ᠮᠤᠩᠭᠤᠯᠴᠤᠳ ᠤᠨ ᠭᠡᠢ ᠮᠤᠷᠢ ᠶᠢᠨ ᠪᠡᠯᠭᠡᠳᠡᠯ ᠤᠳᠬ᠎ᠠ
ᠨᠡᠶᠢᠲᠡᠯᠡᠭᠰᠡᠨ ᠴᠠᠭ᠄
2017/1/6
           ᠭᠡᠢ ᠮᠤᠷᠢ ᠪᠤᠯ ᠮᠤᠩᠭᠤᠯ ᠤᠨ ᠳᠠᠬᠢᠯᠭ᠎ᠠ ᠶᠢᠨ ᠰᠤᠶᠤᠯ ᠤᠨ ᠨᠢᠭᠡᠠ ᠪᠦᠷᠢᠯᠳᠦᠬᠦᠠ ᠭᠡᠰᠡᠭ ᠪᠤᠯᠬᠤ ᠪᠦᠭᠡᠳ  ᠮᠤᠩᠭᠤᠯ ᠬᠦᠮᠦᠨ ᠤ ᠴᠤᠭ ᠰᠦᠯᠳᠠ᠂ ᠡᠷᠡᠮᠡᠬᠡᠢ ᠵᠤᠷᠢᠭ᠂ ᠦᠭᠡᠳᠡᠯᠠᠠ ᠳᠠᠪᠰᠢᠬᠤ ᠪᠠ ᠬᠦᠭᠵᠢᠯ ᠵᠢᠷᠭᠠᠯ ᠢ ᠨᠢ ᠬᠤᠷᠦ᠋ᠢᠯᠠᠠ  ᠳᠠᠭᠤᠳᠠᠭᠰᠠᠠ ᠪᠡᠯᠭᠡᠳᠡᠯ ᠤᠨ ᠳᠤᠭ ᠳᠠᠯᠪᠠᠭ᠎ᠠ ᠪᠤᠯᠬᠤ ᠶᠤᠮ᠃        ᠠᠯᠢ ᠡᠷᠳᠠ ᠠᠴᠠ ᠠᠪᠤᠭᠠᠳ ᠮᠤᠩᠭᠤᠯ ᠨᠤᠳᠤᠭ ᠲᠤ ᠭᠡᠢ ᠮᠤᠷᠢ ᠪᠠᠨ ᠭᠡᠶᠢᠰᠭᠡᠵᠤ  ᠮᠠᠨᠳᠤᠭᠤᠯᠪᠠᠯ  ᠠᠯᠢᠪᠠ  ᠦᠢᠯᠠᠰ ᠰᠠᠭᠠᠳ ᠦᠬᠡᠢ ᠪᠦᠳᠦᠨ᠎ᠠ ᠬᠡᠵᠤ ᠦᠵᠡᠭᠡᠳ ᠡᠳᠦᠬᠡ ᠪᠤᠯᠳᠠᠯ᠎ᠠ ᠤᠯᠠᠮᠵᠢᠯᠠᠵᠤ ᠢᠷᠡᠭᠰᠡᠠ  ᠶᠤᠮ᠃  ᠭᠡᠬᠦ ᠳᠡᠭᠡᠨ  ᠤᠤᠯ  ᠵᠠᠩ ᠦᠢᠯᠠ ᠨᠤᠳᠤᠭ ᠨᠤᠳᠤᠭ ᠲᠤ ᠠᠳᠠᠯᠢ ᠦᠬᠡᠢ ᠪᠠᠶᠢᠳᠠᠭ᠃ ᠵᠢᠱᠢᠶᠠᠯᠠᠪᠠᠯ᠂ ᠤᠷᠳᠤᠰ᠂ ᠪᠠᠶᠠᠨᠨᠠᠭᠤᠷ᠂ ᠠᠯᠠᠱᠠ ᠳᠤ ᠭᠡᠢ ᠮᠤᠷᠢ ᠶᠢᠨ ᠵᠠᠯ᠎ᠠ ᠳᠠᠷᠴᠤᠭ ᠢ ᠭᠡᠶᠢᠰᠭᠡᠳᠡᠭ ᠪᠤᠯ ᠡᠵᠠᠨ᠎ᠠ ᠨᠤᠳᠤᠭ ᠲᠤ ᠭᠡᠢ ᠮᠤᠷᠢ ᠪᠠᠷᠯᠠᠬᠰᠠᠠ ᠪᠦᠰ ᠳᠠᠷᠴᠤᠭ ᠢ ᠨᠠᠷᠢᠠ ᠤᠷᠳᠤ ᠮᠤᠳᠤᠠ ᠳᠤ ᠤᠶᠠᠵᠤ ᠭᠡᠶᠢᠰᠭᠡᠳᠡᠭ ᠵᠠᠩᠰᠢᠯ ᠲᠠᠢ᠃ ᠡᠷᠳᠠ ᠤᠷᠢᠳᠤ ᠠᠴᠠ ᠤᠯᠠᠮᠵᠢᠯᠠᠯ ᠲᠠᠢ ᠡᠨᠡᠬᠦ ᠶᠤᠰᠤ  ᠵᠠᠩᠰᠢᠯ ᠤᠨ  ᠳᠤᠬᠠᠢ  ᠡᠷᠳᠠᠮᠳᠠᠠ ᠮᠡᠷᠭᠡᠳ ᠠᠳᠠᠯᠢ ᠪᠤᠰᠤ ᠳᠠᠯ᠎ᠠ ᠠᠴᠠ ᠰᠤᠳᠤᠯᠭ᠎ᠠ ᠪᠠᠨ ᠦᠷᠬᠦᠯᠵᠢᠯᠡᠬᠦᠯᠦᠭᠰᠡᠭᠡᠷ ᠪᠠᠶᠢᠭ᠎ᠠ ᠶᠤᠮ᠃ ᠶᠠᠷᠤ ᠨᠢ  ᠰᠢᠷ᠎ᠠ ᠶᠢᠨ  ᠱᠠᠰᠢᠠ ᠮᠤᠩᠭᠤᠯ  ᠤᠷᠤᠠ ᠳᠤ  ᠳᠡᠯᠭᠡᠷᠡᠬᠦ ᠶᠢ  ᠳᠠᠭᠠᠯᠳᠤᠠ  ᠳᠦᠪᠠᠳ ᠤᠨ  ︽ᠰᠠᠯᠬᠢᠠ  ᠮᠤᠷᠢᠠ︾᠎ ᠤ  ᠰᠤᠶᠤᠯ ᠨᠢ   ᠮᠤᠩᠭᠤᠯ ᠤᠨ ᠤᠯᠠᠮᠵᠢᠯᠠᠯᠳᠤ ᠳᠠᠬᠢᠯᠭ᠎ᠠ ᠶᠢᠨ ᠵᠠᠩ ᠦᠢᠯᠠ ᠳᠤ  ᠠᠭᠤᠰᠤᠠ  ᠰᠢᠩᠭᠡᠵᠤ᠂  ᠭᠡᠢ  ᠮᠤᠷᠢ ᠶᠢᠨ  ᠳᠠᠬᠢᠯᠭ᠎ᠠ ᠶᠢᠨ  ᠰᠤᠶᠤᠯ ᠢ  ᠪᠤᠢ ᠪᠤᠯᠭᠠᠬᠰᠠᠠ ᠭᠡᠵᠤ ᠦᠵᠠᠵᠤ ᠪᠤᠯᠤᠮᠠᠷ᠃ ᠡᠨᠠ ᠳᠤᠬᠠᠢ ᠡᠷᠳᠠᠮᠳᠠᠠ ᠳ᠋᠊ · ᠳᠠᠶᠠ ︽ᠤᠷᠳᠤᠰ  ᠭᠡᠢ  ᠮᠤᠷᠢ︾  ᠪᠤᠯ  ᠮᠤᠩᠭᠤᠯ ᠳᠦᠪᠠᠳ ᠤᠨ ᠰᠤᠶᠤᠯ ᠤᠨ ᠤᠷᠭᠠᠨᠢᠭ ᠨᠢᠬᠡᠳᠦᠯ ᠤᠨ ᠦᠷ᠎ᠠ ᠪᠦᠳᠦᠭᠡᠯ ᠮᠦᠠ ᠭᠡᠵᠤ ᠭᠡᠢ ᠮᠤᠷᠢ ᠶᠢᠨ ᠢᠷᠠᠯᠳᠠ ᠶᠢ ᠳᠤᠪᠴᠢ ᠪᠠᠷ ᠨᠤᠳᠠᠯᠠᠬᠰᠠᠠ ᠪᠠᠶᠢᠳᠠᠭ         ᠭᠡᠢ ᠮᠤᠷᠢ ᠭᠡᠶᠢᠰᠭᠡᠬᠦ ᠨᠢ ᠪᠠᠶᠢᠭᠠᠯᠢ ᠳᠡᠯᠡᠬᠡᠢ ᠪᠠ ᠳᠡᠭᠷᠢ  ᠪᠤᠷᠬᠠᠠ ᠢ  ᠪᠠᠶᠠᠰᠬᠠᠵᠤ᠂  ᠳᠠᠬᠦᠠ ᠤ  ᠢᠪᠡᠭᠡᠯ ᠢᠶᠠᠷ  ᠰᠠᠶᠢᠠ ᠰᠠᠶᠢᠬᠠᠠ ᠠᠵᠤ ᠵᠢᠷᠭᠠᠯ ᠲᠠᠢ ᠪᠠᠶᠢᠬᠤ ᠶᠢ ᠪᠡᠯᠬᠡᠳᠡᠵᠤ ᠪᠠᠶᠢᠬᠤ ᠤᠴᠢᠷ ᠲᠠᠢ ᠶᠤᠮ᠃ ᠮᠤᠩᠭᠤᠯᠴᠤᠳ ︽ᠭᠡᠢ ᠮᠤᠷᠢ︾᠎ ᠶᠢ  ᠳᠡᠭᠡᠳᠤ ᠳᠡᠭᠷᠢ ᠯᠦᠭᠡ ᠶᠠᠮᠠᠷ ᠨᠢᠬᠡᠠ ᠨᠢᠬᠳᠠ ᠬᠤᠯᠪᠤᠭ᠎ᠠ ᠲᠠᠢ ᠨᠢᠭᠤᠴᠠ ᠳᠠᠯᠳᠠ ᠢᠳᠠ  ᠬᠦᠴᠦ  ᠷᠢᠳᠢ  ᠰᠢᠳᠢ ᠲᠠᠢ  ᠭᠡᠵᠤ  ᠦᠵᠡᠭᠡᠳ ︽ᠭᠡᠢ ᠮᠤᠷᠢ︾᠎ ᠪᠠᠷ ᠢᠶᠠᠨ ᠳᠠᠮᠵᠢᠭᠤᠯᠤᠠ ᠮᠦᠩᠭᠡ ᠳᠡᠭᠷᠢ ᠶᠢ ᠰᠢᠳᠤᠵᠤ ᠪᠠᠶᠢᠬᠤ ᠶᠠᠪᠤᠳᠠᠯ ᠬᠡᠵᠤ ᠭᠡᠯᠡᠵᠤ ᠪᠤᠯᠤᠮᠠᠷ᠃         ᠭᠡᠢ ᠮᠤᠷᠢ ᠭᠡᠶᠢᠰᠭᠡᠬᠦ ᠶᠤᠰᠤ ᠪᠤᠯ  ᠤᠷᠳᠤᠰ᠂  ᠠᠯᠠᠱᠠ᠂  ᠡᠵᠠᠨ᠎ᠠ ᠶᠢᠨ  ᠮᠤᠩᠭᠤᠯᠴᠤᠳ ᠤᠨ  ᠳᠤᠮᠳᠠ  ᠨᠠᠯᠢᠶᠠᠳ ᠳᠦᠭᠡᠮᠠᠯ ᠴᠢᠨᠠᠷᠳᠠᠢ ᠤᠯᠠᠮᠵᠢᠯᠠᠬᠳᠠᠵᠤ ᠢᠷᠡᠭᠰᠡᠠ ᠶᠤᠰᠤ ᠵᠠᠩᠰᠢᠯ  ᠪᠤᠯᠬᠤ  ᠶᠤᠮ᠃  ᠡᠵᠠᠨ᠎ᠠ  ᠮᠤᠩᠭᠤᠯᠴᠤᠳ  ᠭᠡᠢ  ᠮᠤᠷᠢ ᠶᠢ ᠨᠠᠰᠤᠠ ᠤᠷᠳᠤᠳᠬᠠᠬᠤ ᠶᠢᠨ  ᠪᠡᠯᠭᠡᠳᠡᠯ᠂  ᠠᠯᠢᠪᠠ  ᠦᠢᠯᠠᠰ  ᠰᠠᠭᠠᠳ  ᠦᠬᠡᠢ  ᠪᠦᠳᠦᠬᠦ ᠶᠢᠨ  ᠪᠡᠯᠭᠡᠳᠡᠯ᠂  ᠭᠡᠰᠢᠭ  ᠪᠤᠶᠠᠠ ᠬᠤᠷᠠᠬᠤ ᠶᠢᠨ ᠪᠡᠯᠭᠡᠳᠡᠯ᠂ ᠡᠷᠦᠬᠡ ᠭᠡᠷ ᠢᠶᠠᠨ ᠦᠬᠡᠳᠡ ᠳᠠᠳᠠᠬᠤ ᠶᠢᠨ ᠪᠡᠯᠭᠡᠳᠡᠯ ᠭᠡᠮᠠᠠ ᠳᠡᠭᠡᠳᠤᠯᠠᠠ ᠦᠵᠠᠵᠤ᠂ ᠳᠠᠬᠦᠠ ᠢ ᠪᠤᠳᠠᠳᠤ ᠠᠵᠤ ᠠᠮᠢᠳᠤᠷᠠᠯ ᠤᠨ ᠳᠤᠮᠳᠠ ᠪᠠᠨ ᠰᠦᠰᠦᠭᠯᠡᠠ ᠰᠢᠳᠤᠵᠤ ᠢᠷᠡᠭᠰᠡᠠ ᠠᠴᠠ ᠭᠡᠢ ᠮᠤᠷᠢ ᠮᠠᠨᠳᠤᠬᠤ ᠶᠢ ᠳᠦᠢᠯ ᠢᠶᠠᠷ  ᠡᠷᠬᠢᠮᠯᠠᠵᠤ᠂ ᠭᠡᠢ  ᠮᠤᠷᠢ  ᠭᠡᠪᠳᠡᠬᠦ ᠶᠢ  ᠳᠦᠢᠯ ᠢᠶᠠᠷ  ᠬᠢᠴᠢᠶᠡᠳᠡᠭ  ᠵᠤᠷᠰᠢᠯ ᠲᠠᠢ  ᠪᠤᠯᠤᠬᠰᠠᠠ ᠢᠶᠠᠷ  ᠳᠠᠳᠠᠠ ᠤ  ᠳᠤᠮᠳᠠ  ᠭᠡᠢ  ᠮᠤᠷᠢ ᠪᠠᠨ ᠮᠠᠨᠳᠤᠭᠤᠯᠬᠤ ᠶᠢ ᠬᠦᠰᠡᠭᠰᠡᠠ᠂ ᠭᠡᠢ ᠮᠤᠷᠢ ᠳᠤ ᠬᠤᠯᠪᠤᠭᠳᠠᠬᠤ ᠵᠠᠩᠰᠢᠯ ᠪᠤᠯᠤᠠ ᠭᠡᠯᠡᠯᠭᠡ  ᠦᠷᠭᠡᠠ ᠢᠶᠠᠷ  ᠳᠡᠯᠬᠡᠷᠡᠵᠤ  ᠢᠷᠡᠭᠰᠡᠠ ᠪᠠᠶᠢᠳᠠᠭ᠃ ᠵᠢᠱᠢᠶᠠᠯᠠᠪᠠᠯ᠂  ︽ᠭᠡᠢ  ᠮᠤᠷᠢ ᠶᠢᠨ  ᠪᠠᠭᠤᠴᠠ  ᠡᠳᠤᠷ  ᠭᠡᠢ  ᠮᠤᠷᠢ ᠪᠠᠨ  ᠭᠡᠶᠢᠰᠭᠡᠵᠤ᠂ ᠭᠡᠢ  ᠮᠤᠷᠢ ᠶᠢᠨ ᠰᠠᠩ ᠤᠩᠰᠢᠭᠤᠯᠪᠠᠯ ᠭᠡᠢ ᠮᠤᠷᠢ ᠰᠡᠷᠭᠦᠳᠡᠭ︾᠂ ︽ᠴᠠᠭᠠᠠ ᠰᠠᠷ᠎ᠠ ᠶᠢᠨ ᠰᠢᠨ᠎ᠠ ᠶᠢᠨ ᠨᠢᠭᠡᠠ ᠤ ᠦᠷᠦᠬᠦᠠ ᠭᠡᠢ  ᠮᠤᠷᠢ ᠶᠢᠨ  ᠵᠦᠭ ᠲᠤ ᠮᠦᠷ ᠢᠶᠠᠨ ᠭᠠᠷᠭᠠᠭᠠᠳ ᠵᠦᠪ ᠡᠷᠬᠢᠵᠤ ᠭᠡᠰᠢᠭ ᠪᠤᠶᠠᠠ ᠤ ᠵᠦᠭ ᠠᠴᠠ ᠬᠠᠷᠢᠵᠤ ᠢᠷᠡᠳᠡᠭ᠂ ᠢᠩᠬᠢᠪᠠᠯ  ᠨᠢᠭᠡ  ᠵᠢᠯ ᠳᠡᠭᠡᠨ  ᠭᠡᠢ ᠮᠤᠷᠢ ᠲᠠᠢ ᠶᠠᠪᠤᠨ᠎ᠠ︾᠂ ︽ᠳᠠᠬᠢᠯᠭᠠᠠ ᠤᠪᠤᠭᠠᠠ ᠳᠤ  ᠭᠡᠢ  ᠮᠤᠷᠢ ᠶᠢᠨ  ᠳᠠᠷᠴᠤᠭ ᠢᠶᠠᠨ  ᠠᠪᠠᠴᠢᠵᠤ  ᠭᠡᠶᠢᠰᠭᠡᠪᠠᠯ  ᠬᠡᠢ  ᠮᠤᠷᠢ ᠰᠡᠷᠬᠦᠨ᠎ᠠ᠂ ᠦᠨᠳᠤᠷ ᠠᠭᠤᠯᠠ ᠶᠢᠨ ᠤᠷᠤᠢ ᠪᠤᠶᠤ ᠦᠨᠳᠤᠷ  ᠪᠦᠭᠡᠷᠡᠭ ᠤᠨ  ᠤᠷᠤᠢ ᠳᠤ  ᠭᠠᠷᠴᠤ  ᠬᠤᠪᠴᠠᠰᠤ  ᠬᠤᠨᠠᠷ ᠢᠶᠠᠨ ᠬᠦᠪᠢᠬᠦ ᠪᠤᠶᠤ ᠮᠠᠯᠠᠭᠠᠢ ᠪᠠᠨ ᠬᠦᠪᠢᠪᠠᠯ ᠭᠡᠢ ᠮᠤᠷᠢ ᠰᠡᠷᠭᠦᠳᠡᠭ︾᠂ ᠤᠪᠤᠭᠠᠠ ᠨᠠᠶᠢᠷ ᠲᠤ ᠪᠠᠷᠢᠯᠳᠤᠵᠤ ᠪᠤᠯᠬᠤ  ᠡᠷᠡᠭᠳᠡᠢ  ᠬᠦᠮᠦᠨ ᠪᠦᠬᠦᠳᠠ ᠪᠦᠭᠡ ᠳᠤ ᠤᠷᠤᠯᠴᠠᠵᠤ ︽ᠤᠪᠤᠭᠠᠠ ᠳᠤ ᠳᠤᠭᠤᠰᠤ ᠪᠠᠨ  ᠡᠷᠬᠦᠵᠤ᠂  ᠭᠡᠢ  ᠮᠤᠷᠢ ᠪᠠᠨ  ᠰᠡᠷᠭᠦᠭᠡᠨ᠎ᠠ︾ ᠂  ︽ᠨᠠᠷ᠎ᠠ ᠴᠤᠯᠠ ᠲᠠᠢ ᠪᠦᠭᠡᠴᠢᠨ ᠤ ᠬᠦᠯᠦᠰᠤ ᠶᠢ ᠮᠠᠩᠨᠠᠢ ᠳᠠᠭᠠᠨ ᠳᠦᠷᠬᠢᠪᠠᠯ ᠭᠡᠢ ᠮᠤᠷᠢ ᠰᠡᠷᠭᠦᠨ᠎ᠠ︾᠂ ︽ᠯᠠᠮᠠ ᠪᠠᠷ ᠨᠤᠮ  ᠤᠩᠰᠢᠭᠤᠯᠵᠤ ᠨᠢᠭᠤᠷ ᠭᠠᠷ ᠢᠶᠠᠨ ᠤᠬᠢᠶᠠᠯᠭᠠᠬᠤ᠂ ᠠᠯᠢᠪᠠ ᠶᠢ ᠠᠷᠢᠯᠭᠠᠬᠤ ᠰᠤᠳᠤᠷ ᠨᠤᠮ ᠢᠶᠠᠷ ᠪᠠᠶ᠎ᠠ ᠳᠡᠭᠡᠨ ᠠᠳᠢᠰ ᠳᠠᠯᠪᠢᠭᠤᠯᠪᠠᠯ  ᠭᠡᠢ  ᠮᠤᠷᠢ ᠰᠡᠷᠭᠦᠨ᠎ᠠ︾᠂ ︽ᠴᠢᠨ᠋ᠸ᠎ᠠ ᠶᠢᠨ ᠱᠠᠭ᠎ᠠ ᠶᠢ ᠪᠠᠶ᠎ᠠ ᠳᠡᠭᠡᠨ ᠠᠪᠴᠤ ᠶᠠᠪᠤᠪᠠᠯ ᠭᠡᠢ ᠮᠤᠢ ᠰᠡᠷᠭᠦᠨ᠎ᠠ︾᠂ ︽ᠵᠠᠮ ᠬᠦᠭᠡᠭᠡᠵᠤ  ᠪᠠᠶᠢᠬᠤ ᠳᠤ ᠭᠡᠨᠡᠳᠳᠡ ᠠᠳᠤᠭᠤ ᠳᠠᠭᠠᠷᠠᠯᠳᠤᠪᠠᠯ ᠭᠡᠢ ᠮᠤᠷᠢ ᠲᠠᠢ︾ ᠭᠡᠵᠤ ᠪᠡᠯᠭᠡᠰᠢᠶᠡᠬᠦ᠂ ︽ᠭᠡᠢ ᠮᠤᠷᠢ ᠶᠢᠨ ᠳᠠᠷᠴᠤᠭ ᠭᠡᠶᠢᠰᠭᠡᠪᠠᠯ ᠠᠳᠤᠭᠤ ᠮᠠᠯ ᠴᠠᠰᠢ ᠶᠠᠪᠤᠬᠤ ᠦᠬᠡᠢ︾ ᠭᠡᠬᠦ ᠭᠡᠯᠡᠯᠬᠡ ᠶᠠᠷᠢᠬᠳᠠᠵᠤ  ᠪᠠᠶᠢᠳᠠᠭ  ᠪᠦᠭᠡᠳ  ᠠᠮᠠᠠ  ᠪᠡᠯᠭᠡ ᠶᠢᠨ  ᠢᠷᠦᠬᠡᠯ ᠳᠤ  ︽ᠭᠡᠢ  ᠮᠤᠷᠢ ᠨᠢ ᠳᠡᠭᠳᠡᠵᠤ ᠭᠡᠰᠢᠭ ᠪᠤᠶᠠᠠ ᠨᠢ ᠳᠠᠯᠭᠡᠷᠡ︾ ᠭᠡᠬᠦ ᠪᠤᠶᠤ ᠬᠤᠯᠠ ᠠᠶᠠᠠ ᠳᠤ ᠶᠠᠪᠤᠬᠤ ᠬᠦᠮᠦᠨ ᠢ ︽ᠭᠡᠢ ᠮᠤᠷᠢ ᠲᠠᠢ ᠶᠠᠪᠤᠭᠠᠷᠠᠢ︾ ᠭᠡᠬᠦ ᠮᠠᠳᠤ ᠪᠠᠷ ᠢᠷᠦᠬᠡᠳᠡᠭ ᠵᠠᠩᠰᠢᠯ ᠲᠠᠢ ᠶᠤᠮ᠃ ᠡᠬᠦᠠ ᠠᠴᠠ ᠭᠠᠳᠠᠨ᠎ᠠ ᠤᠨᠤᠭ᠎ᠠ ᠮᠠᠯ ᠤᠨ ᠭᠡᠢ ᠮᠤᠷᠢ ᠶᠢ ᠰᠡᠷᠭᠦᠬᠡᠬᠦ  ᠵᠠᠩ  ᠦᠢᠯᠠ ᠴᠦ ᠪᠠᠶᠢᠳᠠᠭ᠃ ᠵᠢᠱᠢᠶᠠᠯᠠᠪᠠᠯ᠂ ᠴᠠᠭᠠᠠ ᠰᠢᠷ᠎ᠠ ᠳᠡᠮᠡᠭᠡ ᠵᠤᠬᠳᠤᠷᠯᠠᠬᠤ ᠨᠢ ᠤᠨᠤᠭ᠎ᠠ  ᠮᠠᠯ ᠢᠶᠠᠨ  ᠭᠤᠶᠤᠯᠠᠠ᠂  ᠭᠡᠢ  ᠮᠤᠷᠢ ᠶᠢ ᠨᠢ ᠰᠡᠷᠭᠦᠭᠡᠵᠤ ᠪᠠᠶᠢᠬᠤ ᠤᠴᠢᠷ ᠲᠠᠢ᠃         ᠦᠩᠭᠡᠷᠡᠭᠰᠡᠠ ᠳᠤ ᠠᠶᠢᠯ ᠡᠷᠦᠬᠡ ᠪᠤᠶᠤ ᠬᠤᠪᠢ ᠬᠦᠮᠦᠨ ᠡᠯ᠎ᠠ ᠳᠠᠯ᠎ᠠ ᠪᠠᠷ ᠳᠤᠷᠦ᠋ᠢᠳᠠᠠ ᠪᠠᠭᠤᠷᠠᠬᠤ ᠪᠠᠶᠢᠳᠠᠯ  ᠭᠠᠷᠪᠠᠯ ᠵᠢᠷᠤᠬᠠᠶᠢᠴᠢ ᠯᠠᠮᠠ ᠪᠤᠶᠤ ᠯᠠᠮᠠ ᠭᠡᠭᠡᠠ ᠢᠶᠠᠷ ᠵᠢᠷᠤᠬᠠᠢ ᠦᠵᠡᠬᠦᠯᠵᠤ᠂ ᠠᠪᠤᠷᠠᠯ ᠬᠠᠶᠢᠷᠠᠯᠠᠯ  ᠭᠤᠶᠤᠴᠢᠯᠠᠵᠤ᠂  ᠡᠷᠭᠦᠯ  ᠮᠦᠷᠬᠦᠯ ᠢ ᠬᠦᠢᠴᠡᠳᠭᠡᠳᠡᠭ ᠪᠠᠶᠢᠵᠠᠢ᠃ ᠵᠢᠷᠤᠬᠠᠶᠢᠴᠢ ᠯᠠᠮᠠ ᠪᠤᠶᠤ ᠭᠡᠭᠡᠠ ᠠᠴᠠ  ᠭᠡᠢ  ᠮᠤᠷᠢ ᠨᠢ  ᠭᠡᠪᠳᠡᠭᠰᠡᠠ  ᠪᠠᠶᠢᠨ᠎ᠠ  ᠬᠡᠵᠤ  ᠦᠵᠡᠭᠡᠳ ︽ᠰᠦᠨᠠᠰᠤ ᠪᠠᠨ ᠳᠠᠭᠤᠳᠠᠭᠤᠯᠵᠤ᠂ ᠭᠡᠢ ᠮᠤᠷᠢ ᠶᠢᠨ ᠳᠠᠷᠴᠤᠭ ᠭᠡᠶᠢᠰᠭᠡ︾ ᠭᠡᠬᠦ ᠪᠤᠶᠤ ︽ᠬᠡᠢ ᠮᠤᠷᠢ ᠶᠢᠨ ᠰᠠᠩ ᠤᠩᠰᠢᠭᠤᠯᠵᠤ᠂ ᠭᠡᠢ ᠮᠤᠷᠢ ᠶᠢᠨ ᠳᠠᠷᠴᠤᠭ ᠬᠡᠶᠢᠰᠭᠡ︾ ᠭᠡᠵᠤ ᠠᠪᠤᠷᠠᠯ  ᠬᠠᠶᠢᠷᠠᠯᠠᠨ᠎ᠠ᠃  ᠶᠠᠷᠤ  ᠳᠡᠭᠡᠭᠡᠳ  ᠠᠪᠤᠷᠠᠯ  ᠬᠠᠶᠢᠷᠠᠯᠠᠬᠰᠠᠠ  ᠶᠤᠰᠤ ᠪᠠᠷ ᠰᠦᠨᠠᠰᠤ ᠪᠠᠨ ᠳᠠᠭᠤᠳᠠᠭᠤᠯᠬᠤ ᠪᠤᠶᠤ ᠭᠡᠢ ᠮᠤᠷᠢ ᠶᠢᠨ ᠰᠠᠩ ᠤᠩᠰᠢᠭᠤᠯᠵᠤ᠂ ᠭᠡᠢ ᠮᠤᠷᠢ ᠪᠠᠨ ᠭᠡᠶᠢᠰᠭᠡᠭᠰᠡᠠ ᠤ  ᠳᠠᠷᠠᠭ᠎ᠠ  ᠴᠤᠭ ᠰᠦᠯᠳᠠ ᠲᠠᠢ ᠪᠤᠯᠵᠤ ᠬᠡᠢ ᠮᠤᠷᠢ ᠰᠡᠷᠭᠦᠯ᠎ᠠ ᠭᠡᠵᠤ  ᠦᠵᠡᠳᠡᠭ᠃  ᠡᠨᠠ ᠨᠢ  ᠳᠠᠳᠠᠠ ᠤ  ᠤᠶᠤᠠ  ᠰᠠᠨᠠᠭᠠᠠ ᠤ  ᠳᠠᠯ᠎ᠠ ᠪᠠᠷ ᠬᠢ ᠳᠠᠶᠢᠳᠬᠤᠷᠠᠯ ᠪᠤᠯᠤᠨ᠎ᠠ᠃ ᠤᠴᠢᠷ ᠨᠢ ᠬᠡᠢ ᠮᠤᠷᠢ ᠳᠤ ᠮᠤᠩᠭᠤᠯᠴᠤᠳ ᠤᠨ ᠬᠦᠰᠠᠯᠠᠩ ᠤᠨ ᠪᠡᠯᠭᠡ ᠳᠡᠮᠳᠡᠭ᠂ ᠴᠤᠭ ᠰᠦᠯᠳᠠ ᠶᠢᠨ ᠪᠡᠯᠭᠡᠳᠡᠯ᠂ ᠡᠩᠭᠡ ᠰᠠᠶᠢᠬᠠᠠ ᠤ ᠢᠷᠦᠬᠡᠯ ᠵᠡᠷᠭᠡ ᠰᠠᠶᠢᠠ ᠰᠠᠶᠢᠬᠠᠠ ᠤ ᠰᠤᠳᠤ ᠪᠦᠬᠦᠳᠠ ᠶᠢ ᠪᠠᠭᠳᠠᠭᠠᠠ ᠰᠢᠩᠭᠡᠭᠡᠭᠰᠡᠠ ᠳᠤ  ᠪᠠᠶᠢᠬᠤ ᠶᠤᠮ᠃         ︵︽ᠡᠵᠠᠨ᠎ᠠ ᠳᠤᠷᠭᠤᠳ ᠤᠨ ᠶᠤᠰᠤ  ᠵᠠᠩᠰᠢᠯ ᠤᠨ  ᠤᠯᠠᠮᠵᠢᠯᠠᠯ  ᠰᠢᠨᠠᠴᠢᠯᠠᠯ︾  ᠨᠤᠮ ᠠᠴᠠ  ᠨᠠᠮᠤᠷ  ᠨᠠᠶᠢᠷᠠᠭᠤᠯᠤᠠ ᠠᠪᠤᠪᠠ︶      
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号