ᠶᠤᠸᠠᠨ  ᠤ ᠲᠡᠭᠡᠳᠦ  ᠨᠡᠶᠢᠰᠯᠡᠯ ᠤᠨ ᠪᠠᠭᠤᠷᠢ ᠭᠠᠶᠢᠢᠬᠠᠮᠰᠢᠬᠳᠦ ᠲᠡᠥᠭᠡ ᠰᠤᠶᠤᠯ ᠢᠶᠠᠷ ᠢᠶᠠᠨ ᠲᠦᠷᠪᠡᠨ ᠵᠦᠭ ᠤᠨ ᠵᠤᠴᠢᠳ  ᠢ  ᠲᠠᠲᠠᠨᠠᠮ
ᠨᠡᠶᠢᠲᠡᠯᠡᠭᠰᠡᠨ ᠴᠠᠭ᠄
2016/8/23
                                 ᠤᠨᠴᠠ ᠤᠷᠢᠭᠰᠠᠨ ᠰᠣᠷᠪᠣᠯᠵᠢᠯᠠᠭᠴᠢ  ᠭᠡᠭᠡᠨᠬᠠᠰ      ᠳᠣᠯᠣᠳᠣᠭᠠᠷ ᠰᠠᠷ᠎ᠠ ᠶᠢᠨ ᠰᠢᠯᠤᠭᠤᠨ ᠬᠦᠭᠡ ᠶᠢᠨ ᠨᠤᠳᠤᠭ ᠲᠤ ᠡᠪᠡᠰᠦ ᠨᠤᠭᠤᠭ᠎ᠠ ᠬᠠᠯᠢᠭᠤᠷᠠᠵᠦ᠂ ᠬᠤᠸᠠᠷ ᠴᠡᠴᠡᠭ ᠦᠡᠭᠭᠡ ᠢᠯᠭᠠᠷᠠᠨ ᠲᠡᠯᠭᠡᠷᠡᠵᠦ᠂ ᠬᠦᠮᠦᠨ ᠠᠷᠠᠳ ᠨᠢ ᠪᠠᠶᠠᠰᠤᠯᠴᠠᠭᠰᠠᠨ ᠡᠳᠡᠭᠡᠳ ᠭᠤᠶᠣ᠃ ᠶᠤᠸᠠᠨ   ᠤ ᠳᠡᠭᠡᠲᠦ ᠨᠡᠶᠢᠰᠯᠡᠯ ᠤᠨ ᠪᠠᠭᠤᠷᠢ ᠳᠤ ᠱᠠᠩᠬᠠᠢ᠂ ᠭᠤᠸᠠᠩᠳᠦ᠋ᠩ᠂ ᠰᠧᠴᠣᠸᠠᠨ᠂ ᠪᠡᠭᠡᠵᠢᠩ ᠵᠡᠷᠬᠡ ᠭᠠᠵᠠᠷ ᠣᠷᠣᠨ ᠠᠴᠠ ᠳᠣᠰᠬᠠᠶᠢᠯᠠᠨ ᠪᠠᠷᠠᠳᠠᠬᠤ ᠪᠠᠷ ᠢᠷᠡᠭᠰᠡᠨ ᠵᠤᠴᠢᠳ ᠵᠣᠭᠠᠴᠠᠭᠰᠠᠳ ᠮᠠᠰᠢ ᠤᠯᠠᠨ   ᠪᠠᠶᠢᠵᠤ᠂ ᠪᠦᠷᠢᠨ ᠪᠣᠰᠣ ᠪᠦᠷᠢᠳᠬᠡᠯ   ᠢ ᠦᠨᠳᠦᠰᠦᠯᠡᠪᠡᠯ᠂ ᠰᠢᠯᠣᠭᠤᠨ ᠬᠦᠬᠡ ᠬᠤᠰᠢᠭᠤ ᠵᠣᠭᠠᠴᠠᠯ ᠤᠨ ᠬᠦᠭᠵᠢᠯᠲᠠᠢ ᠣᠯᠠᠷᠢᠯ ᠲᠤ ᠡᠳᠦᠷ ᠤᠨ ᠲᠦᠮᠡ ᠭᠠᠷᠣᠢ ᠵᠣᠭᠠᠴᠠᠭᠴᠢ ᠶᠢ ᠬᠦᠯᠢᠶᠡᠨ ᠵᠤᠴᠢᠯᠠᠳᠠᠭ  ᠪᠠᠶᠢᠨ᠎ᠠ᠃      1964  ᠤᠨ ᠠᠴᠠ ᠡᠬᠢᠯᠡᠵᠦ᠂ ᠳᠡᠬᠡᠲᠦ ᠨᠡᠶᠢᠰᠯᠡᠯ ᠤᠨ ᠪᠠᠭᠤᠷᠢ ᠨᠢ ᠣᠯᠣᠰ ᠪᠠ ᠣᠷᠣᠨ   ᠤ ᠳᠡᠰ ᠤᠨ ᠬᠠᠮᠠᠭᠠᠯᠠᠯᠳᠠ ᠶᠢᠨ ᠣᠷᠣᠨ  ᠪᠠᠶᠢᠵᠤ᠂ 2012 ᠤᠨ  ᠳᠤ  ᠳᠡᠯᠡᠬᠡᠢ ᠶᠢᠨ ᠰᠣᠶᠣᠯ ᠤᠨ ᠦᠪ   ᠢᠶᠠᠷ ᠠᠮᠵᠢᠯᠳᠠᠳᠠᠢ ᠳᠡᠮᠳᠡᠭᠯᠡᠭᠳᠡᠭᠰᠡᠨ ᠪᠠᠶᠢᠨ᠎ᠠ᠃ 1992 ᠤᠨ    ᠳᠤ᠂ ᠦᠪᠦᠷ ᠮᠣᠩᠭᠤᠯ ᠤᠨ ᠬᠠᠭᠤᠴᠢ  ᠰᠣᠳᠣᠯᠤᠭᠠᠴᠢ ᠨᠠᠷ ᠨᠢ ᠰᠢᠯᠢ ᠶᠢᠨ ᠭᠤᠣᠯ ᠠᠶᠢᠮᠠᠭ ᠤᠨ ᠳᠡᠣᠬᠡᠨ ᠳᠣᠷᠠᠰᠬᠠᠯᠲᠦ ᠵᠦᠢᠯᠡᠰ   ᠢ ᠬᠠᠮᠠᠭᠠᠯᠠᠬᠤ ᠭᠠᠵᠠᠷ ᠲᠠᠢ ᠬᠠᠮᠳᠣᠷᠠᠵᠦ᠂ ᠳᠡᠭᠡᠲᠦ ᠨᠡᠶᠢᠰᠯᠡᠯ ᠠᠴᠠ ᠪᠠᠷᠠᠭᠤᠨᠰᠢ ᠪᠠᠶᠢᠬᠤ ᠪᠣᠮᠪᠠᠨ ᠵᠠᠪᠰᠠᠷ   ᠢ ᠠᠭᠤᠳᠠᠯᠯᠠᠨ ᠨᠡᠭᠡᠭᠡᠵᠦ᠂ ︽ᠮᠣᠩᠭᠤᠯ ᠬᠠᠭᠠᠳ  ᠤᠨ ᠳᠠᠬᠢᠯᠭ᠎ᠠ ᠶᠢᠨ ᠪᠠᠭᠤᠷᠢ   ᠶᠢ ᠢᠯᠡᠷᠡᠬᠦᠯᠪᠡ︾ ᠭᠡᠵᠦ ᠨᠡᠶᠢᠳᠡᠯᠡᠪᠡ᠃ 1994 ᠤᠨ ᠲᠤ᠂ ᠲᠦᠪ ᠤᠨ ᠵᠣᠭᠠᠴᠠᠯ ᠤᠨ ᠦᠢᠯᠡᠰ ᠤᠨ ᠳᠣᠪᠴᠢᠶ᠎ᠠ ᠪᠤᠯᠤᠨ ᠣᠯᠣᠰ ᠤᠨ ᠳᠡᠤᠬᠡ ᠳᠣᠷᠠᠰᠬᠠᠯ ᠤᠨ ᠳᠣᠪᠴᠢᠶ᠎ᠠ ︽1994 ᠣᠨ   ᠤ ᠳᠣᠮᠳᠠᠳᠦ ᠣᠯᠣᠰ ᠤᠨ ᠳᠡᠣᠬᠡ ᠳᠣᠷᠠᠰᠬᠠᠯ ᠬᠠᠭᠤᠴᠢ ᠪᠠᠭᠤᠷᠢ ᠶᠢᠨ ᠵᠣᠭᠠᠴᠠᠯ︾ ᠤᠨ ᠳᠣᠰᠬᠠᠢ ᠬᠦᠳᠦᠯᠪᠦᠷᠢ ᠦᠷᠨᠢᠬᠦᠯᠬᠦ ᠠᠵᠢᠯᠯᠠᠭ᠎ᠠ ᠶᠢᠨ ᠬᠦᠰᠢᠬᠡ ᠶᠢ ᠪᠡᠬᠡᠵᠢᠩ ᠤᠨ ᠬᠠᠭᠠᠨ   ᠤ ᠣᠷᠳᠣᠨ  ᠳᠤ ᠨᠡᠬᠡᠬᠡᠵᠦ᠂ ᠶᠤᠸᠠᠨ   ᠤ ᠳᠡᠬᠡᠲᠦ ᠨᠡᠶᠢᠰᠯᠡᠯ ᠤᠨ ᠪᠠᠭᠤᠷᠢ   ᠶᠢ 14 ᠵᠤᠷᠪᠣᠰ ᠵᠣᠭᠠᠴᠠᠯ ᠤᠨ ᠱᠣᠭᠤᠮ ᠤᠨ ᠨᠢᠬᠡ ᠪᠠᠷ᠂ ᠲᠠᠷᠦᠢ 700 ᠭᠠᠷᠤᠢ ᠵᠢᠯ   ᠤᠨ ᠡᠮᠦᠨ᠎ᠡ ᠮᠠᠷᠺᠤ ᠫᠣᠯᠣ ᠶᠢᠨ ᠳᠣᠮᠳᠠᠳᠦ ᠣᠯᠣᠰ ᠲᠤ ᠠᠶᠠᠯᠠᠭᠰᠠᠨ ᠠᠶᠠᠯᠠᠯ ᠤᠨ ᠡᠬᠢᠨ   ᠤ ᠴᠡᠭ   ᠢᠶᠠᠷ ᠳᠣᠭᠳᠠᠭᠠᠵᠠᠢ᠃ ᠠᠶᠠᠯᠠᠯ ᠤᠨ ᠱᠣᠭᠤᠮ ᠨᠢ ᠮᠠᠷᠺᠤ ᠫᠣᠯᠣ ᠶᠢᠨ ᠵᠢᠭᠤᠯᠴᠢᠯᠠᠭᠰᠠᠨ ᠣᠯᠠ ᠮᠦᠷ   ᠢ ᠳᠠᠭᠠᠵᠦ ᠶᠣᠸᠠᠨ   ᠤ ᠳᠡᠭᠡᠲᠦ ᠨᠡᠶᠢᠰᠯᠡᠯ ᠠᠴᠠ ᠡᠬᠢᠯᠡᠵᠦ᠂ ᠦᠪᠦᠷ ᠮᠣᠩᠭᠤᠯ — ᠪᠡᠬᠡᠵᠢᠩ — ᠱᠠᠨᠰᠢ — ᠵᠢᠶᠠᠩᠰᠣ —ᠵᠧᠵᠢᠶᠠᠩ — ᠹᠦᠵᠢᠶᠡᠨ ᠵᠡᠷᠬᠡ 6 ᠮᠣᠵᠢ ᠣᠷᠣᠨ   ᠢ ᠬᠠᠮᠣᠷᠣᠨ᠂ 30 ᠭᠠᠷᠣᠢ ᠵᠣᠭᠠᠴᠠᠯ ᠤᠨ ᠴᠡᠭ   ᠢ ᠲᠠᠮᠵᠢᠬᠤ ᠪᠣᠯᠣᠨ᠎ᠠ᠃ ᠵᠤᠭᠠᠴᠠᠯ ᠤᠨ ᠱᠤᠭᠤᠮ ᠨᠡᠪᠳᠡᠷᠡᠭᠰᠡᠨ ᠠᠴᠠ ᠵᠤᠭᠠᠴᠠᠨ ᠲᠤᠭᠤᠷᠢᠬᠤ ᠬᠦᠰᠡᠯ ᠲᠠᠢ ᠬᠦᠮᠦᠰ ᠲᠤ ᠲᠦᠬᠦᠮ ᠪᠤᠯᠵᠦ᠂ ᠵᠦᠭ ᠵᠦᠭ ᠠᠴᠠ ᠵᠤᠭᠠᠴᠠᠭᠰᠠᠳ ᠶᠤᠸᠠᠨ   ᠤ ᠲᠡᠭᠡᠳᠦ  ᠨᠡᠶᠢᠰᠯᠡᠯ   ᠢ ᠵᠤᠷᠢᠨ ᠢᠷᠡᠬᠦ ᠪᠤᠯᠵᠠᠢ᠃      ᠳᠡᠭᠡᠲᠦ ᠨᠡᠶᠢᠰᠯᠡᠯ   ᠢ ᠬᠤᠯᠠ ᠠᠴᠠ ᠬᠠᠷᠠᠬᠤ  ᠳᠤ᠂ ᠭᠠᠳᠠᠷ ᠬᠤᠳᠠ᠂ ᠳᠣᠳᠣᠷ ᠬᠤᠳᠠ᠂ ᠣᠷᠳᠣᠨ ᠬᠤᠳᠠ‌‍ᠭᠡᠵᠦ ᠭᠤᠷᠪᠠᠨ ᠬᠤᠳᠠ ᠪᠠᠷ ᠪᠦᠷᠢᠯᠳᠦᠭᠰᠡᠨ ᠨᠢ ᠢᠯᠡᠬᠡᠨ᠃ ᠲᠡᠭᠡᠳᠦ  ᠨᠡᠶᠢᠰᠯᠡᠯ ᠢᠶᠠᠷ ᠵᠤᠭᠠᠴᠠᠨ‌‍ᠲ᠋ᠤᠭᠤᠷᠢᠬᠤ  ᠳᠤ  ᠶᠣᠸᠠᠨ   ᠤ ᠳᠡᠭᠡᠲᠦ ᠨᠡᠶᠢᠰᠯᠡᠯ ᠤᠨ ᠪᠠᠭᠤᠷᠢ ᠶᠢᠨ  ᠮᠥᠽᠸᠢ ᠶᠢᠨ ᠡᠳᠡᠬᠡᠳ ᠭᠠᠶᠢᠬᠠᠮᠰᠢᠬᠲᠦ ᠪᠠᠷᠢᠯᠭ᠎ᠠ ᠪᠢᠳᠡᠨ   ᠤ ᠠᠩᠬᠠᠷᠣᠯ   ᠢ ᠤᠨᠴᠠᠭᠠᠶᠢᠢᠯᠠᠨ‌‍ᠲ᠋ᠠᠳᠠᠯ᠎ᠠ᠃ ᠳᠣᠰ ᠮᠦᠽᠸᠢ ᠨᠢ ᠳᠡᠬᠡᠲᠦ ᠨᠡᠶᠢᠰᠯᠡᠯ ᠤᠨ ᠪᠠᠭᠤᠷᠢ ᠠᠴᠠ ᠡᠮᠦᠨᠡᠰᠢ 5  ᠺᠢᠯᠤᠮᠧᠲᠷ ᠣᠷᠴᠢᠮ ᠤᠨ ᠣᠯᠠᠭᠠᠨᠳᠠᠢ ᠣᠪᠣᠭ᠎ᠠ ᠶᠢᠨ ᠵᠡᠬᠦᠨ ᠡᠩᠬᠡᠷ ᠲᠤ ᠪᠠᠶᠢᠷᠢᠯᠠᠵᠦ᠂ ᠠᠭᠤᠯᠠ   ᠶᠢ ᠨᠦᠬᠡᠯᠡᠵᠦ ᠪᠠᠶᠢᠷᠢᠰᠢᠭᠰᠠᠨ ᠨᠢ ᠭᠠᠶᠢᠬᠠᠯᠳᠠᠢ᠃ ᠳᠣᠰ ᠮᠦᠽᠸᠢ ᠶᠢᠨ ᠳᠠᠯᠠᠪᠠᠢ ᠨᠢ 6991 ᠬᠠᠪᠳᠠᠭᠠᠢ ᠲᠦᠷᠪᠡᠯᠵᠢᠨ  ᠮᠧᠲᠷ  ᠪᠠᠶᠢᠵᠤ᠂ ᠮᠦᠽᠸᠢ ᠳᠣᠳᠣᠷ᠎ᠠ ᠣᠷᠴᠢᠮ ᠤᠨ ᠵᠢᠯ ᠤᠨ ᠠᠭᠤᠳᠠᠯᠯᠠᠵᠦ ᠭᠠᠷᠭᠠᠭᠰᠠᠨ ᠪᠠᠷᠢᠯᠭ᠎ᠠ ᠶᠢᠨ ᠸᠠᠭᠠᠷ ᠳᠣᠭᠤᠰᠬᠠᠨ ᠦᠯᠡᠳᠡᠭᠳᠡᠯ᠂ ᠳᠣᠬᠠᠢ ᠶᠢᠨ ᠦᠶ᠎ᠡ ᠶᠢᠨ ᠮᠣᠩᠭᠤᠯᠴᠣᠳ ᠤᠨ ᠠᠮᠢᠳᠣᠷᠠᠯ ᠤᠨ ᠭᠡᠷᠡᠭᠰᠡᠯ᠂ ᠪᠦᠰᠡᠬᠦ᠋ᠢᠴᠣᠳ ᠤᠨ ᠠᠯᠳᠠ ᠮᠦᠩᠬᠦᠨ ᠵᠠᠰᠠᠯ ᠵᠢᠮᠰᠡᠭ᠂ ᠮᠣᠷᠢᠨ   ᠤ ᠡᠳ᠋ᠯᠡᠯ ᠵᠡᠷᠬᠡ   ᠶᠢ ᠥᠷᠦᠵᠦ ᠲᠠᠯᠪᠢᠵᠠᠢ᠃ ᠲᠤᠭᠤᠷᠢᠨ ᠵᠤᠭᠠᠴᠠᠭᠰᠠᠳ ᠠᠳᠡ ᠠᠴᠠ ᠶᠣᠸᠠᠨ ᠣᠯᠣᠰ ‍ᠤᠨ‌ᠦᠶ᠎ᠡ  ᠶᠢᠨ ᠮᠠᠨᠳᠣᠯ ᠳᠣᠷᠦ᠋ᠢᠳᠠᠯ ᠬᠢᠬᠡᠳ ᠶᠣᠸᠠᠨ ᠣᠯᠣᠰ ᠤᠨ ᠣᠯᠣᠰ ᠲᠦᠷᠦ ᠶᠢᠨ ᠨᠣᠶᠠᠷᠬᠠᠯ᠂ ᠴᠡᠷᠢᠭ ᠤᠨ ᠶᠠᠪᠣᠳᠠᠯ  ᠤᠨ ᠬᠤᠷᠢᠭᠯᠠᠯᠳᠠ᠂ ᠠᠵᠦ ᠠᠬᠤᠢ ᠶᠢᠨ ᠬᠦᠭᠵᠢᠯᠳᠡ᠂ ᠣᠯᠠᠨ ᠡᠰᠢᠴᠢᠯᠡᠭᠰᠡᠨ ᠰᠣᠶᠣᠯ ᠤᠨ ᠤᠨᠴᠠᠯᠢᠭ   ᠢ ᠤᠯᠵᠦ ᠬᠠᠷᠠᠬᠤ ᠪᠤᠯᠤᠨ᠎ᠠ᠃
         ᠵᠣᠭᠠᠴᠠᠭᠰᠠᠳ ᠶᠣᠸᠠᠨ ᠤ ᠲᠡᠭᠡᠳᠣ ᠨᠡᠶᠢᠰᠯᠡᠯ ᠤᠨ ᠪᠠᠭᠤᠷᠢ ᠪᠠᠷ ᠲᠣᠭᠤᠷᠢᠵᠣ ᠪᠠᠶᠢᠭ᠎ᠠ ᠨᠢ ︵ᠣᠨᠴᠠ ᠣᠷᠢᠭᠰᠠᠨ ᠰᠣᠷᠪᠣᠯᠵᠢᠯᠠᠭᠴᠢ ᠠᠯᠳᠠᠨᠰᠣᠪᠣᠳ ᠰᠡᠭᠦᠳᠡᠷᠯᠡᠪᠡ︶
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号