᠡᠨ ᠳᠤ ᠦᠭᠡᠢ ᠭᠦᠭᠵᠢᠵᠤ ᠂ ᠶᠤᠸᠠᠨ ᠤᠯᠤᠰ ᠪᠤᠯᠤᠨ ᠠᠽᠢᠶ᠎ᠠ᠂ ᠡᠸᠦ᠋ᠷᠤᠫᠠ ᠶᠢᠨ ᠤᠯᠤᠰ ᠤᠳ ᠤᠨ ᠬᠠᠷᠢᠯᠴᠠᠭ᠎ᠠ ᠡᠳᠤᠷ ᠢᠷᠠᠭᠦᠶ᠎ᠠ ᠨᠢᠭᠳᠠᠷᠠᠭᠰᠡᠨ ᠶᠤᠮ᠃ ᠭᠠᠳᠠᠭᠠᠳᠤ ᠶᠢᠨ ᠡᠯᠴᠢᠳ᠂ ᠵᠢᠭᠤᠯᠴᠢᠳ᠂ ᠠᠷᠠᠯᠵᠢᠶᠠᠴᠢᠳ᠂ ᠱᠠᠰᠢᠨ ᠲᠡᠯᠬᠡᠷᠡᠭᠦᠯᠤᠭ᠍ᠴᠢ᠂ ᠦᠷᠭᠦᠯᠵᠢ ᠰᠤᠷᠪᠤᠯᠵᠢᠯᠠᠨ ᠢᠷᠠᠳᠡᠭ᠃ ᠡᠸᠦ᠋ᠷᠤᠫᠠ᠂ ᠭᠠᠤᠯᠢ᠂ ᠫᠧᠷᠰ ᠤᠨ ᠭᠦᠮᠤᠰ ᠬᠠᠮᠤᠭ ᠤᠨ ᠤᠯᠠᠨ ᠢᠷᠠᠳᠡᠭ᠃ ᠡᠳᠡᠬᠡᠷ ᠵᠤᠴᠢᠳ ᠤᠨ ᠤᠯᠠᠩᠬᠢ ᠨᠢ ᠶᠤᠸᠠᠨ ᠤᠯᠤᠰ ᠤᠨ ᠲᠡᠭᠡᠳᠤ ᠨᠠᠶᠢᠰᠯᠠᠯ — ᠱᠠᠩᠳᠤ ᠬᠤᠳᠠ ᠶᠢ ᠵᠤᠷᠢᠳᠠᠭ ᠪᠠᠶᠢᠨ᠎ᠠ᠃       ᠹᠷᠠᠨᠺ ᠤᠯᠤᠰ ᠤᠨ ᠡᠯᠴᠢᠨ ᠭᠤᠷᠪᠡᠨ ᠵᠢᠯ ᠶᠠᠪᠤᠭᠠᠳ ᠰᠠᠶ᠋ᠢ ᠭᠦᠷᠤᠭ᠍ᠰᠡᠨ ᠨᠢ         1260 ᠣᠨ ᠤ 3 ᠰᠠᠷ᠎ᠠ ᠳᠤ᠂ ᠬᠤᠪᠢᠯᠠᠢ ᠬᠠᠭᠠᠨ ᠺᠠᠶᠢᠫᠢᠩ ᠬᠤᠳᠠ ᠳᠤ ︵ᠶᠤᠸᠠᠨ ᠤ ᠲᠡᠬᠡᠳᠤ ᠨᠡᠶᠢᠰᠯᠠᠯ ᠬᠡᠵᠤ ᠨᠡᠷᠡᠯᠡᠭᠦ ᠠᠴᠠ ᠡᠮᠤᠨᠡᠬᠢ ᠨᠡᠷᠡᠶᠢᠳᠤᠯ︶ ᠮᠤᠩᠭᠤᠯ ᠬᠠᠭᠠᠨᠳᠤ ᠤᠯᠤᠰ ᠤᠨ ᠬᠠᠭᠠᠨ ᠰᠠᠭᠤᠷᠢᠨ ᠳᠤ ᠰᠠᠭᠤᠵᠡᠢ᠃ ᠲᠠᠷᠠᠭ᠎ᠠ ᠵᠢᠯ ᠨᠢ᠂ ᠹᠷᠠᠨᠺ ᠤᠯᠤᠰ ᠤᠨ ︵ᠠᠩᠭ᠍ᠯᠢ ᠪᠠᠷ Frank᠂ ᠲᠤᠮᠳᠠᠳᠤ ᠵᠠᠭᠤᠨ ᠤ ᠦᠶ᠎ᠠ ᠳᠤ᠂ ᠫᠧᠷᠰ ᠭᠦᠮᠤᠰ᠂ ᠠᠷᠠᠪᠴᠤᠳ ᠠᠴᠠ ᠡᠸᠦ᠋ᠷᠤᠫᠠ ᠭᠦᠮᠤᠨ ᠢ ᠢᠩᠬᠢᠵᠤ ᠨᠡᠷᠡᠯᠡᠳᠡᠭ ᠪᠠᠶᠢᠵᠡᠢ᠂ ᠰᠡᠭᠦᠯᠡᠷ ᠨᠢ ᠮᠤᠩᠭᠤᠯ ᠂ ᠬᠢᠳᠡᠳ ᠤᠳ ᠴᠤ ᠢᠩᠬᠢᠵᠤ ᠨᠡᠷᠡᠯᠡᠭᠦ ᠪᠤᠯᠵᠡᠢ︶ ᠡᠯᠴᠢᠨ ᠺᠠᠶᠢᠫᠢᠩ ᠬᠤᠳᠠ ᠳᠤ ᠭᠦᠷᠴᠤ ᠬᠤᠪᠢᠯᠠᠢ ᠬᠠᠭᠠᠨ ᠲᠠᠢ ᠵᠤᠯᠭᠠᠵᠡᠢ᠃       ᠸᠠᠩ ᠶᠦᠨ ︽ᠲᠠᠩ ᠤᠨ ᠬᠡᠷᠡᠭ ᠤᠨ ᠲᠡᠮᠳᠡᠭᠯᠡᠯ︾ ᠳᠡᠭᠡᠨ ᠡᠶᠢᠮᠤ ᠨᠢᠬᠡᠨ ᠦᠯᠢᠬᠡᠷ ᠢ ᠪᠢᠴᠢᠵᠡᠢ᠃ ᠨᠢᠬᠡᠨ ᠵᠢᠯ ᠹᠷᠠᠨᠺ ᠤᠯᠤᠰ ᠤᠨ ᠲᠤᠮᠢᠯᠠᠭᠰᠡᠨ ᠡᠯᠴᠢ ᠨᠢ ᠲᠦᠮᠠᠨ ᠪᠡᠷᠬᠡ ᠮᠢᠩᠭᠠᠨ ᠵᠤᠪᠠᠯᠠᠩ ᠢ ᠲᠤᠭᠤᠯᠤᠨ ᠶᠠᠪᠤᠵᠤ ᠭᠤᠷᠪᠡᠨ ᠵᠢᠯ ᠤᠨ ᠲᠠᠷᠠᠭ᠎ᠠ ᠰᠠᠶ᠋ᠢ ᠶᠤᠸᠠᠨ ᠤᠯᠤᠰ ᠤᠨ ᠲᠡᠭᠡᠳᠤ ᠨᠠᠶᠢᠰᠯᠠᠯ ᠳᠤ ᠭᠦᠷᠤᠭ᠍ᠰᠡᠨ ᠬᠡᠳᠡᠭ᠃ ᠬᠤᠪᠢᠯᠠᠢ ᠬᠠᠭᠠᠨ ᠭᠦᠷᠴᠤ ᠢᠷᠡᠭᠰᠡᠨ ᠡᠯᠴᠢᠨ ᠤ ᠠᠶᠠᠨ ᠵᠠᠮ ᠤᠨ ᠬᠢᠨᠢ ᠦᠯᠢᠬᠡᠷ ᠢ ᠰᠤᠨᠤᠰᠴᠤ ᠮᠠᠰᠢ ᠪᠠᠶᠠᠷᠯᠠᠭᠠᠳ᠂ ᠶᠡᠭᠡ ᠬᠡᠮᠵᠢᠶᠠᠨ ᠤ ᠠᠯᠳᠠ᠂ ᠲᠤᠷᠭ᠎ᠠ ᠲᠤᠷᠳᠤᠩ ᠪᠡᠯᠡᠭᠯᠡᠵᠡᠢ᠃ ᠡᠷᠳᠡᠨ ᠳᠤ᠂ ᠶᠡᠭᠡ ᠮᠤᠩᠭᠤᠯ ᠤᠯᠤᠰ ᠤᠨ ᠦᠶᠠᠰ ᠹᠷᠠᠨᠺ ᠤᠯᠤᠰ ᠡᠯᠴᠢ ᠲᠤᠮᠢᠯᠠᠵᠤ ᠮᠤᠩᠭᠤᠯ ᠤᠨ ᠶᠡᠭᠡ ᠬᠠᠭᠠᠨ ᠲᠠᠢ ᠵᠤᠯᠭᠠᠭᠤᠯᠳᠠᠭ ᠪᠠᠶᠢᠵᠡᠢ᠃     ᠤᠬᠠᠭᠠᠨᠳᠤ ᠬᠠᠭᠠᠨ ᠲᠤᠭᠤᠨᠳᠡᠮᠤᠷ ᠤᠨ ᠦᠶ᠎ᠠ ᠳᠤ᠂ ᠹᠷᠠᠨᠺ ᠤᠯᠤᠰ ᠤᠨ ᠡᠯᠴᠢ ᠪᠠᠰᠠ ᠨᠢᠬᠡ ᠤᠳᠠᠭ᠎ᠠ ᠶᠤᠸᠠᠨ ᠤ ᠲᠡᠭᠡᠳᠤ ᠨᠡᠶᠢᠰᠯᠠᠯ ᠳᠤ ᠢᠷᠠᠵᠡᠢ᠃ ᠰᠡᠭᠦᠯᠡᠷ ᠨᠢ ᠲᠤᠭᠤᠨᠳᠡᠮᠤᠷ ᠬᠠᠭᠠᠨ ᠹᠷᠠᠨᠺ ᠤᠯᠤᠰ ᠤᠨ ᠡᠯᠴᠢ ᠠᠨᠳ᠋ᠷᠸᠢ ᠶᠢ 15 ᠭᠦᠮᠤᠨ ᠲᠠᠢ ᠬᠠᠮᠳᠤ ᠡᠸᠦ᠋ᠷᠤᠫᠠ ᠳᠤ ᠡᠯᠴᠢᠨ ᠢᠶᠠᠷ ᠲᠤᠮᠢᠯᠠᠵᠤ᠂ ᠷᠤᠮ ᠤᠨ ᠬᠠᠭᠠᠨᠳᠠᠨ ᠳᠤ ᠨᠢᠬᠡ ᠬᠤᠪᠢ ᠵᠠᠬᠢᠳᠠᠯ ᠲᠠᠮᠵᠢᠭᠤᠯᠵᠡᠢ᠃ ᠷᠤᠮ ᠤᠨ ᠬᠠᠭᠠᠨᠳᠠᠨ ᠵᠠᠬᠢᠳᠠᠯ ᠢ ᠨᠢ ᠦᠵᠡᠭᠡᠳ 10 ᠭᠦᠮᠤᠨ ᠢᠶᠠᠷ ᠪᠦᠷᠢᠯᠳᠤᠭ᠍ᠰᠡᠨ ᠡᠯᠴᠢᠨ ᠤ ᠪᠦᠯᠭᠦᠮ ᠢ ᠶᠤᠸᠠᠨ ᠤᠯᠤᠰ ᠲᠤ ᠲᠤᠮᠢᠯᠠᠵᠤ ᠬᠠᠷᠢᠭᠤ ᠵᠠᠬᠢᠳᠠᠯ ᠢᠯᠡᠭᠡᠵᠦ᠂ ᠲᠤᠭᠤᠨᠳᠡᠮᠤᠷ ᠬᠠᠭᠠᠨ ᠳᠤ ᠨᠢᠬᠡ ᠰᠠᠶᠢᠨ ᠠᠭᠳᠠ ᠪᠡᠯᠡᠭᠯᠡᠭᠰᠡᠨ ᠬᠡᠳᠡᠭ᠃      ᠮᠡᠷᠺᠤ ᠫᠤᠯᠤ᠋ ᠪᠤᠯᠤᠨ ᠶᠤᠸᠠᠨ ᠤ ᠲᠡᠭᠡᠳᠤ ᠨᠡᠶᠢᠰᠯᠠᠯ     ᠮᠡᠷᠺᠤ ᠫᠤᠯᠤ᠋ ᠢᠲ᠋ᠠᠯᠢ ᠶᠢᠨ ᠸᠢᠨᠢᠽᠧᠶ᠎ᠠ ᠬᠤᠳᠠ ᠶᠢᠨ ᠨᠢᠬᠡᠨ ᠠᠷᠠᠯᠵᠢᠶᠠᠴᠢᠨ ᠤ ᠬᠡᠷ ᠪᠦᠯᠢ ᠳᠤ ᠲᠦᠷᠤᠵᠡᠢ᠃ ᠠᠪᠤ ᠨᠢ ᠨᠢᠺᠤᠯᠤ᠋ ᠫᠤᠯᠤ᠋᠂ ᠠᠪᠠᠭ᠎ᠠ ᠨᠢ ᠮᠠᠲᠲᠸᠤ ᠫᠤᠯᠤ᠋ ᠬᠡᠵᠤ ᠪᠦᠷ ᠠᠷᠠᠯᠵᠢᠶᠠᠴᠢᠨ ᠪᠠᠶᠢᠵᠡᠢ᠃ ᠨᠢᠺᠤᠯᠤ᠋ ᠫᠤᠯᠤ᠋ ᠬᠤᠶᠠᠳᠡᠬᠢ ᠤᠳᠠᠭ᠎ᠠ ᠶᠤᠸᠠᠨ ᠤᠯᠤᠰ ᠲᠤ ᠢᠷᠠᠭᠦ ᠳᠡᠭᠡᠨ᠂ ᠭᠦᠤ ᠮᠡᠷᠺᠤ ᠫᠤᠯᠤ᠋ ᠪᠠᠨ ᠲᠠᠭᠠᠭᠤᠯᠵᠤ ᠢᠷᠡᠭᠰᠡᠨ ᠪᠠᠶᠢᠨ᠎ᠡ ᠃ ᠭᠤᠷᠪᠡᠨ ᠵᠢᠯ ᠬᠠᠭᠠᠰ ᠶᠠᠪᠤᠭᠠᠳ ᠨᠢᠬᠡᠨ ᠵᠤᠨ ᠶᠤᠸᠠᠨ ᠤ ᠲᠡᠭᠡᠳᠤ ᠨᠡᠶᠢᠰᠯᠠᠯ ᠳᠤ ᠭᠦᠷᠴᠡᠢ᠃     ᠨᠢᠺᠤᠯᠤ᠋ ᠫᠤᠯᠤ᠋ ᠶᠢᠨ ᠢᠷᠠᠵᠤ ᠶᠠᠪᠤᠭ᠎ᠠ ᠶᠢ ᠬᠤᠪᠢᠯᠠᠢ ᠬᠠᠭᠠᠨ ᠰᠤᠨᠤᠰᠴᠢᠬᠠᠭᠠᠳ ᠶᠡᠬᠡᠳᠡ ᠪᠠᠶᠠᠷᠯᠠᠨ ᠢᠷᠠᠭᠦ ᠳᠤ ᠨᠢ ᠲᠤᠰᠬᠠᠢ ᠭᠦᠮᠤᠨ ᠶᠠᠪᠤᠭᠤᠯᠵᠤ ᠶᠤᠸᠠᠨ ᠤ ᠲᠡᠭᠡᠳᠤ ᠨᠡᠶᠢᠰᠯᠠᠯ ᠠᠴᠠ 40 ᠭᠠᠵᠡᠷ ᠤᠨ ᠠᠯᠤᠰ ᠠᠴᠠ ᠭᠦᠨᠳᠤᠳᠬᠡᠨ ᠤᠭᠳᠤᠵᠡᠢ᠃ ᠮᠡᠷᠺᠤ ᠫᠤᠯᠤ᠋ ᠶᠤᠸᠠᠨ ᠤ ᠲᠡᠭᠡᠳᠤ ᠨᠡᠶᠢᠰᠯᠠᠯ ᠳᠤ ᠢᠷᠡᠭᠰᠡᠨ ᠤ ᠲᠠᠷᠠᠭ᠎ᠠ᠂ ᠤᠯᠠᠨ ᠶᠠᠭᠤᠮ᠎ᠠ ᠶᠢ ᠰᠤᠨᠢᠭᠤᠴᠢᠯᠠᠨ᠂ ᠴᠡᠴᠡᠨ ᠴᠡᠯᠮᠡᠭ ᠢᠶᠠᠷ ᠰᠤᠷᠴᠤ ᠰᠤᠳᠤᠯᠤᠨ᠂ ᠮᠤᠩᠭᠤᠯ ᠠᠮᠢᠳᠤᠷᠠᠯ ᠲᠠᠢ ᠶᠡᠭᠡ ᠠᠮᠠᠷᠬᠠᠨ ᠲᠠᠰᠤᠯᠴᠡᠵᠡᠢ᠃ ᠬᠤᠪᠢᠯᠠᠢ ᠬᠠᠭᠠᠨ ᠴᠤ ᠮᠡᠷᠺᠤ ᠫᠤᠯᠤ᠋ ᠢ ᠶᠡᠬᠡᠳᠡ ᠭᠦᠨᠳᠤᠳᠬᠡᠨ᠂ ᠤᠯᠠᠨ ᠭᠠᠵᠡᠷ ᠲᠤᠭᠤᠷᠢᠭᠤᠯᠤᠨ ᠨᠢᠳᠤ ᠨᠡᠬᠡᠬᠡᠯᠬᠡᠵᠤ᠂ ᠭᠦᠷᠰᠢ ᠤᠯᠤᠰ ᠲᠤ ᠴᠤ ᠶᠠᠪᠤᠭᠤᠯᠵᠤ ᠵᠢᠭᠤᠯᠴᠢᠯᠠᠭᠤᠯᠵᠡᠢ᠃    ᠮᠡᠷᠺᠤ ᠫᠤᠯᠤ᠋ ᠤᠯᠤᠰ ᠲᠠᠭᠠᠨ ᠪᠤᠴᠠᠭᠰᠡᠨ ᠤ ᠲᠠᠷᠠᠭ᠎ᠠ ︽ᠮᠡᠷᠺᠤ ᠫᠤᠯᠤ᠋ ᠶᠢᠨ ᠵᠢᠭᠤᠯᠴᠢᠯᠠᠯ ᠤᠨ ᠲᠡᠮᠳᠡᠭᠯᠡᠯ︾ ᠨᠤᠮ ᠢᠶᠠᠨ ᠪᠢᠴᠢᠭᠦ ᠳᠡᠭᠡᠨ ᠲᠤᠰᠬᠠᠢ ︽ᠱᠠᠩᠳᠤ ᠬᠤᠳᠠ︾ ᠶᠢ ᠲᠡᠮᠳᠡᠭᠯᠡᠭᠰᠡᠨ ᠵᠤᠬᠢᠶᠠᠯ ᠢ ᠪᠢᠴᠢᠵᠡᠢ᠃ ᠱᠠᠩᠳᠤ ᠬᠤᠳᠠ ᠶᠢᠨ ᠦᠵᠡᠮᠵᠢ ᠪᠠᠶᠢᠳᠠᠯ᠂ ᠰᠦᠮ᠎ᠠ ᠲᠤᠭᠠᠩ ᠤᠨ ᠠᠮᠢᠳᠤᠷᠠᠯ᠂ ᠬᠠᠭᠠᠳ ᠤᠨ ᠬᠤᠷᠢᠮ ᠨᠠᠶᠢᠷ ᠢ ᠨᠠᠷᠢᠨ ᠲᠠᠨᠢᠯᠴᠠᠭᠤᠯᠵᠡᠢ᠃ ᠤᠳᠤ ᠡᠨᠡᠭᠦ ᠲᠠᠮᠳᠡᠭᠯᠡᠯ ᠨᠢ ᠶᠤᠸᠠᠨ ᠤᠯᠤᠰ ᠢ ᠰᠤᠳᠤᠯᠬᠤ ᠭᠤᠤᠯ ᠲᠡᠤᠬᠡᠨ ᠮᠠᠲ᠋ᠧᠷᠢᠶᠠᠯ ᠪᠤᠯᠤᠭᠠᠳ ᠪᠠᠶᠢᠨ᠎ᠠ᠃     ᠬᠠᠮᠤᠭ ᠤᠨ ᠨᠢᠭᠳᠠ ᠬᠠᠷᠢᠯᠴᠠᠭ᠎ᠠ ᠲᠠᠢ ᠪᠠᠶᠢᠭᠰᠡᠨ ᠨᠢ ᠭᠠᠤᠯᠢ ᠤᠯᠤᠰ ᠤᠨ ᠡᠯᠴᠢ     ᠬᠤᠪᠢᠯᠠᠢ ᠬᠠᠭᠠᠨ ᠭᠠᠤᠯᠢ ᠤᠯᠤᠰ ᠤᠨ ᠡᠯᠴᠢᠨ ᠲᠠᠢ ᠮᠠᠰᠢ ᠵᠤᠵᠠᠭᠠᠨ ᠬᠠᠷᠢᠯᠴᠠᠭ᠎ᠠ ᠶᠠᠪᠤᠯᠴᠠᠭ᠎ᠠ ᠲᠠᠢ ᠪᠠᠶᠢᠵᠡᠢ    ᠡᠷᠳᠡᠨ ᠳᠤ᠂ ᠮᠦᠩᠬᠡ ᠬᠠᠭᠠᠨ ᠤ ᠶᠢᠰᠤᠳᠤᠭᠡᠷ ᠤᠨ ᠤ ︵1259 ᠣᠨ︶ 4 ᠰᠠᠷ᠎ᠠ ᠳᠤ᠂ ᠭᠠᠤᠯᠢ ᠬᠠᠭᠠᠨ ᠤ ᠭᠦᠪᠡᠭᠦᠨ ᠸᠠᠩ ᠳ᠋ᠢᠶᠠᠨ ᠪᠠᠶ᠎ᠠ ᠪᠠᠷ ᠢᠶᠠᠨ ᠬᠠᠭᠠᠨ ᠡᠴᠢᠬᠡ ᠪᠠᠨ ᠲᠦᠯᠤᠭᠡᠯᠡᠨ ᠮᠦᠩᠬᠡ ᠬᠠᠭᠠᠨ ᠲᠠᠢ ᠵᠤᠯᠭᠠᠬᠤ ᠪᠠᠷ ᠮᠤᠷᠳᠡᠵᠡᠢ᠃ ᠵᠠᠮ ᠳᠠᠭᠠᠨ ᠮᠦᠩᠬᠡ ᠬᠠᠭᠠᠨ ᠡᠪᠡᠳᠴᠢᠨ ᠢᠶᠠᠷ ᠨᠠᠰᠤᠨ ᠦᠬᠡᠳᠡ ᠪᠤᠯᠤᠭᠰᠡᠨ ᠢ ᠲᠤᠭᠤᠯᠤᠭᠠᠳ᠂ ᠬᠤᠪᠢᠯᠠᠢ ᠬᠠᠭᠠᠨ ᠲᠠᠢ ᠠᠭᠤᠯᠵᠠᠬᠤ ᠪᠠᠷ ᠵᠢᠯᠤᠭᠤ ᠡᠷᠬᠢᠭᠦᠯᠵᠡᠢ᠃ ᠲᠤᠬᠠᠢ ᠶᠢᠨ ᠦᠶ᠎ᠠ ᠳᠤ ᠬᠤᠪᠢᠯᠠᠢ ᠬᠠᠭᠠᠨ ᠶᠠᠭ ᠤᠮᠠᠷᠠᠰᠢ ᠪᠤᠴᠠᠵᠤ ᠪᠠᠶᠢᠭᠰᠡᠨ ᠠᠴᠠ ᠤᠳᠤ ᠶᠢᠨ ᠾᠧᠨᠠᠨ ᠮᠤᠵᠢ ᠶᠢᠨ ᠺᠠᠶᠢᠹᠧᠩ ᠳᠤ ᠠᠭᠤᠯᠵᠡᠵᠠᠢ᠃ ᠬᠤᠪᠢᠯᠠᠢ ᠬᠠᠭᠠᠨ ᠸᠠᠩ ᠳ᠋ᠢᠶᠠᠨ ᠢ ᠲᠠᠭᠠᠭᠤᠯᠤᠨ ᠺᠠᠶᠢᠫᠢᠩ ᠬᠤᠳᠠ ᠳᠤ ᠭᠦᠷᠴᠡᠢ᠃ ᠶᠠᠭ ᠡᠨ᠋ᠨ ᠦᠶ᠎ᠠ ᠳᠤ ᠬᠤᠪᠢᠯᠠᠢ ᠬᠠᠭᠠᠨ ᠭᠠᠤᠯᠢ ᠤᠯᠤᠰ ᠤᠨ ᠬᠠᠭᠠᠨ ᠢ ᠨᠠᠰᠤᠨ ᠦᠬᠡᠳ᠋ᠨ ᠪᠤᠯᠤᠭᠰᠡᠨ ᠴᠢᠮᠡᠭᠡ ᠶᠢ ᠲᠤᠭᠤᠯᠤᠭᠠᠳ ᠲᠤᠰᠬᠠᠢ ᠭᠦᠮᠤᠨ ᠲᠤᠮᠢᠯᠠᠨ ᠸᠠᠩ ᠳ᠋ᠢᠶᠠᠨ ᠢ ᠤᠯᠤᠰ ᠲᠤᠨᠢ ᠭᠦᠷᠬᠡᠭᠦᠯᠵᠡᠢ᠃ ᠸᠠᠩ ᠳ᠋ᠢᠶᠠᠨ ᠢ ᠤᠯᠤᠰ ᠤᠨ ᠰᠢᠨ᠎ᠡ ᠬᠠᠭᠠᠨ ᠪᠤᠯᠬᠤ ᠶᠢ ᠤᠷᠮᠠᠰᠢᠭᠤᠯᠵᠤ ᠪᠠᠶᠢᠵᠡᠢ᠃ ᠸᠠᠩ ᠳ᠋ᠢᠶᠠᠨ ᠤᠯᠤᠰ ᠲᠠᠭᠠᠨ ᠬᠠᠷᠢᠭᠠᠳ ᠡᠯᠴᠢ ᠲᠤᠮᠢᠯᠠᠵᠤ ᠬᠤᠪᠢᠯᠠᠢ ᠬᠠᠭᠠᠨ ᠳᠤ ᠭᠦᠨᠳᠤᠳᠬᠡᠯ ᠤᠨ ᠪᠡᠯᠡᠭ ᠢᠯᠡᠬᠡᠵᠡᠢ᠃ ᠬᠤᠪᠢᠯᠠᠢ ᠬᠠᠭᠠᠨ ᠲᠡᠭᠦᠨ ᠤ ᠡᠯᠴᠢ ᠪᠠᠷ ᠨᠢ ᠨᠢᠬᠡ ᠵᠠᠬ᠎ᠠ ᠡᠷᠬᠢᠮᠰᠤᠭ᠌ ᠬᠤᠪᠴᠠᠰᠤ᠂ ᠨᠤᠳᠤᠭ ᠤᠨ ᠲᠤᠷᠠᠰᠬᠠᠯᠳᠤ ᠵᠦᠢᠯ ᠠᠴᠠ ᠢᠯᠡᠬᠡᠵᠡᠢ᠃    ᠸᠠᠩ ᠳ᠋ᠢᠶᠠᠨ ᠤ ᠭᠦᠤ ᠸᠠᠩ ᠴᠧᠨ ᠢᠶᠠᠨ ᠲᠠᠭᠠᠭᠤᠯᠵᠤ ᠱᠠᠩᠳᠤ ᠬᠤᠳᠠᠨ ᠳᠤ ᠢᠷᠠᠵᠡᠢ᠃ ᠬᠤᠶᠠᠷ ᠤᠯᠤᠰ ᠤᠨ ᠬᠠᠷᠢᠯᠴᠠᠭ᠎ᠠ ᠶᠠᠪᠤᠯᠴᠠᠭ᠎ᠠ ᠶᠡᠭᠡ ᠲᠤᠳᠤᠨᠤᠰᠤᠭ ᠪᠠᠶᠢᠭᠰᠡᠨ᠃ ᠰᠡᠭᠦᠯᠡᠷ ᠨᠢ ᠸᠠᠩ ᠴᠧᠨ ᠬᠠᠭᠠᠨ ᠪᠤᠯᠤᠭᠰᠡᠨ ᠤ ᠲᠠᠷᠠᠭ᠎ᠠ᠂ ᠱᠠᠩᠳᠤ ᠬᠤᠳᠠᠨ ᠳᠤ ᠭᠦᠷᠴᠤ ᠬᠤᠪᠢᠯᠠᠢ ᠬᠠᠭᠠᠨ ᠲᠠᠢ ᠵᠤᠯᠭᠠᠬᠤ ᠳᠠᠭᠠᠨ ᠶᠠᠫᠤᠨ ᠢ ᠡᠷᠬᠡᠰᠢᠶᠠᠭᠦ ᠪᠤᠳᠤᠯᠭ᠎ᠠ ᠪᠠᠨ ᠲᠡᠪᠰᠢᠭᠦᠯᠵᠡᠢ᠃ ᠬᠤᠪᠢᠯᠠᠢ ᠬᠠᠭᠠᠨ ᠵᠦᠪᠰᠢᠶᠠᠷᠡᠭᠰᠡᠨ ᠤ ᠲᠠᠷᠠᠭ᠎ᠠ᠂ ᠶᠠᠫᠤᠨ ᠢ ᠡᠷᠬᠡᠰᠢᠶᠠᠭᠦ ᠪᠠᠷ ᠪᠤᠯᠵᠡᠢ᠃ ᠭᠠᠤᠯᠢ ᠤᠯᠤᠰ 20 ᠲᠦᠮᠠᠨ ᠪᠤᠳᠤᠩ ᠠᠮᠤ ᠭᠦᠨᠡᠰᠤ ᠪᠡᠯᠡᠳᠬᠡᠨ ᠲᠤᠰᠠᠯᠡᠵᠡᠢ᠃ ᠬᠤᠵᠢᠮ ᠨᠢ ᠴᠡᠷᠢᠭ ᠤᠨ ᠠᠮᠤ ᠭᠦᠨᠡᠰᠤ ᠶᠢ ᠨᠢ ᠬᠠᠩᠭᠠᠵᠤ ᠲᠡᠶᠢᠯᠭᠦ ᠦᠭᠡᠢ ᠪᠤᠯᠤᠭᠠᠳ᠂ ᠬᠤᠪᠢᠯᠠᠢ ᠬᠠᠭᠠᠨ ᠴᠤ ᠶᠠᠫᠤᠨ ᠢ ᠡᠷᠬᠡᠰᠢᠶᠠᠭᠦ ᠪᠤᠳᠤᠯᠭ᠎ᠠ ᠪᠠᠨ ᠵᠤᠭᠰᠤᠭᠠᠵᠡᠢ᠃     ᠬᠤᠪᠢᠯᠠᠢ ᠬᠠᠭᠠᠨ ᠡᠪᠡᠳᠴᠢᠨ ᠢᠶᠠᠷ ᠨᠠᠰᠤᠨ ᠦᠬᠡᠳᠡ ᠪᠤᠯᠬᠤ ᠳᠤ᠂ ᠸᠠᠩ ᠴᠧᠨ ᠬᠠᠭᠠᠨ ᠬᠠᠳᠤᠨ ᠲᠠᠢ ᠪᠠᠨ ᠢᠷᠠᠵᠤ ᠲᠠᠬᠢᠯᠭ᠎ᠠ ᠲᠠᠯᠪᠢᠵᠡᠢ᠃ ᠲᠤᠬᠠᠢ ᠶᠢᠨ ᠵᠢᠯ ᠤᠨ 4 ᠰᠠᠷ᠎ᠠ ᠳᠤ ᠲᠡᠮᠤᠷ ᠬᠠᠭᠠᠨ ᠤ ᠲᠠᠬᠢᠯᠭ᠎ᠠ ᠶᠢᠨ ᠶᠤᠰᠤᠯᠠᠯ ᠳᠤ ᠴᠤ ᠤᠷᠤᠯᠴᠠᠵᠡᠢ᠃ ᠸᠠᠩ ᠴᠧᠨ ᠬᠠᠭᠠᠨ ᠠᠯᠳᠠᠨ ᠯᠤᠩᠬᠤ᠂ ᠢᠷᠪᠢᠰ ᠤᠨ ᠠᠷᠠᠰᠤ᠂ ᠤᠰᠤᠨ ᠤ ᠠᠮᠢᠳᠠᠨ ᠤ ᠠᠷᠠᠰᠤ ᠶᠢ ᠪᠡᠯᠡᠭ ᠪᠤᠯᠭᠠᠨ ᠠᠪᠴᠢᠷᠠᠵᠡᠢ᠃ ᠲᠡᠮᠤᠷ ᠬᠠᠭᠠᠨ ᠬᠠᠷᠢᠭᠤ ᠳᠤᠨᠢ 3 ᠲᠦᠮᠠᠨ ᠯᠠᠩ ᠴᠠᠭᠠᠨ ᠮᠦᠩᠭᠦ ᠪᠡᠯᠡᠭᠯᠡᠵᠡᠢ᠃ ᠰᠡᠭᠦᠯᠡᠷ ᠨᠢ ᠸᠠᠩ ᠴᠧᠨ ᠬᠠᠭᠠᠨ ᠱᠠᠩᠳᠣ ᠬᠤᠳᠠᠨ ᠳᠤ ᠢᠷᠠᠭᠦ ᠳᠡᠭᠡᠨ ᠬᠠᠭᠠᠨ ᠬᠠᠳᠤᠨ ᠳᠤ ᠶᠤᠰᠤᠯᠠᠯ ᠤᠨ᠂ ᠪᠦᠵᠢᠭ ᠤᠨ ᠬᠤᠪᠴᠠᠰᠤ ᠠᠪᠴᠢᠷᠠᠵᠤ ᠦᠭᠭᠦᠬᠡᠳ ᠮᠠᠰᠢ ᠲᠠᠭᠠᠰᠢᠶᠠᠭᠳᠠᠵᠡᠢ᠃
                                  ᠭᠠᠤᠯᠢ ᠬᠥᠮᠥᠨ ᠤ ᠵᠢᠷᠤᠭ     ᠫᠧᠷᠰ᠂ ᠪᠢᠷᠮᠨ᠂ ᠡᠨᠡᠳᠬᠡᠭ᠂ ᠨᠧᠫᠠᠯ ᠤᠨ ᠡᠯᠴᠢᠳ     ᠶᠤᠸᠠᠨ ᠤ ᠲᠡᠭᠡᠳᠤ ᠨᠡᠶᠢᠰᠯᠠᠯ ᠳᠤ ᠶᠤᠸᠠᠨ ᠤᠯᠤᠰ ᠤᠨ ᠲᠡᠭᠡᠳᠤ ᠨᠠᠶᠢᠰᠯᠠᠯ ᠳᠤ ᠢᠷᠡᠭᠰᠡᠨ ᠤᠯᠠᠨ ᠡᠯᠴᠢᠳ ᠤᠨ ᠲᠤᠳᠤᠷ᠎ᠠ ᠠᠴᠠ ᠵᠠᠪᠠᠯ ᠲᠤᠷᠠᠳᠬᠤ ᠶᠣᠰᠣᠲᠠᠢ ᠨᠢᠬᠡᠨ ᠡᠯᠴᠢ ᠪᠤᠯ ᠫᠧᠷᠰ ᠤᠯᠤᠰ ᠤᠨ ᠤᠳᠤᠨ ᠤᠷᠤᠨ ᠤ ᠰᠤᠳᠤᠯᠭᠠᠳᠠᠨ ᠵᠠᠮᠠᠯ ᠠᠯ ᠳ᠋ᠢᠨ ᠶᠤᠮ᠃ ᠲᠡᠷᠨ ᠦᠪᠡᠷ ᠤᠨ ᠪᠢᠴᠢᠭᠰᠡᠨ ︽ᠴᠠᠭ ᠲᠤᠭᠠᠯᠠᠯ ᠤᠨ ᠪᠢᠴᠢᠭ︾ ᠢᠶᠠᠨ ᠬᠤᠪᠢᠯᠠᠢ ᠬᠠᠭᠠᠨ ᠳᠤ ᠡᠷᠭᠦᠭᠰᠡᠨ ᠠᠴᠠ ᠠᠽᠢᠶ᠎ᠠ ᠲᠢᠪ ᠲᠤ ᠶᠡᠬᠡᠪᠡᠷ ᠤᠯᠠᠮᠵᠢᠯᠠᠭᠳᠠᠵᠡᠢ᠃ ᠬᠤᠪᠢᠯᠠᠢ ᠬᠠᠭᠠᠨ ᠤ ᠵᠠᠷᠯᠢᠭ ᠵᠢᠭᠠᠪᠤᠷᠢ ᠪᠠᠷ ᠵᠠᠮᠠᠯ ᠠᠯ ᠳ᠋ᠢᠨ 7 ᠵᠦᠢᠯ ᠤᠨ ᠠᠷᠠᠪ ᠮᠠᠶ᠋ᠢᠭ ᠤᠨ ᠰᠠᠨᠰᠠᠷ ᠤᠨ ᠰᠤᠳᠤᠯᠭᠠᠨ ᠤ ᠪᠠᠭᠠᠵᠢ ᠶᠢ ᠡᠭᠦᠳᠤᠨ ᠪᠦᠳᠤᠬᠡᠵᠡᠢ᠃    1271 ᠣᠨ ᠳᠤ᠂ ᠬᠤᠪᠢᠯᠠᠢ ᠬᠠᠭᠠᠨ ᠤ ᠱᠠᠩᠳᠤ ᠬᠤᠳᠠᠨ ᠳᠤ ᠶᠤᠸᠠᠨ ᠤᠯᠤᠰ ᠤᠨ ᠤᠳᠤᠨ ᠤᠷᠤᠨ ᠤ ᠰᠤᠳᠤᠯᠭᠠᠨ ᠤ ᠭᠠᠵᠡᠷ ᠢ ᠪᠠᠶᠢᠭᠤᠯᠵᠤ᠂ ᠵᠠᠮᠠᠯ ᠠᠯ ᠳ᠋ᠢᠨ ᠢᠶᠠᠷ ᠬᠠᠮᠢᠶᠠᠷᠤᠭᠤᠯᠵᠡᠢ᠃ ᠵᠠᠮᠠᠯ ᠠᠯ ᠳ᠋ᠢᠨ ᠰᠠᠨᠰᠠᠷ ᠤᠨ ᠰᠤᠳᠤᠯᠭᠠᠨ ᠤ ᠪᠠᠭᠠᠵᠢ ᠪᠠᠨ ᠠᠳᠡ ᠬᠡᠷᠡᠭᠯᠡᠵᠤ ᠡᠬᠢᠯᠡᠵᠡᠢ᠃    1300 ᠤᠨ ᠤ ᠵᠣᠨ᠂ ᠨᠧᠫᠠᠯ ᠤᠯᠤᠰ ᠤᠨ 90 ᠭᠠᠷᠤᠢ ᠡᠯᠴᠢᠳ ᠢ ᠭᠦᠯᠢᠶᠠᠨ ᠠᠪᠴᠡᠢ᠃ ᠡᠨᠡᠳᠬᠡᠭ ᠤᠯᠤᠰ ᠲᠠᠢ ᠴᠤ ᠮᠠᠰᠢ ᠨᠢᠭᠳᠠ ᠬᠠᠷᠢᠯᠴᠠᠭ᠎ᠠ ᠲᠠᠢ ᠪᠠᠶᠢᠵᠡᠢ᠃ ︽ᠶᠤᠸᠠᠨ ᠤᠯᠤᠰ ᠤᠨ ᠲᠡᠤᠬᠡ︾ ᠬᠡᠰᠡᠨ ᠨᠤᠮ ᠳᠤ ᠂ ᠡᠨᠡᠳᠬᠡᠭ᠂ ᠶᠤᠸᠠᠨ ᠬᠤᠶᠠᠷ ᠤᠯᠤᠰ ᠠᠷᠪᠠᠭᠠᠳ ᠤᠳᠠᠭ᠎ᠠ ᠬᠠᠷᠢᠯᠴᠠᠨ ᠡᠯᠴᠢ ᠲᠤᠮᠢᠯᠠᠵᠡᠢ ᠬᠡᠵᠤ ᠲᠡᠮᠳᠡᠭᠯᠡᠵᠡᠢ᠃ ᠨᠧᠫᠠᠯ ᠤᠯᠤᠰ ᠤᠨ ᠤᠷᠠᠴᠢᠨ ᠠᠨᠢᠺᠠ ᠶᠤᠸᠠᠨ ᠤᠯᠤᠰ ᠤᠨ ᠡᠬᠢᠨ ᠦᠶ᠎ᠠ ᠪᠠᠷ ᠱᠠᠩᠳᠤ ᠬᠤᠳᠠ ᠳᠤ ᠢᠷᠠᠵᠤ᠂ ᠵᠢᠷᠤᠭ᠂ ᠪᠠᠷᠢᠮᠠᠯ ᠱᠤᠭᠤᠮᠠᠯ᠂ ᠨᠠᠷᠢᠯᠢᠭ ᠭᠠᠷ ᠤᠷᠠᠯᠠᠯ ᠤᠨ ᠵᠦᠢᠯ᠂ ᠪᠠᠷᠢᠯᠭ᠎ᠠ ᠶᠢ ᠭᠤᠶᠢᠳᠠ ᠰᠠᠶᠢᠬᠠᠨ ᠤᠷᠠᠯᠠᠨ ᠪᠦᠳᠤᠬᠡᠵᠤ ᠪᠠᠶᠢᠵᠡᠢ᠃
                      ᠵᠠᠮᠠᠯ ᠠᠯ ᠳ᠋ᠢᠨ ᠤ ᠱᠤᠭᠤᠮᠠᠯ
                     ᠠᠨᠢᠺᠠ ᠶᠢᠨ ᠱᠤᠭᠤᠮᠠᠯ       ︵2008 ᠤᠨ ᠤ 10 ᠳ᠋ᠤᠭᠠᠷ ︽ᠭᠦᠮᠤᠨ ᠰᠤᠶᠤᠯ ᠭᠠᠵᠡᠷ ᠵᠦᠢ︾ ᠰᠡᠳᠭᠦᠯ ᠠᠴᠠ ᠡ᠊ · ᠤᠷᠬᠢᠯ ᠤᠷᠴᠢᠭᠤᠯᠪᠡ︶
 
ᠢᠷᠡᠯᠲᠡ᠄ ᠤᠯᠠᠭᠠᠴᠢ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号