ᠮᠤᠩᠭᠤᠯᠴᠤᠳ ᠤᠨ ︽ᠰᠠᠪᠠ ᠬᠤᠭᠤᠰᠤᠯᠠᠬᠤ ᠦᠬᠡᠢ︾ ᠶᠤᠰᠤᠨ
ᠨᠡᠶᠢᠲᠡᠯᠡᠭᠰᠡᠨ ᠴᠠᠭ᠄
2016/8/2
                  ᠵᠣᠬᠢᠶᠠᠭᠴᠢ᠄ ᠬᠦᠷᠵᠡᠪ     ᠮᠤᠩᠭᠤᠯᠴᠤᠳ ᠤᠨ ᠬᠡᠯᠡᠴᠡ ᠳᠤ ︽ᠰᠠᠪᠠ ᠬᠤᠭᠤᠰᠤᠯᠠᠬᠤ ᠦᠬᠡᠢ︾ ᠬᠡᠬᠦ ᠪᠤᠶᠤ ︽ᠰᠠᠪᠠ ᠬᠤᠭᠤᠰᠤᠨ ᠪᠤᠴᠠᠭᠠᠳᠠᠬ ᠦᠬᠡᠢ︾ ᠬᠡᠬᠦ ᠬᠡᠯᠡᠯᠬᠡ ᠪᠠᠶᠢᠳᠠᠬ ᠰᠠᠨ᠃ ᠤᠳᠬ᠎ᠠ ᠨᠢ ᠦᠨᠳᠦᠰᠦᠨ ᠳᠤ ᠪᠠᠨ ᠠᠳᠠᠯᠢ ᠶᠤᠮ᠃ ᠮᠤᠩᠭᠤᠯ ᠬᠦᠮᠦᠨ ᠡᠷᠳᠡᠨ ᠠᠴᠠ ᠪᠠᠨ ᠠᠶᠢᠯ ᠳᠤ ᠪᠠᠭᠤᠵᠤ ᠰᠠᠭᠤᠬᠤ ᠳᠤ ᠪᠠᠨ ᠴᠠᠢ ᠤᠰᠤ ᠤᠤᠭᠤᠬᠤ ᠪᠤᠶᠤ ᠬᠤᠭᠤᠯᠠ ᠪᠤᠳᠠᠭ᠎ᠠ ᠢᠳᠡᠬᠦ ᠳᠤ ᠪᠠᠨ ᠠᠶᠢᠯ ᠤᠨ ᠳᠠᠯᠪᠢᠵᠥ ᠦᠭᠬᠦᠭᠰᠡᠨ ᠪᠤᠤᠪᠤ ᠪᠤᠭᠤᠷᠰᠤᠬ᠂ ᠰᠢᠬᠢᠷ ᠵᠢᠮᠢᠰ᠂ ᠠᠶᠢᠷᠠᠭ ᠬᠤᠷᠤᠳ ᠪᠤᠶᠤ ᠮᠢᠬ᠎ᠠ ᠰᠢᠬᠦᠰᠦ ᠶᠢ ᠳᠠᠪᠠᠬ᠂ ᠰᠠᠪᠠ ᠶᠢ ᠨᠢ ᠬᠤᠭᠤᠰᠤᠷᠠᠳᠠᠯ᠎ᠠ ᠢᠳᠡᠵᠥ ᠤᠤᠭᠤᠬᠤ ᠶᠢ ᠮᠠᠰᠢ ᠴᠡᠬᠡᠷᠯᠡᠳᠡᠭ ᠪᠠᠶᠢᠨ᠎ᠠ᠃ ᠡᠬᠦᠨ ᠢ ︽ᠰᠠᠪᠠ ᠬᠤᠭᠤᠰᠤᠯᠠᠬᠤ ᠦᠬᠡᠢ︾ ᠬᠡᠳᠡᠭ᠃ ᠵᠡᠷᠢᠮ ᠭᠠᠵᠠᠷ ᠪᠠᠰᠠ ︽ᠳᠠᠪᠠᠬ ᠬᠤᠭᠤᠰᠤᠯᠠᠬᠤ ᠦᠬᠡᠢ︾ ᠴᠤ ᠬᠡᠳᠡᠭ᠃    ᠮᠤᠩᠭᠤᠯ ᠬᠦᠮᠦᠨ ᠵᠤᠴᠢᠨᠰᠠᠬ ᠬᠡᠳᠡᠭ ᠦᠨᠡᠨ ᠤᠴᠢᠷᠳᠠᠢ ᠰᠠᠨ᠃ ᠠᠯᠢ ᠨᠢᠬᠡᠨ ᠠᠶᠢᠯ ᠡᠷᠦᠬᠡ ᠳᠤ ᠨᠢ ᠴᠤ ᠬᠡᠰᠡᠨ᠂ ᠵᠠᠯᠠᠬᠰᠠᠨ ᠵᠤᠴᠢᠨ ᠢᠷᠡᠬᠦ ᠪᠤᠶᠤ ᠵᠠᠮ ᠢᠶᠠᠷ ᠦᠩᠬᠡᠷᠡᠬᠦ ᠬᠦᠮᠦᠨ ᠪᠠᠭᠤᠵᠤ ᠰᠠᠭᠤᠭᠠᠳ ᠭᠠᠷᠬᠤ ᠶᠠᠪᠤᠳᠠᠯ ᠵᠦᠩᠳᠡᠬᠡᠨ ᠳᠤᠬᠢᠶᠠᠯᠳᠤᠳᠠᠬ ᠶᠤᠮ᠃ ᠪᠠᠭᠤᠭᠠᠳ ᠯᠡ ᠭᠠᠷᠳᠠᠬ᠂ ᠪᠤᠴᠠᠭᠠᠳ ᠯᠡ ᠮᠤᠷᠳᠠᠳᠠᠬ᠃ ᠠᠯᠢ ᠨᠢᠬᠡᠨ ᠠᠶᠢᠯ ᠡᠷᠦᠬᠡ ᠨᠢ ᠴᠤ ᠳᠠᠨᠢᠬᠤ᠂ ᠳᠠᠨᠢᠬᠤ ᠦᠬᠡᠢ ᠬᠦᠮᠦᠨ ᠢᠷᠡᠯ᠎ᠠ ᠬᠡᠳ ︽ᠴᠠᠢ ᠴᠤ ᠦᠬᠡᠢ ᠴᠢᠷᠠᠢ ᠴᠤ ᠦᠬᠡᠢ︾ ᠴᠠᠮᠪᠠᠶᠢᠵᠤ ᠳᠠᠮᠪᠠᠶᠢᠵᠤ ᠰᠠᠭᠤᠭᠠᠳ ᠦᠩᠬᠡᠷᠡᠬᠡᠳᠡᠭ ᠦᠬᠡᠢ ᠪᠢᠯᠡ᠃ ᠬᠡᠨ ᠨᠢ ᠢᠷᠡᠭᠰᠡᠨ ᠴᠤ ᠬᠠᠮᠢᠶ᠎ᠠ ᠦᠬᠡᠢ᠂ ᠰᠠᠪᠠ ᠳᠠᠪᠠᠬ ᠲᠤ ᠪᠠᠨ ᠴᠠᠭᠠᠨ ᠢᠳᠡᠭᠡ ᠪᠤᠭᠤᠷᠰᠤᠬ ᠢᠶᠠᠨ ᠳᠦᠬᠦᠷᠡᠳᠡᠯ᠎ᠠ ᠳᠠᠯᠪᠢᠭᠠᠳ᠂ ᠴᠠᠢ ᠤᠮᠳᠠ ᠪᠠᠨ ᠠᠶᠠᠭᠠᠯᠠᠵᠤ ᠤᠬᠳᠤᠳᠠᠬ ᠰᠠᠶᠢᠬᠠᠨ ᠵᠠᠩᠰᠢᠯ ᠲᠠᠢ ᠪᠢᠯᠡ᠃ ᠳᠡᠬᠡᠬᠦ ᠳᠤ ᠵᠠᠯᠠᠬᠳᠠᠬᠰᠠᠨ ᠵᠤᠴᠢᠨ ᠴᠤ ᠪᠤᠯᠤᠬ᠂ ᠢᠷᠡᠭᠰᠡᠨ ᠬᠦᠮᠦᠨ ᠨᠢ ᠴᠤ ᠪᠤᠯᠤᠬ᠂ ᠳᠠᠯᠪᠢᠵᠥ ᠦᠭᠬᠦᠭᠰᠡᠨ ᠳᠠᠪᠠᠬ ᠰᠠᠪᠠ ᠲᠠᠢ ᠢᠳᠡᠭᠡ ᠶᠢ ᠨᠢ ᠬᠤᠭᠤᠰᠤᠷᠠᠳᠠᠯ᠎ᠠ ᠢᠳᠡᠳᠡᠭ ᠦᠬᠡᠢ ᠶᠤᠮ᠃ ᠠᠩᠭᠠᠭ᠎ᠠ ᠴᠠᠩᠭᠠᠭ᠎ᠠ ᠪᠠᠨ ᠪᠠᠭ᠎ᠠ ᠳᠠᠷᠤᠭᠠᠳ ᠪᠤᠯᠭᠠᠴᠢᠬᠠᠳᠠᠬ᠃ ᠶᠠᠭᠠᠬᠢᠵᠥ ᠦᠯᠦᠰᠴᠥ᠂ ᠠᠩᠭᠠᠵᠤ ᠪᠠᠶᠢᠬᠰᠠᠨ ᠴᠤ ︽ᠳᠡᠬᠡᠵᠢ︾ ︽ᠬᠡᠰᠢᠭ︾ ︽ᠪᠤᠶᠠᠨ︾ ᠢ ᠨᠢ ᠦᠯᠡᠳᠡᠬᠡᠶ᠎ᠠ ᠬᠡᠳ ᠵᠤᠴᠢᠯᠠᠬᠰᠠᠨ ᠠᠶᠢᠯ ᠤᠨ ᠢᠳᠡᠬᠡᠨ ᠰᠠᠪᠠ ᠪᠤᠶᠤ ᠳᠠᠪᠠᠬ ᠢ ᠬᠤᠭᠤᠰᠤᠯᠠᠳᠠᠬ ᠦᠬᠡᠢ᠃ ᠡᠨᠡ ᠪᠤᠯ ᠮᠤᠩᠭᠤᠯᠴᠤᠳ ᠤᠨ ᠠᠯᠢ ᠡᠷᠳᠡ ᠠᠴᠠ ᠤᠯᠠᠮᠵᠢᠯᠠᠵᠤ ᠢᠷᠡᠭᠰᠡᠨ ᠢᠵᠠᠭᠤᠷ ᠦᠪ ᠰᠤᠶᠤᠯ ᠶᠤᠮ᠃    ᠮᠤᠩᠭᠤᠯᠴᠤᠳ ᠠᠶᠢᠯ ᠳᠤ ᠤᠴᠢᠬᠰᠠᠨ ᠬᠡᠶᠢᠴᠢᠨ ᠵᠤᠴᠢᠨ ᠳᠤ ᠪᠠᠨ ᠳᠠᠯᠪᠢᠵᠥ ᠦᠭᠬᠦᠭᠰᠡᠨ ᠳᠠᠪᠠᠬ ᠲᠠᠢ ᠢᠳᠡᠭᠡ ᠪᠤᠶᠤ ᠰᠠᠪᠠ ᠲᠠᠢ ᠬᠤᠭᠤᠯᠠ ᠤᠮᠳᠠᠭᠠᠨ ᠢ ᠨᠢ ᠬᠤᠭᠤᠰᠤᠷᠠᠳᠠᠯ᠎ᠠ ᠢᠳᠡᠵᠥ ᠤᠤᠭᠤᠬᠤ ᠨᠢ ︽ᠶᠤᠰᠤ ᠮᠤᠷᠠᠯ ᠦᠬᠡᠢ ᠬᠦᠮᠦᠨ︾᠂ ︽ᠶᠠᠭᠤᠮ᠎ᠠ ᠮᠡᠳᠡᠬᠦ ᠦᠬᠡᠢ᠂ ᠶᠠᠭᠤᠮ᠎ᠠ ᠦᠵᠡᠭᠰᠡᠨ ᠦᠬᠡᠢ ᠠᠮᠢᠳᠠᠨ︾᠂ ︽ᠦᠯᠦᠩ ᠬᠤᠪᠳᠤᠬ︾ ᠁ ᠬᠡᠬᠦ ᠮᠡᠳᠦ ᠪᠠᠷ ᠬᠡᠯᠡᠭᠳᠡᠨ᠎ᠠ ᠬᠡᠵᠥ ᠳᠠᠰᠤ ᠴᠡᠬᠡᠷᠯᠡᠳᠡᠭ ᠪᠢᠯᠡ᠃ ᠰᠠᠪᠠ ᠬᠤᠭᠤᠰᠤᠯᠠᠬᠤ ᠦᠬᠡᠢ ᠶᠤᠰᠤᠨ ᠳᠤ ᠪᠠᠰᠠ ᠪᠤᠰᠤᠳ ᠤᠨ ᠦᠭᠬᠦᠭᠰᠡᠨ ᠪᠡᠯᠡᠭ ᠤᠨ ᠬᠠᠷᠢᠭᠤ ᠳᠤ ᠰᠠᠪᠠ ᠪᠤᠶᠤ ᠳᠠᠪᠠᠬ ᠢ ᠨᠢ ᠪᠤᠴᠠᠭᠠᠬᠤ ᠳᠤ ᠪᠠᠨ ᠰᠠᠪᠠ ᠪᠤᠶᠤ ᠳᠠᠪᠠᠬ ᠲᠤ ᠨᠢ ᠰᠢᠬᠢᠷ ᠪᠤᠤᠪᠤ ᠵᠡᠷᠬᠡ ᠶᠢ ᠬᠢᠵᠥ᠂ ᠬᠤᠭᠤᠰᠤᠨ ᠪᠤᠴᠠᠭᠠᠳᠠᠬ ᠦᠬᠡᠢ ᠶᠤᠰᠤ ᠲᠠᠢ ᠪᠠᠶᠢᠳᠠᠬ ᠪᠢᠯᠡ᠃ ᠡᠬᠦᠨ ᠢ ︽ᠰᠠᠪᠠ ᠬᠤᠭᠤᠰᠤᠨ ᠪᠤᠴᠠᠭᠠᠳᠠᠬ ᠦᠬᠡᠢ︾ ᠬᠡᠳᠡᠭ᠃ ᠡᠨᠡ ᠪᠦᠬᠦᠢ ᠦᠢᠯᠡ ᠶᠤᠰᠤ ᠪᠤᠯ ᠬᠦᠨᠳᠦᠳᠬᠡᠯ᠂ ᠳᠠᠯᠠᠷᠬᠠᠯ ᠪᠤᠶᠤ ᠪᠡᠯᠬᠡᠳᠡᠯ ᠤᠨ ᠤᠯᠠᠮᠵᠢᠯᠠᠯᠳᠤ ᠰᠤᠶᠤᠯ ᠶᠤᠰᠤᠨ ᠪᠠᠶᠢᠵᠤ᠂ ᠮᠤᠩᠭᠤᠯᠴᠤᠳ ᠤᠨ ᠡᠷᠬᠢᠮ ᠳᠡᠬᠡᠳᠦ ᠮᠤᠷᠠᠯ ᠰᠤᠷᠳᠠᠬᠤᠨ ᠳᠤ ᠳᠤᠭᠠᠴᠠᠬᠳᠠᠳᠠᠬ ᠪᠠᠶᠢᠨ᠎ᠠ᠃ ᠮᠤᠩᠭᠤᠯᠴᠤᠳ ᠤᠨ ︽ᠰᠠᠪᠠ ᠬᠤᠭᠤᠰᠤᠯᠠᠬᠤ ᠦᠬᠡᠢ︾ ᠠᠮᠢᠳᠤᠷᠠᠯ ᠤᠨ ᠶᠤᠰᠤ ᠤᠴᠢᠷ ᠢ ᠬᠡᠤᠬᠡᠳ ᠳᠡᠬᠦᠦ ᠨᠡᠷ ᠮᠢᠨᠢ ᠬᠦᠨ᠎ᠠ ᠡᠵᠡᠮᠰᠢᠵᠥ ᠠᠪᠬᠤ ᠳᠤ ᠮᠤᠩᠭᠤᠯ ᠰᠤᠶᠤᠯ ᠤᠨ ᠨᠢᠬᠡᠨ ᠰᠠᠶᠢᠬᠠᠨ ᠦᠢᠯᠡ ᠳᠡᠯᠬᠡᠷᠡᠭᠰᠡᠬᠡᠷ ᠯᠡ ᠪᠠᠶᠢᠬᠤ ᠪᠤᠯᠤᠨ᠎ᠠ ᠳ᠋ᠠ︕
 
ᠢᠷᠡᠯᠲᠡ᠄ ᠣᠷᠳᠤᠰ ᠤᠨ ᠮᠣᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号