ᠠᠳᠤᠭᠤᠨ ᠤ ᠲᠤᠬᠠᠢ ᠴᠡᠭᠡᠷ ᠶᠣᠰᠤᠨ
ᠨᠡᠶᠢᠲᠡᠯᠡᠭᠰᠡᠨ ᠴᠠᠭ᠄
2016/8/2
     ᠮᠣᠩᠭᠤᠯᠴᠣᠳ ᠪᠤᠷᠤᠭᠤ ᠲᠠᠯ᠎ᠠ ᠶᠢᠨ ᠲᠠᠮᠠᠭ᠎ᠠ ᠪᠤᠯ ︽ᠪᠠᠷᠠᠭᠲᠠᠵᠤ ᠶᠠᠲᠠᠭᠤᠷᠠᠬᠤ ᠶᠢᠨ ᠲᠡᠮᠲᠡᠭ︾ ᠭᠡᠵᠤ ᠦᠵᠡᠲᠡᠭ ᠪᠤᠯᠬᠤᠷ ᠠᠲᠤᠭᠤᠨ ᠳᠤ ᠪᠤᠷᠤᠭᠤ ᠲᠠᠰᠢᠶᠠᠨ ᠲᠡᠭᠡᠷ᠎ᠠ ᠲᠠᠮᠠᠭ᠎ᠠ ᠲᠠᠷᠤᠳᠠᠭ ᠦᠭᠡᠢ ᠶᠣᠮ᠃ ᠠᠲᠤᠭᠤᠨ ᠲᠠᠮᠠᠭ᠎ᠠ ᠪᠠᠨ ᠭᠠᠲᠠᠭ᠎ᠠ ᠠᠲᠡ ᠲᠡᠨᠲᠡ ᠬᠠᠶᠠᠬᠤ ᠶᠢ ᠴᠡᠭᠡᠷᠯᠡᠵᠤ᠂ ᠵᠠᠪᠠᠯ ᠮᠤᠩᠭᠤᠯ ᠭᠡᠷ ᠤᠨ ᠢᠶᠠᠨ ᠬᠤᠶᠢᠲᠤ ᠲᠠᠯ᠎ᠠ ᠶᠢᠨ ᠤᠨᠢᠨ ᠳᠤᠨᠢ ᠬᠠᠲᠠᠭ ᠪᠦᠰ ᠢᠶᠠᠷ ᠤᠷᠢᠶᠠᠵᠤ ᠬᠠᠪᠴᠢᠭᠤᠯᠤᠨ ᠬᠠᠲᠠᠭᠠᠯᠠᠨ᠎ᠠ᠃  ᠠᠲᠤᠭᠤ ᠲᠠᠮᠠᠭᠠᠯᠠᠬᠤ ᠥᠶ᠎ᠠ ᠭᠡᠷᠡᠭᠦᠯ ᠵᠤᠲᠤᠭᠠᠨ ᠬᠢᠬᠦ ᠶᠢ ᠴᠡᠭᠡᠷᠯᠡᠨ᠂ ᠪᠡᠯᠭᠡ ᠮᠠᠭᠤᠳᠠᠢ ᠭᠡᠵᠤ ᠦᠵᠡᠲᠡᠭ᠃     ᠬᠠᠶᠢᠷᠠᠲᠠᠢ ᠠᠭᠲᠠ ᠮᠤᠷᠢ ᠪᠠ ᠤᠩᠭᠤᠯᠠᠵᠤ ᠲᠠᠷᠬᠠᠯᠠᠬᠰᠠᠨ ᠮᠤᠷᠢᠳ ᠢᠶᠠᠨ ᠬᠤᠲᠠᠯᠲᠤᠨ ᠶᠠᠪᠤᠭᠤᠯᠬᠤ ᠶᠢ ᠤᠨᠴᠠ ᠬᠢᠴᠢᠶᠡᠵᠤ᠂ ᠦᠬᠦᠨ ᠦᠬᠦᠲᠡᠯ᠎ᠡ ᠲᠤᠲᠤᠮᠲᠠᠨ ᠠᠷᠠᠴᠢᠯᠠᠲᠠᠭ᠃ ᠭᠡᠭᠡᠷ᠎ᠡ ᠬᠦᠲᠡᠭᠡ ᠶᠠᠪᠤᠵᠤ ᠪᠠᠶᠢᠬᠤ ᠳᠤ ᠮᠤᠷᠢᠨ ᠤ ᠬᠢᠯᠭᠠᠰᠤ ᠪᠠᠷ ᠬᠤᠯᠪᠤᠯᠲᠤᠭᠰᠠᠨ ᠬᠤᠮᠤᠯ ᠲᠠᠭᠠᠷᠠᠪᠠᠯ ᠲᠡᠭᠦᠵᠤ ᠠᠪᠤᠭᠠᠳ ᠮᠤᠩᠭᠤᠯ ᠭᠡᠷ ᠤᠨ ᠬᠠᠨ᠎ᠠ ᠶᠢᠨ ᠲᠤᠯᠤᠭᠠᠢ ᠠᠴᠠ ᠡᠯᠭᠦᠵᠤ ᠬᠠᠲᠠᠭᠠᠯᠠᠲᠠᠭ᠃ ᠡᠭᠦᠨ ᠢᠶᠠᠨ ᠠᠲᠤᠭᠤ ᠦᠷᠡᠵᠢᠬᠦ ᠶᠢᠨ ᠪᠡᠯᠭᠡ ᠲᠡᠮᠪᠡᠷᠢᠯ ᠢᠶᠠᠷ ᠦᠵᠡᠲᠡᠭ᠃     ᠮᠤᠩᠭᠤᠯᠴᠤᠳ ᠮᠤᠷᠢᠨ ᠳᠠᠭᠠᠨ ᠮᠤᠷᠲᠠᠬᠤ ᠳᠤ ᠬᠡᠵᠢᠶ᠎ᠡ ᠴᠤ ᠵᠦᠪᠲᠠᠢ ᠲᠠᠯ᠎ᠠ ᠠᠴᠠ ᠨᠢ ᠮᠤᠷᠲᠠᠵᠤ᠂ ᠵᠦᠪᠲᠠᠢ ᠲᠠᠯ᠎ᠠ ᠤᠷᠤᠭᠤ ᠨᠢ ᠪᠠᠭᠤᠲᠠᠭ᠃     ᠠᠲᠤᠭᠤ ᠶᠢ ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ ᠲᠠᠯᠠᠯᠭ᠎ᠠ ᠠᠪᠴᠤ ᠨᠤᠮ ᠤᠩᠰᠢᠬᠤ︾ ᠦᠶ᠎ᠡ ᠳᠤ ᠲᠡᠭᠷᠢ ᠳᠤ ᠰᠡᠲᠡᠷᠯᠡᠲᠡᠭ᠃ ᠰᠡᠲᠡᠷᠯᠡᠭᠦ ᠠᠲᠤᠭᠤᠨ ᠳᠠᠭᠠᠨ ᠠᠬᠢ ᠬᠦᠵᠢ ᠶᠢᠨ ᠰᠠᠩ ᠤᠣᠬᠢᠭᠤᠯᠬᠤ ᠶᠢᠨ ᠬᠠᠮᠲᠤ ᠷᠠᠰᠢᠶᠠᠯᠠᠵᠤ᠂ ᠰᠡᠲᠡᠷ ᠢᠶᠠᠨ ᠵᠡᠬᠦᠯᠭᠡᠵᠤ᠂ ᠰᠦ ᠰᠠᠭᠠᠯᠢ ᠪᠠᠷ ᠮᠢᠯᠢᠶᠠᠭᠠᠳ ᠦᠩᠭᠡ ᠵᠢᠰᠦᠮ᠂ ᠨᠠᠰᠤ ᠵᠢᠯ ᠢ ᠨᠢ ᠲᠠᠭᠤᠲᠠᠨ ᠠᠴᠢ ᠭᠠᠪᠢᠶ᠎ᠠ ᠶᠢ ᠨᠢ ᠮᠠᠭᠲᠠᠵᠤ᠂ ᠲᠡᠭᠷᠢ ᠳᠤ ᠲᠠᠭᠠᠳᠬᠠᠭᠠᠳ ᠰᠦᠷᠦᠭ ᠲᠤᠨᠢ ᠲᠠᠯᠪᠢᠲᠠᠭ᠃ ᠤᠩᠭᠤᠨ ᠲᠠᠷᠬᠠᠨ ᠠᠲᠤᠭᠤᠨ ᠤ ᠪᠠᠨ ᠲᠠᠯ ᠰᠡᠭᠦᠯ ᠠᠴᠠ ᠠᠪᠴᠤ᠂ ᠬᠠᠲᠠᠭ ᠲᠤ ᠪᠤᠭᠤᠵᠤ᠂ ᠬᠠᠨ᠎ᠠ ᠶᠢᠨ ᠲᠤᠯᠤᠭᠠᠢ ᠳᠤ ᠡᠯᠬᠦᠨ ᠲᠠᠬᠢᠵᠤ᠂ ᠬᠠᠶᠢᠷᠠᠲᠠᠢ ᠮᠠᠯ ᠤᠨ ᠢᠶᠠᠨ ᠠᠴᠢ ᠲᠤᠰᠠ ᠶᠢ ᠲᠤᠷᠠᠰᠤᠨ ᠮᠦᠷᠦᠭᠡᠳᠭᠦ ᠰᠡᠳᠬᠢᠯ ᠢᠶᠠᠨ ᠢᠯᠡᠳᠭᠡᠳᠡᠭ ᠪᠢᠯᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号