ᠮᠤᠩᠭᠤᠯᠴᠤᠳ ᠤᠨ ᠪᠠᠷᠠᠭᠤᠨ ᠢ ᠡᠷᠬᠢᠮᠯᠡᠬᠦ ᠵᠠᠩ ᠦᠢᠯᠡ ᠶᠢᠨ ᠳᠤᠬᠠᠢ ᠠᠵᠢᠭᠯᠠᠯᠲᠠ
ᠨᠡᠶᠢᠲᠡᠯᠡᠭᠰᠡᠨ ᠴᠠᠭ᠄
2016/8/2
                             ᠵᠣᠬᠢᠶᠠᠭᠴᠢ᠄ ᠵᠤᠷᠢᠭᠲᠤ      ᠮᠤᠩᠭᠤᠯᠴᠤᠳ ᠪᠤᠯ ᠲᠡᠯᠡᠬᠡᠢ ᠶᠢᠨ ᠮᠠᠰᠢ ᠠᠷᠪᠢᠨ ᠤᠯᠤᠰ ᠥᠨᠳᠤᠰᠤᠳᠡᠨ ᠲᠠᠢ ᠠᠳᠠᠯᠢ ᠪᠠᠷ ᠪᠠᠷᠠᠭᠤᠨ ᠢ ᠡᠷᠬᠢᠮᠯᠡᠳᠡᠭ᠃ ᠬᠡᠪᠡᠴᠤ ᠮᠤᠩᠭᠤᠯ ᠥᠨᠳᠤᠰᠤᠳᠡᠨ ᠤ ᠪᠠᠷᠠᠭᠤᠨ ᠢ ᠡᠷᠬᠢᠮᠯᠡᠬᠦ ᠵᠠᠩ ᠤᠢᠢᠯᠡ ᠶᠢ ᠪᠤᠰᠤᠳ ᠤᠯᠤᠰ ᠥᠨᠳᠤᠰᠤᠳᠡᠨ ᠤ ᠪᠠᠷᠠᠭᠤᠨ ᠢ ᠡᠷᠬᠢᠮᠯᠡᠬᠦ ᠥᠢᠯᠠ ᠶᠠᠪᠤᠳᠠᠯ ᠲᠠᠢ ᠬᠠᠷᠢᠴᠠᠭᠤᠯᠵᠦ ᠥᠵᠡᠪᠡᠯ ᠪᠠᠰᠠ ᠠᠳᠠᠯᠢ ᠥᠬᠡᠢ ᠲᠠᠯ ᠎ᠠ ᠪᠠᠶᠢᠳᠠᠭ᠃ ᠪᠤᠰᠤᠳ ᠤᠯᠤᠰ ᠥᠨᠳᠤᠰᠤᠳᠡᠨ ᠪᠤᠯ ᠪᠠᠷᠠᠭᠤᠨ ᠭᠠᠷ ᠢ ᠴᠢᠬᠤᠯᠠᠴᠢᠯᠠᠵᠦ᠂ ᠪᠠᠷᠠᠭᠤᠨ ᠲᠠᠯ ᠎ᠠ ᠶᠢ ᠡᠷᠬᠢᠮᠯᠡᠳᠡᠭ ᠠᠴᠠ ᠪᠠᠷᠠᠭᠤᠨ ᠵᠥᠭ ᠢ ᠲᠡᠭᠡᠳᠤᠯᠡᠳᠡᠭ ᠥᠬᠡᠢ᠂ ᠡᠨᠡ ᠲᠠᠯ ᠎ᠠ ᠪᠠᠷ ᠢᠶᠠᠨ ᠵᠥᠷᠢᠶᠡᠨ ᠲᠠᠢ ᠪᠠᠶᠢᠨ᠎ᠠ᠃ ᠬᠡᠳᠡᠯ ᠎ᠠ ᠮᠤᠩᠭᠤᠯᠴᠤᠳ ᠬᠠᠷᠢᠨ ᠪᠠᠷᠠᠭᠤᠨ ᠭᠠᠷ ᠢ ᠴᠢᠬᠤᠯᠠᠴᠢᠯᠠᠵᠦ᠂ ᠪᠠᠷᠠᠭᠤᠨ ᠲᠠᠯ ᠎ᠠ ᠶᠢ ᠡᠷᠬᠢᠮᠯᠡᠳᠡᠭ ᠢᠶᠠᠷ ᠪᠠᠷᠠᠬᠤ ᠥᠬᠡᠢ ᠪᠠᠰᠠ ᠪᠠᠷᠠᠭᠤᠨ ᠵᠥᠭ ᠢ ᠲᠡᠭᠡᠳᠤᠯᠡᠳᠡᠭ ᠪᠠᠶᠢᠨ᠎ᠠ᠃     ᠮᠤᠩᠭᠤᠯᠴᠤᠳ ᠤᠨ ᠪᠠᠷᠠᠭᠤᠨ ᠵᠥᠭ ᠢ ᠡᠷᠬᠢᠮᠯᠡᠬᠦ ᠵᠠᠩ ᠤᠢᠢᠯᠡ ᠨᠢ ᠴᠢᠩᠭᠢᠰ ᠬᠠᠭᠠᠨ ᠤ ᠦᠶ ᠎ᠡ‌ᠡᠴᠠ ᠡᠬᠢᠯᠡᠯ ᠎ᠡ ᠬᠡᠵᠦ ᠬᠡᠯᠡᠵᠦ ᠪᠤᠯᠬᠤ ᠪᠤᠯᠪᠠᠴᠤ ᠶᠠᠭᠤᠨ ᠤ ᠤᠴᠢᠷ ᠠᠴᠠ ᠪᠠᠷᠠᠭᠤᠨ ᠢ ᠡᠷᠬᠢᠮᠯᠡᠳᠡᠭ ᠶᠤᠰᠤ ᠭᠤᠷᠢᠮ ᠢ ᠬᠡᠯᠡᠬᠦ ᠳᠤ ᠶᠡᠭᠡ ᠯᠠ ᠲᠥᠪᠡᠭᠳᠠᠢ ᠰᠠᠨᠠᠭᠳᠠᠨ᠎ᠠ᠃ ᠤᠨᠤᠪᠴᠢᠳᠠᠢ ᠬᠠᠷᠢᠭᠤᠯᠳᠠ ᠥᠭᠬᠦ ᠳᠤ ᠬᠡᠷᠡᠴᠢ ᠪᠠᠷᠢᠮᠳᠠ ᠲᠦᠢᠯ ᠤᠨ ᠬᠤᠮᠰᠠ ᠪᠠᠶᠢᠭ᠎ᠠ᠃ ᠪᠤᠳᠤᠬᠤ ᠳᠤ ᠮᠤᠩᠭᠤᠯᠴᠤᠳ ᠤᠨ ᠡᠬᠡ ᠨᠤᠳᠤᠭ ᠪᠠᠷᠠᠭᠤᠨ ᠬᠤᠶᠢᠳᠤ ᠵᠥᠭ ᠲᠤ ᠪᠠᠶᠢᠳᠠᠭ ᠪᠤᠯᠬᠤᠷ ᠡᠬᠡ ᠨᠤᠳᠤᠭ ᠢᠶᠠᠨ ᠰᠠᠨᠠᠨ ᠲᠤᠷᠠᠰᠬᠤ ᠡᠭᠦᠳᠡᠨ ᠠᠴᠠ ᠪᠠᠷᠠᠭᠤᠨ ᠢ ᠡᠷᠬᠢᠮᠯᠡᠳᠡᠭ ᠪᠤᠯᠤᠭᠰᠠᠨ ᠪᠤᠯᠪᠠ ᠦᠦ︖ ᠡᠰᠡᠬᠦᠯ ᠎ᠡ ᠴᠢᠩᠭᠢᠰ ᠬᠠᠭᠠᠨ ᠮᠡᠨᠳᠤᠯᠡᠬᠦ ᠳᠤ ᠪᠠᠨ ᠪᠠᠷᠠᠭᠤᠨ ᠭᠠᠷ ᠲᠤ ᠪᠠᠨ ᠨᠥᠵᠢ ᠠᠳᠬᠤᠵᠦ ᠭᠠᠷᠴᠤ ᠢᠷᠡᠭᠰᠡᠨ ᠲᠠᠢ ᠬᠤᠯᠪᠤᠭᠠᠳᠠᠢ ᠶᠤᠮ ᠦᠦ︖ ᠬᠡᠮᠡᠨ ᠪᠤᠳᠤᠭᠳᠠᠭᠤᠯᠤᠨ᠎ᠠ᠃ ᠡᠨᠡ ᠲᠤᠬᠠᠢ ︽ᠰᠤᠳᠤᠷ ᠤᠨ ᠴᠢᠭᠤᠯᠭᠠᠨ︾᠎ ᠳᠤ ︽ᠴᠢᠩᠭᠢᠰ ᠬᠠᠭᠠᠨ ᠡᠬᠡ ᠠᠴᠠ ᠪᠠᠨ ᠲᠥᠷᠥᠬᠦ ᠳᠤ ᠪᠠᠨ ᠬᠠᠳᠠᠭᠰᠠᠨ ᠡᠯᠢᠬᠡ ᠲᠠᠢ ᠲᠥᠰᠦᠭᠡᠳᠠᠢ ᠨᠥᠵᠢ ᠪᠠᠷᠠᠭᠤᠨ ᠭᠠᠷ ᠲᠤ ᠪᠠᠨ ᠠᠳᠬᠤᠭᠰᠠᠨ ᠪᠠᠶᠢᠵᠠᠢ︾ ᠬᠡᠵᠠᠢ᠃ ᠮᠤᠩᠭᠤᠯᠴᠤᠳ ᠤᠨ ᠪᠠᠷᠠᠭᠤᠨ ᠢ ᠡᠷᠬᠢᠮᠯᠡᠬᠦ ᠶᠤᠰᠤ ᠢᠳᠡᠭ ᠢᠳᠡᠭ ᠢᠶᠠᠷ ᠲᠥᠷᠢᠮ ᠭᠤᠷᠢᠮ ᠪᠤᠯᠵᠦ᠂ ᠬᠥᠮᠥᠨ ᠪᠥᠬᠦᠨ ᠵᠠᠪᠠᠯ ᠢᠡᠭᠭᠢᠵᠦ ᠬᠢᠬᠦ ᠵᠠᠩ ᠤᠢᠢᠯᠠ ᠪᠤᠯᠤᠭᠰᠠᠨ ᠪᠠᠶᠢᠨ᠎ᠠ᠃ ᠬᠡᠷᠪᠡ ᠶᠠᠮᠠᠷ ᠨᠢᠬᠡᠨ ᠬᠥᠮᠤᠨ ᠡᠨᠡ ᠬᠦ ᠵᠠᠩ ᠤᠢᠢᠯᠠ ᠶᠢ ᠬᠥᠢᠴᠡᠳᠬᠡᠬᠦ ᠥᠬᠡᠢ ᠳᠤ ᠬᠥᠷᠪᠡᠯ ᠶᠤᠰᠤ ᠮᠡᠳᠡᠬᠦ ᠥᠬᠡᠢ ᠶᠤᠷᠤᠭ ᠲᠠᠨᠢᠬᠤ ᠥᠬᠡᠢ ᠬᠥᠮᠥᠨ ᠢᠶᠠᠷ ᠥᠵᠡᠳᠡᠭ᠃ ᠡᠶᠢᠮᠦ ᠠᠴᠠ ᠮᠤᠩᠭᠤᠯᠴᠤᠳ ᠬᠡᠤᠬᠡᠳ ᠪᠠᠭᠠᠴᠤᠳ ᠢᠶᠠᠨ ᠬᠠᠷᠠᠬᠠᠨ ᠪᠠᠭ᠎ᠠ ᠠᠴᠠ ᠪᠠᠨ ᠬᠥᠳᠤᠯᠤᠨ ᠵᠢᠯᠤᠭᠤᠳᠴᠤ ᠴᠢᠩᠭ᠎ᠠ ᠲᠤᠳᠤᠮᠳᠠᠨ᠂ ᠡᠨᠡ ᠬᠦ ᠵᠠᠩ ᠤᠢᠢᠯᠠ ᠶᠢ ᠲᠠᠨᠢᠨ ᠮᠡᠳᠡᠬᠦᠯᠵᠦ᠂ ᠴᠢᠩᠳᠠᠯᠠᠨ ᠰᠠᠬᠢᠭᠤᠯᠵᠦ᠂ ᠤᠰᠤᠯ ᠪᠤᠷᠤᠭᠤ ᠭᠠᠷᠭᠠᠬᠤ ᠥᠬᠡᠢ ᠪᠠᠶᠢᠬᠤ ᠶᠢ ᠲᠦᠢᠯ ᠢᠶᠠᠷ ᠬᠢᠴᠢᠶᠡᠳᠡᠭ᠃     ᠮᠤᠩᠭᠤᠯᠴᠤᠳ ᠪᠠᠷᠠᠭᠤᠨ ᠢ ᠡᠷᠬᠢᠮᠯᠡᠳᠡᠭ ᠠᠴᠠ ᠪᠠᠷᠠᠭᠤᠨ ᠭᠠᠷ ᠢᠶᠠᠷ ᠴᠠᠢ ᠪᠤᠳᠠᠭ᠎ᠠ ᠠᠶᠠᠭᠠᠯᠠᠵᠦ᠂ ᠪᠠᠷᠠᠭᠤᠨ ᠲᠠᠯ ᠎ᠠ ᠳᠤ ᠰᠠᠭᠤᠳᠠᠯ ᠲᠤᠬᠢᠷᠠᠭᠤᠯᠵᠦ ᠪᠠᠶᠢᠭ᠎ᠠ ᠨᠢ ᠪᠤᠰᠤᠳ ᠬᠥᠮᠥᠰ ᠢ ᠲᠦᠢᠯ ᠢᠶᠠᠷ ᠬᠥᠨᠳᠤᠳᠬᠡᠵᠦ ᠪᠠᠶᠢᠭ᠎ᠠ ᠰᠡᠳᠬᠢᠯᠬᠡ ᠪᠠᠨ ᠢᠯᠡᠳᠬᠡᠵᠦ ᠪᠠᠶᠢᠭ᠎ᠠ ᠶᠢᠨ ᠢᠯᠡᠷᠡᠯ ᠪᠤᠯᠤᠨ᠎ᠠ᠃ ᠪᠠᠷᠠᠭᠤᠨ ᠢ ᠡᠷᠬᠢᠮᠯᠡᠬᠦ ᠵᠠᠩ ᠤᠢᠢᠯᠠ ᠨᠢ ᠭᠠᠳᠠᠭᠠᠳᠤ ᠲᠤᠳᠤᠭᠠᠳᠤ ᠶᠢᠨ ᠲᠡᠤᠬᠡᠨ ᠨᠤᠮ ᠪᠢᠴᠢᠭ ᠲᠤ ᠲᠡᠮᠳᠡᠭᠯᠡᠯ ᠲᠠᠢ ᠪᠠᠶᠢᠬᠤ ᠪᠠᠷ ᠪᠠᠷᠠᠬᠤ ᠥᠬᠡᠢ᠂ ᠤᠳᠤᠬᠠᠨ ᠤ ᠪᠤᠳᠠᠳᠤ ᠠᠮᠢᠳᠤᠷᠠᠯ ᠤᠨ ᠲᠤᠮᠳᠠ ᠴᠤ ᠥᠷᠬᠦᠯᠵᠢ ᠬᠠᠷᠠᠭᠳᠠᠳᠠᠭ ᠪᠠᠶᠢᠨ᠎ᠠ᠃ ᠬᠡᠳᠡᠯ ᠎ᠠ ᠮᠤᠩᠭᠤᠯᠴᠤᠳ ᠤᠨ ᠵᠡᠬᠦᠨ ᠢ ᠮᠠᠭᠤᠯᠠᠳᠠᠭ ᠬᠡᠯᠡᠯᠬᠡ ᠪᠠᠶᠢᠳᠠᠭ ᠪᠤᠯᠪᠠᠴᠤ ᠪᠤᠳᠠᠳᠤ ᠠᠮᠢᠳᠤᠷᠠᠯ ᠤᠨ ᠲᠤᠮᠳᠠ ᠵᠡᠬᠦᠨ ᠢ ᠮᠠᠭᠤᠯᠠᠭᠰᠠᠨ ᠤᠢᠢᠯᠡ ᠬᠥᠳᠠᠯᠤᠯ ᠬᠠᠷᠢᠨ ᠲᠤᠩ ᠴᠥᠬᠡᠨ ᠰᠢᠭ ᠬᠠᠷᠠᠭᠳᠠᠨ᠎ᠠ᠃ ᠪᠠᠶᠢᠨ᠎ᠠ ᠬᠡᠪᠡᠯ ᠮᠤᠩᠭᠤᠯᠴᠤᠳ ᠤᠨ ᠬᠤᠭ ᠯᠠᠭ᠂ ᠥᠨᠡᠰᠤ ᠪᠠᠨ ᠵᠡᠬᠦᠨ ᠵᠥᠭ ᠲᠤ ᠠᠰᠬᠠᠳᠠᠭ ᠡᠨᠡ ᠨᠢᠬᠡ ᠯᠠ ᠵᠢᠱᠢᠶ ᠎ᠠ ᠪᠠᠶᠢᠨ᠎ᠠ ᠬᠡᠵᠦ ᠥᠵᠡᠨ᠎ᠡ᠃ ᠡᠨᠠ ᠶᠠᠪᠤᠳᠠᠯ ᠠᠴᠠ ᠥᠵᠡᠬᠦ ᠳᠤ ᠮᠤᠩᠭᠤᠯᠴᠤᠳ ᠤᠨ ᠪᠠᠷᠠᠭᠤᠨ ᠢ ᠡᠷᠬᠢᠮᠯᠡᠵᠦ ᠵᠡᠬᠦᠨ ᠢ ᠡᠷᠬᠢᠮᠯᠡᠳᠡᠭ ᠥᠬᠡᠢ ᠵᠠᠩ ᠤᠢᠢᠯᠠ ᠨᠢ ᠬᠠᠷᠢᠨ ᠬᠠᠷᠢᠴᠠᠩᠭᠤᠢ ᠬᠡᠯᠡᠯᠬᠡ ᠪᠠᠶᠢᠵᠦ ᠬᠠᠷᠢᠴᠠᠯᠠᠰᠢ ᠥᠬᠡᠢ ᠶᠠᠭᠤᠮ᠎ᠠ ᠪᠢᠰᠢ᠃ ᠮᠤᠩᠭᠤᠯᠴᠤᠳ ᠵᠡᠬᠦᠨ ᠢ ᠡᠷᠬᠢᠮᠯᠡᠳᠡᠭ ᠥᠬᠡᠢ ᠬᠡᠳᠡᠭ ᠪᠤᠯᠪᠠᠴᠤ ᠮᠠᠯ ᠤᠨᠤᠭᠠᠨ ᠲᠡᠭᠡᠷ ᠎ᠡ ᠬᠡᠯᠡᠯᠴᠡᠭᠰᠡᠭᠡᠷ ᠬᠠᠷᠢᠨ ᠲᠡᠬᠦᠨ ᠢ ᠵᠥᠪ ᠲᠠᠯ ᠎ᠠ ᠬᠡᠳᠡᠭ᠃ ᠨᠠᠭᠠᠳᠤᠮ ᠲᠤᠭᠯᠠᠭᠠᠮ ᠲᠡᠭᠡᠷ ᠎ᠡ ᠵᠡᠬᠦᠨ ᠢ ᠪᠤᠷᠤᠭᠤ ᠲᠠᠯ ᠎ᠠ ᠬᠡᠵᠦ ᠬᠡᠯᠡᠳᠡᠭ᠃ ᠲᠤᠤᠷ ᠎ᠠ ᠪᠢᠳᠡ ᠮᠤᠩᠭᠤᠯᠴᠤᠳ ᠤᠨ ᠪᠠᠷᠠᠭᠤᠨ ᠢ ᠡᠷᠬᠢᠮᠯᠡᠳᠡᠭ ᠵᠠᠩ ᠤᠢᠢᠯᠡ ᠶᠢᠨ ᠲᠤᠬᠠᠢ ᠭᠠᠳᠠᠠᠭᠠᠳᠤ ᠲᠤᠳᠤᠭᠠᠳᠤ ᠶᠢᠨ ᠲᠡᠤᠬᠡᠨ ᠨᠤᠮ ᠪᠢᠴᠢᠭ ᠲᠤ ᠬᠡᠷᠬᠢᠨ ᠲᠡᠮᠳᠡᠭᠯᠡᠵᠦ ᠪᠠᠶᠢᠭ᠎ᠠ ᠬᠢᠬᠡᠳ ᠤᠳᠤᠬᠠᠨ ᠤ ᠪᠤᠳᠠᠳᠤ ᠠᠮᠢᠳᠤᠷᠠᠯ ᠲᠤᠮᠳᠠ ᠬᠡᠷᠬᠢᠨ ᠵᠢᠷᠤᠮᠯᠠᠨ ᠬᠢᠵᠦ ᠪᠠᠶᠢᠭ᠎ᠠ ᠶᠢ ᠥᠵᠡᠶ ᠎ᠡ᠃     ᠪᠠᠷᠠᠭᠤᠨ ᠭᠠᠷ ᠢ ᠴᠢᠬᠤᠯᠠᠴᠢᠯᠠᠬᠤ ᠲᠠᠯ ᠎ᠠ ᠪᠠᠷ ︽ᠮᠤᠩᠭᠤᠯ ᠤᠨ ᠲᠡᠤᠬᠡᠨ ᠲᠡᠮᠳᠡᠭᠯᠡᠯ︾᠎ ᠳᠤ ︽ᠮᠤᠩᠭᠤᠯᠴᠤᠳ ᠪᠤᠯ ᠪᠠᠷᠠᠭᠤᠨ ᠭᠠᠷ ᠢ ᠬᠥᠨᠳᠤᠳᠬᠡᠨ ᠥᠵᠡᠵᠦ᠂ ᠵᠡᠬᠦᠨ ᠭᠠᠷ ᠢ ᠤᠢᠢᠰᠢᠶᠠᠳᠠᠭ ᠥᠬᠡᠢ ᠪᠤᠯᠬᠤ ᠠᠴᠠ ᠡᠨᠡ ᠤᠳᠠᠭ᠎ᠠ ᠶᠢᠨ ᠲᠠᠶᠢᠯᠠᠯᠳᠤᠭᠠᠨ ᠳᠤ ᠵᠡᠬᠦᠨ ᠭᠠᠷ ᠲᠠᠬᠢ ᠬᠤᠶᠠᠷ ᠡᠳᠡᠬᠡᠳ ᠴᠡᠷᠢᠭ ᠴᠥᠮ ᠢᠯᠠᠭᠳᠠᠯ ᠳᠤ ᠤᠴᠠᠷᠠᠪᠠ︾ ᠭᠡᠵᠠᠢ᠃ ᠡᠬᠦᠨ ᠠᠴᠠ ᠪᠢᠳᠠ ᠪᠠᠷᠠᠭᠤᠨ ᠭᠠᠷ ᠢ ᠴᠢᠬᠤᠯᠠ ᠳᠤ ᠥᠵᠡᠵᠤ ᠪᠠᠶᠢᠭᠰᠠᠨ ᠢ ᠮᠡᠳᠡᠵᠦ ᠪᠤᠯᠤᠨ᠎ᠠ᠃ ᠡᠶᠢᠮᠦ ᠠᠴᠠ ᠮᠤᠩᠭᠤᠯᠴᠤᠳ ᠵᠠᠩᠵᠤᠨ ᠲᠥᠰᠢᠮᠡᠯ ᠲᠤᠮᠢᠯᠠᠬᠤ ᠳᠤ ᠪᠠᠨ ᠪᠠᠭᠠᠳᠤᠷ ᠴᠢᠳᠠᠯᠳᠠᠢ ᠶᠢ ᠪᠠᠷᠠᠭᠤᠨ ᠭᠠᠷ ᠲᠠᠯ ᠎ᠠ ᠳᠤ ᠲᠤᠬᠢᠷᠠᠭᠤᠯᠳᠠᠭ᠃ ᠬᠠᠭᠠᠳ ᠨᠤᠶᠠᠳ ᠰᠠᠭᠤᠳᠠᠯ ᠳᠤ ᠰᠠᠭᠤᠬᠤ ᠳᠤ ᠪᠠᠨ ᠵᠠᠩᠵᠤᠨ ᠨᠤᠶᠠᠳ ᠪᠠᠷᠠᠭᠤᠨ ᠭᠠᠷ ᠲᠤᠤᠷ ᠎ᠠ ᠰᠠᠭᠤᠵᠦ᠂ ᠬᠠᠳᠤᠨ ᠠᠪᠠᠭ᠋ᠠᠢ ᠵᠡᠬᠦᠨ ᠭᠠᠷ ᠤᠨ ᠲᠤᠤᠷ ᠎ᠠ ᠰᠠᠭᠤᠳᠠᠭ᠃ ᠮᠤᠩᠭᠤᠯᠴᠤᠳ ᠪᠢᠷ ᠬᠢᠬᠡᠳ ᠰᠠᠪᠬ᠎ᠠ ᠪᠠᠨ ᠪᠠᠷᠠᠭᠤᠨ ᠭᠠᠷ ᠲᠤ ᠪᠠᠨ ᠪᠠᠷᠢᠳᠠᠭ᠂ ᠵᠡᠬᠦᠨ ᠭᠠᠷ ᠲᠤ ᠪᠠᠨ ᠪᠠᠷᠢᠪᠠᠯ ᠰᠤᠯᠤᠭᠠᠢ ᠬᠡᠵᠦ ᠬᠡᠯᠡᠳᠡᠭ᠃ ᠬᠠᠳᠠᠭ ᠬᠥᠬᠦᠷ ᠢᠶᠠᠨ ᠪᠠᠷᠠᠭᠤᠨ ᠭᠠᠷ ᠢᠶᠠᠷ ᠢᠶᠠᠨ ᠭᠥᠴᠥᠯᠡᠵᠦ ᠰᠤᠯᠢᠯᠴᠠᠳᠠᠭ᠃ ᠴᠠᠭᠠᠨ ᠢᠳᠡᠭᠡ ᠪᠠᠨ ᠪᠠᠷᠠᠭᠤᠨ ᠭᠠᠷ ᠤᠨ ᠢᠳᠠᠮ ᠬᠤᠷᠤᠭᠤ ᠪᠠᠷ ᠠᠮᠰᠠᠳᠠᠭ᠃ ᠴᠠᠢ ᠪᠤᠳᠠᠭ᠎ᠠ ᠠᠶᠠᠭᠠᠯᠠᠵᠦ᠂ ᠠᠷᠢᠬᠢ ᠬᠡᠮᠨᠡᠬᠦ ᠳᠤ ᠪᠠᠨ ᠪᠥᠷ ᠵᠡᠬᠦᠨ ᠭᠠᠷ ᠢᠶᠠᠷ ᠢᠶᠠᠨ ᠬᠢᠬᠡᠳ ᠪᠠᠷᠠᠭᠤᠨ ᠭᠠᠷ ᠢᠶᠠᠷ ᠢᠶᠠᠨ ᠲᠠᠮᠵᠢᠭᠤᠯᠤᠨ ᠪᠠᠷᠢᠨ᠎ᠠ᠃ ᠬᠡᠷᠪᠡ ᠵᠡᠬᠦᠨ ᠭᠠᠷ ᠢᠶᠠᠷ ᠢᠶᠠᠨ ᠴᠠᠢ ᠪᠤᠳᠠᠭ᠎ᠠ ᠠᠶᠠᠭᠠᠯᠠᠬᠤ ᠳᠤ ᠬᠥᠷᠪᠡᠯ ᠨᠠᠭᠠᠳᠤ ᠵᠠᠬ᠎ᠠ ᠳᠤ ᠪᠠᠨ ᠢᠷᠡᠭᠰᠡᠨ ᠬᠥᠮᠥᠨ ᠢ ᠬᠥᠨᠳᠤᠤᠬᠡᠬᠦ ᠥᠬᠡᠢ ᠬᠡᠵᠦ ᠬᠡᠶᠢᠴᠢᠳ ᠵᠤᠴᠢᠳ ᠤᠨ ᠲᠤᠷ ᠎ᠠ ᠥᠬᠡᠶᠢᠴᠡᠯ ᠢ ᠬᠥᠷᠬᠡᠵᠦ ᠂ ᠶᠡᠬᠡᠴᠤᠳ ᠤᠨ ᠵᠢᠮᠡᠯᠡᠯ ᠢ ᠤᠯᠳᠠᠭ᠃ ᠮᠤᠩᠭᠤᠯᠴᠤᠳ ᠲᠠᠮᠠᠬᠢ ᠥᠭᠬᠦ ᠳᠤ ᠪᠠᠨ ᠴᠤ ᠪᠠᠷᠠᠭᠤᠨ ᠭᠠᠷ ᠢᠶᠠᠷ ᠢᠶᠠᠨ ᠥᠭᠳᠡᠭ᠃ ᠲᠠᠷᠤᠢ ᠶᠠᠭᠤᠮ᠎ᠠ ᠠᠪᠬᠤ ᠳᠤ ᠪᠠᠨ ᠪᠠᠷᠠᠭᠤᠨ ᠭᠠᠷ ᠢᠶᠠᠷ ᠢᠶᠠᠨ ᠠᠪᠴᠤ᠂ ᠶᠠᠭᠤᠮ᠎ᠠ ᠥᠭᠬᠦ ᠳᠤ ᠪᠥᠷ ᠪᠠᠷᠠᠭᠤᠨ ᠭᠠᠷ ᠢᠶᠠᠷ ᠢᠶᠠᠨ ᠲᠤᠰᠤᠨ ᠠᠪᠳᠠᠭ᠃     ᠪᠠᠷᠠᠭᠤᠨ ᠲᠠᠯ ᠎ᠠ ᠶᠢ ᠡᠷᠬᠢᠮᠯᠡᠬᠦ ᠲᠠᠯ ᠎ᠠ ᠪᠠᠷ ︽ᠮᠤᠩᠭᠤᠯ ᠤᠨ ᠲᠡᠤᠬᠡᠨ ᠲᠡᠮᠳᠡᠭᠯᠡᠯ︾᠎ ᠳᠤ ᠥᠬᠦᠯᠡᠭᠰᠡᠨ ᠨᠢ ︽ᠴᠢᠩᠬᠢᠰ ᠬᠠᠭᠠᠨ ᠠᠩᠬ᠎ᠠ ᠮᠠᠨᠳᠤᠬᠤ ᠳᠤ ᠪᠠᠨ ᠬᠥᠪᠡᠬᠦᠨ ᠢᠶᠠᠷ ᠢᠶᠠᠨ ᠪᠠᠷᠠᠭᠤᠨ ᠭᠠᠷᠤᠨ ᠴᠡᠷᠢᠭ ᠢ ᠵᠠᠬᠢᠷᠤᠭᠤᠯᠵᠦ᠂ ᠲᠡᠭᠦᠥᠨᠠᠷ ᠪᠠ ᠮᠤᠩᠭᠤᠯ ᠤᠷᠤᠭ ᠲᠥᠷᠥᠯ ᠤᠨ ᠵᠠᠩᠵᠤᠨ ᠢᠶᠠᠷ ᠢᠶᠠᠨ ᠵᠡᠬᠦᠨ ᠭᠠᠷᠤᠨ ᠴᠡᠷᠢᠭ ᠢᠶᠠᠨ ᠵᠠᠬᠢᠷᠤᠭᠤᠯᠵᠦ ᠪᠠᠶᠢᠭᠰᠠᠨ᠃ ᠮᠤᠩᠭᠤᠯᠴᠤᠳ ᠪᠠᠷᠠᠭᠤᠨ ᠡᠳᠡᠬᠡᠳ ᠢ ᠡᠷᠬᠢᠮᠯᠡᠳᠡᠭ᠂ ᠡᠶᠢᠮᠦ ᠠᠴᠠ ᠬᠠᠭᠠᠨ ᠤ ᠬᠥᠪᠡᠬᠦᠨ ᠵᠥᠴᠢ ᠲᠠᠨ ᠳᠤ ᠬᠤᠪᠢᠳᠠᠨ ᠥᠭᠬᠦᠭᠰᠡᠨ ᠭᠠᠵᠠᠷ ᠤᠨ ᠤᠯᠠᠩᠬᠢ ᠨᠢ ᠪᠥᠷ ᠥᠷᠥᠨᠡᠳᠠᠬᠢᠨ ᠳᠤ ᠪᠠᠶᠢᠵᠦ᠂ ᠬᠠᠰᠠᠷ ᠲᠠᠨ ᠤ ᠲᠥᠷᠪᠡᠨ ᠸᠠᠩ ᠵᠡᠷᠬᠡ ᠲᠡᠬᠦᠥᠨᠡᠷ ᠨᠢ ᠲᠤᠷᠤᠨᠠᠳᠠᠬᠢᠨ ᠢ ᠡᠵᠡᠯᠡᠭᠰᠡᠨ ᠪᠠᠶᠢᠳᠠᠭ︾ ᠬᠡᠵᠠᠢ᠃ ᠡᠬᠦᠨ ᠠᠴᠠ ᠮᠤᠩᠭᠤᠯᠴᠤᠳ ᠠᠯᠢ ᠡᠷᠳᠡ ᠠᠴᠠ ᠪᠠᠷᠠᠭᠤᠨ ᠲᠠᠯ ᠎ᠠ ᠶᠢ ᠡᠷᠬᠢᠮᠯᠡᠵᠦ ᠪᠠᠶᠢᠭᠰᠠᠨ ᠢ ᠮᠡᠳᠡᠵᠦ ᠪᠤᠯᠤᠨ᠎ᠠ᠃ ︽ᠮᠤᠩᠭᠤᠯ ᠰᠤᠳᠤᠯᠤᠯ ᠤᠨ ᠨᠡᠪᠳᠡᠷᠬᠡᠢ ᠲᠤᠯᠢ︾᠎ ᠳᠤ ︽ᠪᠠᠷᠠᠭᠤᠨ ᠢ ᠲᠡᠭᠡᠳᠤᠯᠡᠨ ︿ᠲᠤᠮᠳᠠᠳᠤ ᠪᠠᠷ ᠡᠷᠬᠢᠮ ᠪᠤᠯᠭᠠᠵᠦ᠂ ᠪᠠᠷᠠᠭᠤᠨ ᠢ ᠲᠡᠳ᠋ ᠪᠤᠯᠭᠠᠨ ᠵᠡᠬᠦᠨ ᠢ ᠠᠳᠠᠭ ᠪᠤᠯᠭᠠᠳᠠᠭ﹀ ᠡᠶᠢᠨ ᠬᠦ ᠪᠠᠷᠠᠭᠤᠨ ᠭᠠᠷᠤᠨ ᠴᠢᠩᠰᠠᠩ ᠨᠢ ᠵᠡᠬᠦᠨ ᠭᠠᠷᠤᠨ ᠴᠢᠩᠰᠠᠩ ᠠᠴᠠ ᠡᠷᠬᠢᠮ ᠲᠡᠬᠡᠳᠤ ᠪᠠᠶᠢᠳᠠᠭ᠃ ᠡᠷᠡᠭᠳᠡᠶᠢᠴᠤᠳ ᠨᠢ ᠮᠤᠩᠭᠤᠯ ᠬᠡᠷ ᠤᠨ ᠪᠠᠷᠠᠭᠤᠨ ᠲᠠᠯ ᠎ᠠ ᠪᠠᠷ ᠰᠠᠭᠤᠵᠦ᠂ ᠡᠮᠡᠭᠳᠡᠶᠢᠴᠤᠳ ᠨᠢ ᠵᠡᠬᠦᠨ ᠲᠠᠯ ᠎ᠠ ᠪᠠᠷ ᠰᠠᠭᠤᠨ᠎ᠠ ᠃ ᠶᠠᠭᠤᠮ᠎ᠠ ᠬᠡᠤᠮ᠎ᠠ ᠶᠢ ᠪᠠᠷᠠᠭᠤᠨ ᠭᠠᠷ ᠢᠶᠠᠷ ᠢᠶᠠᠨ ᠲᠤᠰᠴᠤ ᠠᠪᠤᠨ᠎ᠠ︾ ᠬᠡᠰᠡᠨ ᠨᠢ ᠮᠤᠩᠭᠤᠯᠴᠤᠳ ᠤᠨ ᠪᠠᠷᠠᠭᠤᠨ ᠲᠠᠯ ᠎ᠠ ᠶᠢ ᠡᠷᠬᠢᠮᠯᠡᠳᠡᠭ ᠢ ᠲᠠᠬᠢᠳᠠ ᠨᠤᠳᠠᠯᠠᠭᠰᠠᠨ ᠪᠠᠶᠢᠨ᠎ᠠ᠃ ᠮᠤᠩᠭᠤᠯᠴᠤᠳ ᠬᠡᠶᠢᠴᠢᠨ ᠵᠤᠴᠢᠨ ᠢᠶᠠᠨ ᠪᠠᠷᠠᠭᠤᠨ ᠭᠠᠷ ᠤᠨ ᠲᠡᠭᠡᠷ ᠎ᠡ ᠰᠠᠭᠤᠯᠭᠠᠳᠠᠭ ᠶᠤᠰᠤᠳᠠᠢ᠃ ᠬᠡᠷ ᠤᠨ ᠡᠵᠡᠨ ᠭᠡᠷ ᠲᠤ ᠪᠠᠨ ᠪᠤᠯ ᠬᠡᠶᠢᠴᠢᠨ ᠵᠤᠴᠢᠨ ᠪᠠᠷᠠᠭᠤᠨ ᠭᠠᠷ ᠤᠨ ᠲᠡᠬᠡᠷ ᠎ᠡ᠂ ᠬᠡᠷᠬᠡᠢ ᠬᠡᠤᠬᠡᠳ ᠵᠡᠬᠦᠨ ᠭᠠᠷ ᠤᠨ ᠲᠤᠤᠷ ᠎ᠠ ᠰᠠᠭᠤᠳᠠᠭ᠃ ᠰᠥᠮ ᠎ᠡ ᠬᠡᠶᠢᠳ ᠲᠤ ᠤᠷᠤᠬᠤ ᠳᠤ ᠪᠠᠨ ᠰᠥᠮ ᠎ᠡ ᠶᠢᠨ ᠡᠮᠤᠨ᠎ᠡ ᠡᠬᠦᠳᠡᠨ ᠤ ᠪᠠᠷᠠᠭᠤᠨ ᠬᠠᠪᠢ ᠪᠠᠷ ᠤᠷᠤᠵᠦ᠂ ᠪᠠᠷᠠᠭᠤᠨ ᠭᠠᠷ ᠢᠶᠠᠨ ᠲᠠᠭᠠᠵᠦ ᠡᠷᠬᠢᠬᠡᠳ ᠵᠡᠬᠦᠨ ᠲᠠᠯ ᠎ᠠ ᠪᠠᠷ ᠨᠢ ᠡᠮᠤᠨ᠎ᠡ ᠡᠬᠦᠳᠡᠨ ᠤ ᠵᠡᠬᠦᠨ ᠬᠠᠪᠢ ᠪᠠᠷ ᠭᠠᠷᠴᠤ ᠢᠷᠡᠳᠡᠭ᠃ ᠤᠪᠤᠭᠠᠨ ᠳᠤ ᠮᠥᠷᠬᠦᠬᠦ ᠳᠤ ᠪᠠᠨ ᠪᠠᠷᠠᠭᠤᠨ ᠡᠮᠤᠨ᠎ᠡ ᠲᠠᠯ ᠎ᠠ ᠠᠴᠠ ᠨᠢ ᠤᠴᠢᠵᠦ᠂ ᠪᠠᠷᠠᠭᠤᠨ ᠬᠤᠶᠢᠰᠢ ᠬᠠᠨᠳᠤᠨ ᠰᠥᠬᠦᠳᠤᠨ ᠮᠥᠷᠬᠦᠨ᠎ᠡ᠂ ᠲᠤᠭᠤᠢᠢᠯᠠᠬᠤ ᠳᠤ ᠪᠠᠨ ᠪᠠᠷᠠᠭᠤᠨ ᠭᠠᠷ ᠢᠶᠠᠨ ᠲᠠᠭᠠᠵᠦ ᠭᠤᠷᠪᠠ ᠡᠷᠬᠢᠳᠡᠭ᠃ ᠴᠢᠷᠭ᠎ᠠ ᠶᠢᠨ ᠮᠤᠷᠢ ᠪᠠᠨ ᠪᠠᠷᠠᠭᠤᠨ ᠲᠠᠯ ᠎ᠠ ᠳᠤ ᠤᠶᠠᠵᠦ᠂ ᠴᠢᠷᠭ᠎ᠠ ᠪᠠᠨ ᠲᠠᠳᠠᠵᠦ ᠮᠠᠯ ᠤᠨᠤᠭ᠎ᠠ ᠪᠠᠨ ᠡᠷᠬᠢᠬᠦᠯᠬᠦ ᠳᠤ ᠪᠠᠨ ᠪᠠᠷᠠᠭᠤᠨ ᠭᠠᠷ ᠢᠶᠠᠨ ᠲᠠᠭᠠᠵᠦ ᠡᠷᠬᠢᠳᠡᠭ᠃ ᠮᠠᠯ ᠤᠨᠤᠭ᠎ᠠ ᠪᠠᠨ ᠪᠠᠷᠠᠭᠤᠨ ᠲᠠᠯ᠎ᠠ ᠳᠤ ᠪᠠᠨ ᠬᠥᠳᠥᠯᠥᠨ᠎ᠠ᠃ ᠢᠡᠭᠭᠢᠵᠦ ᠪᠠᠷᠠᠭᠤᠨ ᠲᠠᠯ ᠎ᠠ ᠪᠠᠨ ᠲᠠᠭᠠᠵᠦ ᠡᠷᠬᠢᠬᠦ ᠶᠢ ᠵᠥᠪ ᠢᠶᠠᠷ ᠡᠷᠬᠢᠨ᠎ᠡ ᠬᠡᠵᠦ ᠬᠡᠯᠡᠳᠡᠭ      ᠮᠤᠩᠭᠤᠯᠴᠤᠳ ᠮᠠᠯ ᠭᠠᠷᠭᠠᠬᠤ ︵ᠮᠠᠯ ᠠᠯᠠᠬᠤ︶᠎ ᠳᠤ ᠪᠠᠨ ᠭᠠᠷᠭᠠᠬᠤ ᠮᠠᠯ ᠤᠨ ᠲᠤᠯᠤᠭᠠᠢ ᠶᠢ ᠪᠠᠷᠠᠭᠤᠨ ᠬᠤᠶᠢᠰᠢ ᠬᠠᠨᠳᠤᠭᠤᠯᠤᠨ ᠤᠨᠠᠭᠠᠭᠠᠳ ᠥᠷᠥᠴᠢᠯᠡᠵᠦ ᠭᠠᠷᠭᠠᠨ᠎ᠠ᠃ ᠢᠡᠭᠭᠢᠵᠦ ᠪᠠᠶᠢᠭ᠎ᠠ ᠶᠢᠨ ᠤᠳᠬ᠎ᠠ ᠰᠠᠨᠠᠭ᠎ᠠ ᠬᠡᠪᠡᠯ ᠬᠤᠨᠢᠨ ᠤ ᠡᠬᠡ ᠨᠤᠳᠤᠭ ᠴᠤ ᠪᠠᠷᠠᠭᠤᠨ ᠬᠤᠶᠢᠳᠤ ᠵᠥᠭ ᠲᠤ ᠪᠠᠶᠢᠳᠠᠭ ᠠᠴᠠ ᠠᠯᠠᠭᠰᠠᠨ ᠬᠤᠨᠢᠨ ᠤ ᠰᠥᠭ ᠰᠥᠨᠡᠰᠤ ᠡᠷᠳᠡᠬᠡᠨ ᠤᠭ ᠨᠤᠳᠤᠭ ᠲᠤ ᠪᠠᠨ ᠪᠤᠴᠠᠳᠤᠭᠠᠢ ᠬᠡᠰᠡᠨ ᠰᠠᠨᠠᠭ᠎ᠠ ᠶᠢ ᠢᠯᠡᠳᠬᠡᠵᠦ ᠪᠠᠶᠢᠨ᠎ᠠ ᠬᠡᠵᠦ ᠥᠵᠡᠨ᠎ᠡ᠃ ︽ᠵᠥᠭ ᠤᠨ ᠮᠠᠭᠤ ᠵᠡᠬᠦᠨ ᠬᠤᠶᠢᠨ᠎ᠡ︾ ᠬᠡᠳᠡᠭ ᠢᠶᠠᠷ ᠵᠡᠬᠦᠨ ᠢ ᠡᠷᠬᠢᠮᠯᠡᠳᠡᠭ ᠥᠬᠡᠢ᠃ ᠬᠡᠪᠡᠴᠤ ᠮᠠᠯ ᠤᠨᠤᠭ᠎ᠠ ᠶᠢ ᠭᠠᠷᠰᠢᠭᠤᠯᠵᠦ ᠡᠳ᠋ᠯᠡᠬᠦ ᠳᠤ ᠪᠠᠨ ᠬᠠᠷᠢᠨ ᠵᠡᠬᠦᠨ ᠢ ᠡᠷᠬᠢᠮᠯᠡᠳᠡᠭ ᠶᠤᠰᠤᠳᠠᠢ᠃ ᠴᠤᠯᠪᠤᠭᠤᠷ ᠢ ᠬᠠᠵᠠᠭᠠᠷ ᠤᠨ ᠵᠡᠬᠦᠨ ᠲᠠᠯ ᠎ᠠ ᠶᠢᠨ ᠲᠥᠡᠭᠭᠡᠯᠢᠭ ᠠᠴᠠ ᠤᠶᠠᠵᠦ᠂ ᠮᠤᠷᠢ ᠮᠠᠯ ᠢᠶᠠᠨ ᠵᠡᠬᠦᠨ ᠲᠠᠯ ᠎ᠠ ᠠᠴᠠ ᠨᠢ ᠬᠥᠳᠥᠯᠵᠦ ᠶᠠᠪᠤᠳᠠᠭ᠃ ᠮᠤᠷᠢ ᠤᠨᠤᠭ᠎ᠠ ᠪᠠᠨ ᠵᠡᠬᠦᠨ ᠲᠠᠯ ᠎ᠠ ᠠᠴᠠ ᠨᠢ ᠨᠤᠭᠳᠤᠯᠠᠵᠦ ᠬᠠᠵᠠᠭᠠᠷᠯᠠᠨ᠎ᠠ᠃ ᠡᠮᠡᠬᠡᠯ ᠢᠶᠠᠨ ᠵᠡᠬᠦᠨ ᠲᠠᠯ ᠎ᠠ ᠠᠴᠠ ᠨᠢ ᠲᠤᠬᠤᠵᠦ ᠤᠨᠤᠭᠠᠳ ᠵᠡᠬᠦᠨ ᠲᠠᠯ ᠎ᠠ ᠤᠷᠤᠭᠤ ᠪᠠᠨ ᠪᠠᠭᠤᠳᠠᠭ᠃ ᠬᠤᠨᠢ ᠢᠮᠠᠭ᠎ᠠ ᠪᠠᠨ ᠵᠡᠬᠦᠨ ᠲᠠᠯ ᠎ᠠ ᠠᠴᠠ ᠨᠢ ᠡᠬᠢᠯᠡᠬᠦᠯᠤᠨ ᠬᠠᠶᠢᠴᠢᠯᠠᠵᠦ ᠰᠠᠮᠨᠠᠳᠠᠭ᠃ ᠨᠠᠭᠠᠳᠤᠮ ᠲᠤᠬᠯᠠᠭᠠᠮ ᠲᠤᠭᠯᠠᠬᠤ ᠳᠤ ᠪᠠᠨ ︽ᠨᠠᠷᠠ ᠵᠥᠪ ᠢᠶᠠᠷ ᠨᠠᠭᠠᠳᠤᠮ ᠪᠤᠷᠤᠭᠤ ᠪᠠᠷ︾ ᠬᠡᠵᠦ ᠬᠡᠯᠡᠳᠡᠭ ᠠᠴᠠ ᠬᠥᠵᠤᠷ ᠨᠠᠭᠠᠳᠬᠤ ᠳᠤ ᠪᠠᠨ ᠵᠡᠬᠦᠨ ᠭᠠᠷ ᠢᠶᠠᠨ ᠲᠠᠭᠠᠵᠦ ᠡᠷᠬᠢᠳᠡᠭ᠃ ᠮᠤᠷᠢ ᠬᠥᠶᠥᠯᠬᠡᠬᠦ ᠳᠤ ᠪᠠᠨ ᠵᠠᠬᠦᠨ ᠭᠠᠷ ᠢᠶᠠᠨ ᠲᠠᠭᠠᠭᠤᠯᠵᠦ ᠲᠤᠭᠤᠢᠢᠯᠠᠭᠤᠯᠵᠦ ᠬᠥᠶᠥᠯᠬᠡᠨ᠎ᠡ᠃ ᠬᠥᠶᠤᠵᠦ ᠢᠷᠡᠭᠰᠡᠨ ᠮᠤᠷᠢ ᠶᠢ ᠠᠮᠢᠰᠬᠤᠭ᠎ᠠ ᠶᠢ ᠨᠢ ᠨᠠᠮᠳᠠᠭᠤᠯᠵᠦ ᠬᠥᠯᠥᠰᠤ ᠶᠢ ᠨᠢ ᠠᠭᠰᠢᠭᠠᠬᠤ ᠳᠤ ᠵᠡᠬᠦᠨ ᠭᠠᠷ ᠢᠶᠠᠨ ᠲᠠᠭᠠᠭᠤᠯᠵᠦ ᠡᠷᠬᠢᠬᠦᠯᠥᠨ᠎ᠡ᠃ ᠮᠤᠩᠭᠤᠯᠴᠤᠳ ᠤᠨ ᠪᠠᠷᠠᠭᠤᠨ ᠢ ᠡᠷᠬᠢᠮᠯᠡᠳᠡᠭ ᠰᠢᠯᠳᠠᠭᠠᠨ ᠨᠢ ᠮᠠᠰᠢ ᠠᠷᠪᠢᠨ ᠪᠠᠶᠢᠳᠠᠭ ᠪᠤᠯᠪᠠᠴᠤ ᠮᠢᠨᠦ ᠥᠵᠡᠬᠦ ᠪᠠᠷ ᠭᠤᠤᠯᠳᠠᠭᠤ ᠮᠤᠩᠭᠤᠯᠴᠤᠳ ᠤᠨ ᠡᠬᠡ ᠨᠤᠳᠤᠭ ᠪᠠᠷᠠᠭᠤᠨ ᠬᠤᠶᠢᠭᠤᠷ ᠪᠠᠶᠢᠭᠰᠠᠨ ᠲᠠᠢ ᠬᠤᠯᠪᠤᠭᠠᠳᠠᠢ ᠪᠤᠶᠦ ᠵᠢᠷᠤᠬᠠᠢ ᠶᠢᠨ ᠶᠤᠰᠤ᠂ ᠵᠥᠭ ᠤᠨ ᠢᠯᠭᠠᠯ ᠲᠠᠢ ᠬᠤᠯᠪᠤᠭᠠᠳᠠᠢ ᠪᠠᠶᠢᠵᠦ ᠮᠡᠳᠡᠨ᠎ᠡ᠃ ᠡᠬᠦᠨ ᠠᠴᠠ ᠭᠠᠳᠠᠨ᠎ᠠ ᠲᠤᠮᠳᠠᠳᠤ ᠤᠯᠤᠰ ᠤᠨ ᠨᠤᠳᠤᠭ ᠲᠡᠪᠢᠰᠬᠡᠷ ᠪᠠᠷᠠᠭᠤᠨ ᠥᠨᠳᠤᠷ᠂ ᠵᠡᠬᠦᠨ ᠪᠤᠭᠤᠨᠢ᠂ ᠥᠨᠳᠤᠷ ᠰᠥᠷᠯᠢᠭ ᠠᠭᠤᠯᠠ ᠨᠢᠷᠤᠭᠤᠳ ᠪᠠᠷᠠᠭᠤᠨ ᠪᠡᠶ᠎ᠡ ᠳᠤ ᠪᠠᠶᠢᠵᠦ᠂ ᠭᠤᠤᠯ ᠮᠥᠷᠡᠨ ᠪᠥᠷ ᠵᠡᠬᠦᠨᠰᠢ ᠤᠷᠤᠰᠴᠤ ᠪᠠᠶᠢᠳᠠᠭ ᠠᠴᠠ ᠪᠠᠷᠠᠭᠤᠨ ᠢ ᠡᠷᠬᠢᠮᠯᠡᠳᠡᠭ ᠪᠠᠶᠢᠵᠦ ᠮᠡᠳᠡᠨ᠎ᠡ᠃    ᠬᠤᠷᠢᠶᠠᠩᠭᠤᠢᠢᠯᠡᠵᠦ ᠬᠡᠯᠡᠪᠡᠯ ᠪᠠᠷᠠᠭᠤᠨ ᠢ ᠡᠷᠬᠢᠮᠯᠡᠳᠡᠭ ᠨᠢ ᠮᠤᠩᠭᠤᠯᠴᠤᠳ ᠤᠨ ᠨᠢᠬᠡᠨ ᠵᠠᠩ ᠤᠢᠢᠯᠠ ᠪᠤᠯᠵᠦ ᠪᠥᠷᠢᠯᠳᠤᠨ ᠲᠤᠭᠳᠠᠭᠠᠳ᠂ ᠬᠤᠵᠢᠮ ᠤᠨ ᠬᠥᠮᠥᠰ ᠤᠨ ᠮᠥᠷᠳᠡᠨ ᠲᠠᠭᠠᠬᠤ ᠶᠤᠰᠤ ᠭᠤᠷᠢᠮ ᠪᠤᠯᠤᠭᠰᠠᠨ ᠪᠠᠶᠢᠨ᠎ᠠ᠃ ᠡᠨᠡ ᠶᠤᠰᠤ ᠭᠤᠷᠢᠮ ᠠᠴᠠ ᠰᠠᠯᠪᠠᠯ ᠶᠤᠰᠤ ᠠᠯᠳᠠᠭᠰᠠᠨ ᠳᠤ ᠲᠤᠭᠠᠴᠠᠭᠳᠠᠨ᠎ᠠ᠃ ᠡᠶᠢᠮᠥ ᠠᠴᠠ ᠵᠠᠯᠠᠭᠤᠴᠤᠳ ᠪᠠᠭᠠᠴᠤᠳ ᠮᠤᠩᠭᠤᠯᠴᠤᠳ ᠤᠨ ᠡᠨᠡ ᠬᠦ ᠤᠳᠠᠭᠠᠨ ᠵᠢᠯ ᠢᠶᠠᠷ ᠪᠠᠷᠢᠮᠳᠠᠯᠠᠨ ᠢᠷᠡᠭᠰᠡᠨ ᠵᠠᠩ ᠤᠢᠢᠯᠡ ᠶᠢ ᠵᠠᠯᠭᠠᠮᠵᠢᠯᠠᠨ ᠠᠪᠴᠤ ᠤᠢᠢᠯᠡ ᠬᠥᠳᠠᠯᠤᠯ ᠢᠶᠠᠨ ᠲᠥᠷᠢᠮᠵᠢᠭᠦᠯᠪᠡᠯ ᠵᠤᠬᠢᠨ᠎ᠡ᠃
 
ᠢᠷᠡᠯᠲᠡ᠄ ᠣᠷᠳᠤᠰ ᠤᠨ ᠮᠣᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号