ᠰᠢᠲᠦᠯᠭᠡ ᠪᠢᠰᠢᠷᠡᠯ ᠳᠤ ᠬᠤᠯᠪᠤᠭᠳᠠᠬᠤ ᠴᠡᠭᠡᠷ
ᠨᠡᠶᠢᠲᠡᠯᠡᠭᠰᠡᠨ ᠴᠠᠭ᠄
2017/1/6
         ᠳᠠᠯᠠᠯᠭ᠎ᠠ ᠳᠠᠭᠤᠳᠠᠵᠤ ᠭᠠᠯ ᠲᠠᠬᠢᠭᠰᠠᠨ ᠠᠶᠢᠯ ᠭᠤᠷᠪᠠ ᠬᠤᠨᠤᠭ ᠤᠨ ᠳᠤᠲᠤᠷ᠎ᠠ ᠭᠠᠯ ᠲᠠᠬᠢᠭᠰᠠᠨ ᠵᠤᠤᠬᠠᠨ ᠤ ᠦᠨᠡᠰᠦ ᠴᠤᠭ ᠢ ᠬᠦᠨᠳᠡᠬᠦ ᠶᠢ ᠴᠡᠭᠡᠷᠯᠡᠳᠡᠭ᠃ ᠡᠨᠡ ᠭᠤᠷᠪᠠᠨ ᠬᠤᠨᠤᠭ ᠲᠤ ᠪᠤᠰᠤᠳ ᠲᠤ ᠡᠳ᠋ ᠪᠠᠷᠠᠭ᠎ᠠ᠂ ᠮᠠᠯ ᠤᠨᠤᠭ᠎ᠠ᠂ ᠮᠦᠩᠭᠦ ᠵᠤᠭᠤᠰ ᠦᠭᠬᠦ ᠶᠢ ᠪᠠᠰᠠ ᠴᠡᠭᠡᠷᠯᠡᠳᠡᠭ᠃ ᠡᠴᠢᠭᠡ ᠡᠬᠡ ᠠᠬ᠎ᠠ ᠵᠠᠬᠠᠰ ᠤᠨ  ᠨᠠᠰᠤ  ᠨᠦᠭᠴᠢᠭᠰᠡᠨ  ᠡᠳᠦᠷ ᠲᠤ  ᠪᠤᠰᠤᠳ ᠲᠤ  ᠶᠠᠭᠤᠮ᠎ᠠ ᠦᠭᠬᠦ ᠶᠢ ᠪᠠᠰᠠ ᠴᠡᠭᠡᠷᠯᠡᠳᠡᠭ᠃ ᠡᠨᠡ ᠨᠢ ᠠᠶᠢᠯ ᠤᠨ  ᠨᠠᠰᠤᠳᠠᠶᠢᠴᠤᠤᠯ ᠤᠨ  ᠭᠡᠰᠢᠭ  ᠪᠤᠶᠠᠨ  ᠵᠠᠶᠢᠯᠠᠨ᠎ᠠ  ᠭᠡᠵᠦ  ᠦᠵᠡᠭᠰᠡᠨ ᠰᠡᠵᠢᠭᠯᠡᠯ ᠠᠴᠠ ᠪᠤᠯᠤᠭᠰᠠᠨ ᠴᠡᠭᠡᠷ ᠶᠤᠮ᠃ ᠬᠤᠯᠤᠭᠠᠨ᠎ᠠ ᠡᠳᠦᠷ ᠪᠤᠶᠤ ᠨᠤᠬᠠᠢ ᠡᠳᠦᠷ ᠦᠭᠡᠷ᠎ᠡ  ᠪᠤᠰᠤᠳ ᠲᠤ  ᠶᠠᠭᠤᠮ᠎ᠠ ᠪᠠᠨ ᠦᠭᠪᠡᠯ᠂  ᠬᠤᠯᠤᠭᠠᠨ᠎ᠠ  ᠡᠳᠦᠷ  ᠦᠭᠭᠦᠭᠰᠡᠨ ᠨᠢ  ᠬᠤᠭᠤᠰᠤᠷᠠᠵᠤ  ᠶᠠᠳᠠᠭᠤᠷᠠᠭᠠᠳ᠂  ᠨᠤᠬᠠᠢ  ᠡᠳᠦᠷ   ᠦᠭᠭᠦᠭᠰᠡᠨ ᠨᠢ ᠭᠠᠷᠤᠵᠠᠳᠠᠳᠠᠭ ᠭᠡᠳᠡᠭ᠃ ᠡᠶᠢᠮᠦ ᠠᠴᠠ ᠡᠨᠡ ᠬᠤᠶᠠᠷ ᠡᠳᠦᠷ ᠪᠤᠰᠤᠳ ᠲᠤ ᠶᠠᠭᠤᠮ᠎ᠠ  ᠦᠭᠬᠦ ᠶᠢ  ᠮᠠᠰᠢ  ᠴᠡᠭᠡᠷᠯᠡᠳᠡᠭ  ᠠᠵᠢ᠃ ᠡᠭᠦᠨ ᠳᠤ ᠪᠠᠰᠠ ᠭᠡᠷ ᠤᠨ ᠡᠵᠡᠨ ᠤ ᠵᠢᠯ ᠤᠷᠤᠵᠤ  ᠪᠠᠶᠢᠬᠤ  ᠦᠶ᠎ᠡ ᠳᠤ  ᠶᠠᠭᠤᠮ᠎ᠠ  ᠭᠠᠷᠭᠠᠬᠤ ᠶᠢ  ᠴᠡᠭᠡᠷᠯᠡᠳᠡᠭ᠃  ᠮᠠᠯ ᠤᠨ ᠬᠠᠰᠢᠶ᠎ᠠ ᠶᠢ  ᠱᠦᠭᠦᠷ ᠢᠶᠠᠷ  ᠱᠦᠭᠦᠷᠳᠡᠬᠦ ᠶᠢ  ᠴᠡᠭᠡᠷᠯᠡᠨ᠎ᠡ᠃  ᠡᠨᠡ ᠨᠢ  ᠮᠠᠯ ᠤᠨ  ᠬᠠᠰᠢᠶᠠᠨ ᠳᠤ  ᠪᠤᠵᠠᠷ   ᠪᠤᠯᠤᠨ᠎ᠠ   ᠭᠡᠵᠦ ᠦᠵᠡᠳᠡᠭ ᠠᠴᠠ ᠪᠤᠯᠵᠠᠢ᠃ ᠳᠡᠭᠡᠰᠦᠨ ᠤ ᠳᠡᠭᠡᠭᠦᠷ ᠠᠯᠬᠤᠪᠠᠯ ᠡᠨᠡ ᠠᠶᠢᠯ ᠤᠨ ᠬᠡᠢ ᠮᠤᠷᠢ ᠬᠡᠪᠲᠡᠨ᠎ᠡ ᠭᠡᠵᠦ ᠴᠡᠭᠡᠷᠯᠡᠳᠡᠭ᠃         ᠲᠡᠮᠡᠭᠡ ᠮᠤᠷᠢ ᠪᠠᠨ ᠪᠤᠰᠤᠳ ᠲᠤ  ᠬᠤᠳᠠᠯᠳᠤᠵᠤ  ᠦᠭᠬᠦ  ᠪᠤᠶᠤ  ᠶᠠᠮᠠᠷ  ᠨᠢᠭᠡᠨ  ᠭᠡᠨᠡᠳᠡᠯ ᠢᠶᠠᠷ  ᠮᠠᠯ  ᠤᠨᠤᠭ᠎ᠠ ᠨᠢ ᠦᠬᠦᠭᠰᠡᠨ ᠪᠠᠶᠢᠪᠠᠯ ᠭᠡᠷ ᠤᠨ ᠡᠵᠡᠨ ᠨᠢ ᠨᠤᠭᠲᠤ᠂ ᠪᠤᠷᠠᠨᠲᠠᠭ᠂  ᠬᠠᠵᠠᠭᠠᠷ ᠢ ᠨᠢ  ᠲᠠᠶᠢᠯᠵᠦ  ᠠᠪᠴᠤ  ᠬᠤᠷᠢᠶᠠᠳᠠᠭ᠃ ᠡᠨᠡ ᠨᠢ ᠮᠠᠯ ᠳᠤ ᠪᠤᠶᠠᠨ ᠬᠢᠵᠤ ᠪᠠᠶᠢᠭ᠎ᠠ ᠤᠴᠢᠷ ᠭᠡᠳᠡᠭ᠃         ᠠᠯᠠᠱᠠ ᠬᠤᠱᠤᠳ ᠮᠤᠩᠭᠤᠯᠴᠤᠳ ᠵᠢᠩᠬᠢᠨᠢ ᠨᠠᠰᠤ ᠪᠠᠨ ᠪᠤᠰᠤᠳ ᠲᠤ ᠬᠡᠯᠡᠬᠦ ᠶᠢ ᠴᠡᠭᠡᠷᠯᠡᠳᠡᠭ᠃ ᠬᠦᠮᠦᠨ  ᠠᠰᠠᠭᠤᠪᠠᠯ ᠶᠠᠷᠤ ᠨᠢ ᠢᠯᠡᠭᠦᠤ ᠪᠤᠶᠤ ᠳᠤᠲᠠᠭᠤ ᠪᠠᠷ ᠬᠡᠯᠡᠳᠡᠭ᠃  ᠡᠨᠡ ᠨᠢ  ᠦᠩᠭᠡᠷᠡᠭᠰᠡᠨ  ᠴᠠᠭ ᠲᠤ  ᠬᠠᠷᠢᠶᠠᠯ  ᠬᠢᠵᠦ  ᠬᠤᠤᠷᠯᠠᠬᠤ ᠠᠴᠠ ᠰᠡᠷᠡᠮᠵᠢᠯᠡᠭᠰᠡᠠ ᠤᠯᠠᠮᠵᠢᠯᠠᠯ ᠭᠡᠳᠡᠭ᠃ ᠪᠠᠰᠠ ᠦᠷᠢ ᠳᠤ ᠤᠨᠠᠨ᠎ᠠ  ᠭᠡᠵᠦ  ᠬᠤᠷᠤᠭᠤ ᠪᠠᠷ  ᠭᠠᠵᠠᠷ  ᠵᠢᠷᠤᠬᠤ ᠶᠢ  ᠴᠡᠭᠡᠷᠯᠡᠨ᠎ᠡ᠃ ᠦᠭᠡᠶᠢᠷᠡᠬᠦ ᠪᠤᠯᠤᠨ᠎ᠠ ᠭᠡᠵᠦ ᠱᠦᠭᠦᠷ ᠢᠶᠠᠷ ᠬᠦᠮᠦᠨ ᠮᠠᠯ ᠵᠤᠳᠤᠬᠤ ᠶᠢ ᠴᠡᠭᠡᠷᠯᠡᠨ᠎ᠡ᠃ ᠶᠠᠪᠤᠳᠠᠯ ᠤᠳᠠᠭᠠᠰᠢᠷᠠᠨ᠎ᠠ ᠭᠡᠵᠦ  ᠠᠶᠠᠨ ᠤ ᠪᠠᠭᠤᠷᠢ ᠳᠤ ᠰᠢᠯᠡᠭᠡᠪᠦᠷ ᠦᠯᠡᠳᠡᠭᠡᠬᠦ ᠶᠢ ᠴᠡᠭᠡᠷᠯᠡᠨ᠎ᠡ᠃ ᠨᠠᠷᠠᠨ ᠤ ᠡᠰᠡᠷᠬᠦ ᠬᠠᠨᠳᠤᠵᠦ ᠰᠢᠭᠡᠪᠡᠯ ᠨᠢᠭᠦᠯ ᠪᠤᠯᠳᠠᠭ ᠭᠡᠬᠦ  ᠮᠡᠲᠤ  ᠴᠡᠭᠡᠷ ᠬᠤᠷᠢᠭ᠎ᠠ ᠲᠠᠢ᠃         ᠤᠨᠤᠭ᠎ᠠ ᠶᠢ ᠪᠤᠷᠤᠭᠤ ᠲᠠᠯ᠎ᠠ ᠠᠴᠠ ᠤᠨᠤᠪᠠᠯ ᠨᠢᠭᠦᠯ ᠪᠤᠯᠤᠨ᠎ᠠ ᠭᠡᠵᠦ ᠴᠡᠭᠡᠷᠯᠡᠳᠡᠭ᠃ ᠵᠠᠮ ᠤᠨ ᠰᠠᠯᠪᠤᠷᠢ ᠪᠤᠶᠤ ᠬᠡᠳᠦᠨ ᠵᠠᠮ ᠤᠨ ᠠᠭᠤᠯᠵᠠᠭᠤᠷ ᠳᠡᠭᠡᠷ᠎ᠡ ᠤᠨᠤᠭ᠎ᠠ ᠠᠴᠠ  ᠪᠠᠭᠤᠬᠤ ᠶᠢ  ᠴᠡᠭᠡᠷᠯᠡᠳᠡᠭ᠃  ᠪᠢᠲᠡᠭᠦᠨ ᠤ  ᠤᠷᠤᠢ  ᠠᠶᠢᠯ  ᠬᠡᠰᠦᠬᠦ᠂  ᠠᠮᠢ ᠬᠤᠷᠤᠭᠠᠬᠤ᠂ ᠡᠮ ᠤᠤᠭᠤᠬᠤ᠂ ᠬᠡᠤᠬᠡᠳ ᠢᠶᠠᠨ ᠬᠠᠷᠢᠶᠠᠵᠤ ᠵᠤᠳᠤᠬᠤ᠂ ᠤᠰᠤ ᠰᠠᠴᠤᠬᠤ᠂ ᠬᠤᠨᠢ ᠮᠠᠯ ᠢᠶᠠᠨ ᠠᠯᠳᠠᠵᠤ ᠭᠡᠭᠡᠬᠦ᠂ ᠠᠶᠢᠯ ᠳᠤ ᠬᠤᠨᠤᠬᠤ᠂ ᠦᠨᠳᠦᠷ ᠳᠠᠭᠤᠨ ᠢᠶᠠᠷ ᠬᠠᠰᠭᠢᠴᠠᠬᠤ᠂ ᠥᠯᠥᠰᠭᠦᠯᠡᠩ ᠬᠤᠨᠤᠬᠤ ᠵᠡᠷᠭᠡ ᠶᠢ ᠪᠦᠷ ᠨᠢᠭᠦᠯ  ᠪᠤᠯᠳᠠᠭ  ᠬᠡᠵᠦ ᠲᠠᠰᠤ ᠴᠡᠭᠡᠷᠯᠡᠳᠡᠭ᠃ ᠮᠦᠨ ᠪᠢᠲᠡᠭᠦᠨ ᠤ ᠰᠦᠨᠢ ᠬᠠᠷᠠᠩᠭᠤᠢ ᠪᠠᠶᠢᠬᠤ ᠶᠢ ᠴᠡᠭᠡᠷᠯᠡᠵᠦ ᠰᠦᠨᠢ ᠲᠤᠷᠰᠢ  ᠳ᠋ᠧᠩ  ᠵᠤᠯᠠ  ᠠᠰᠠᠭᠠᠵᠤ ᠭᠡᠷᠡᠯ ᠭᠡᠭᠡ ᠲᠠᠢ ᠪᠠᠶᠢᠯᠭᠠᠳᠠᠭ᠃ ᠡᠰᠡ  ᠲᠡᠭᠡᠪᠡᠯ  ︽ᠴᠢᠳᠬᠦᠷ  ᠢᠷᠡᠵᠦ  ᠡᠵᠡᠯᠡᠨ᠎ᠡ︾  ᠭᠡᠳᠡᠭ᠃                                    ︵︽ᠠᠯᠠᠱᠠ  ᠬᠤᠱᠤᠳ︾ ᠨᠤᠮ ᠠᠴᠠ︶        
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号