ᠬᠠᠩᠰᠢ ᠶᠢᠨ ᠲᠠᠬᠢᠯᠭ᠎ᠠ ᠶᠢᠨ ᠰᠤᠶᠤᠯ
ᠨᠡᠶᠢᠲᠡᠯᠡᠭᠰᠡᠨ ᠴᠠᠭ᠄
2017/4/1
             — — ᠰᠢᠯᠤᠭᠤᠨ ᠭᠦᠭᠡ ᠬᠤᠰᠢᠭᠤᠨ ᠤ ᠵᠠᠩ ᠦᠢᠯᠡ‌‍ᠰᠤᠳᠤᠯᠤᠭᠠᠴᠢ                                          ᠱ᠊᠂ ᠲᠦᠩᠰᠢᠭ ᠨᠠᠰᠤᠳᠠᠨ ᠢ ᠰᠤᠷᠪᠤᠯᠵᠢᠯᠠᠪᠠ
 
        ᠮᠤᠩᠭᠤᠯᠴᠤᠤᠨ ᠤᠤᠯ ᠨᠢ ᠤᠷᠤᠰᠢᠭᠤᠯᠭ᠎ᠠ ᠭᠠᠰᠢᠭᠤᠳᠠᠯ ᠤᠨ ᠲᠠᠬᠢᠯᠭ᠎ᠠ ᠵᠢᠨ‌‍ᠰᠤᠶᠤᠯ ᠲᠠᠢ ᠪᠠᠶᠢᠭᠰᠠᠨ ᠪᠤᠯᠪᠠᠴᠤ ᠲᠤᠰᠬᠠᠶᠢᠯᠠᠨ ᠲᠤᠭᠳᠠᠭᠰᠠᠨ ᠲᠠᠬᠢᠯᠭ᠎ᠠ ᠶᠢᠨ ᠡᠳᠤᠷ ᠭᠡᠵᠤ ᠪᠠᠶᠢᠭᠰᠠᠨ‌ᠦᠭᠡᠢ᠃ ᠨᠦᠭᠴᠢᠭᠰᠡᠤᠨ ᠢ ᠤᠷᠤᠰᠢᠭᠤᠯᠤᠭᠰᠠᠨ3 ᠳ᠋ᠤᠭᠠᠷ ᠡᠳᠤᠷ᠂7 ᠳ᠋ᠤᠭᠠᠷ ᠡᠳᠤᠷ᠂21ᠳ᠋ᠤᠭᠡᠷ ᠡᠳᠤᠷ᠂ᠬᠠᠮᠤᠭ ᠤᠷᠳᠤ ᠳᠠᠭᠠᠨ49  ᠳ᠋ᠤᠭᠡᠷ ᠡᠳᠤᠷ ᠤᠨ ᠤᠢ‌‍ᠲ᠋ᠡᠭᠡᠷ᠎ᠡ ᠨᠢ ᠭᠡᠭᠦᠷ ᠤᠨ ᠭᠠᠵᠠᠷ ᠤᠴᠢᠵᠤ ᠭᠡᠩᠰᠢᠭᠦᠤ ᠭᠠᠷᠭᠠᠵᠤ᠂ ᠰᠠᠴᠤᠯᠢ ᠡᠷᠭᠦᠨ ᠲᠠᠬᠢᠯᠭ᠎ᠠ ᠲᠠᠯᠪᠢᠳᠠᠭ᠂ ᠲᠡᠭᠡᠭᠡᠤᠨ ᠴᠠᠭ᠎ᠠ ᠲᠠᠶᠢᠯᠤᠨ᠎ᠠ᠃ ᠲᠠᠷᠠᠭ᠎ᠠ ᠨᠢ ᠨᠢᠭᠡ ᠵᠢᠯ ᠤᠨ ᠤᠢ᠂ ᠭᠤᠷᠪᠠᠨ ᠵᠢᠯ ᠤᠨ ᠤᠢ ᠲᠡᠭᠡᠷ᠎ᠡ ᠨᠢ ᠤᠴᠢᠵᠤ ᠲᠠᠬᠢᠯᠭ᠎ᠠ ᠲᠠᠯᠪᠢᠨ᠎ᠠ᠃ ᠭᠤᠷᠪᠠᠨ ᠵᠢᠯ ᠦᠩᠭᠡᠷᠡᠪᠡᠯ‌‍ᠲ᠋ᠠᠬᠢᠯᠭ᠎ᠠ ᠲᠠᠯᠪᠢᠬᠤ ᠨᠢ ᠬᠤᠪᠤᠷ ᠪᠤᠯᠳᠠᠭ᠃ ᠬᠠᠷᠢᠨ ᠲᠡᠭᠡᠳᠤᠰ ᠤᠨ ᠤᠷᠤᠰᠢᠭᠤᠯᠤᠭᠰᠠᠨ ᠤᠩᠭᠤᠨ ᠤ ᠭᠠᠵᠠᠷ‌‍ᠤᠨ ᠤᠷᠢᠳᠤᠭᠤᠷ ᠬᠤᠶᠢᠭᠤᠷ ᠦᠩᠭᠡᠷᠡᠵᠤ ᠭᠠᠷᠪᠠᠯ ᠮᠤᠷᠢ ᠤᠨᠤᠭ᠎ᠠ ᠠᠴᠠ ᠪᠠᠨ ᠪᠠᠭᠤᠵᠤ ᠪᠡᠶ᠎ᠡ ᠳᠡᠭᠡᠨ ᠠᠪᠴᠤ‌‍ᠶᠠᠪᠤᠭ᠎ᠠ ᠢᠳᠡᠭᠡᠨ ᠤᠮᠳᠠᠭᠠᠨ ᠤ ᠪᠠᠨ ᠲᠡᠭᠡᠵᠢ ᠪᠠᠷ ᠰᠠᠴᠤᠯᠢ ᠡᠷᠭᠦᠵᠤ ᠶᠤᠰᠤ ᠭᠦᠢᠴᠡᠳᠭᠡᠨ ᠮᠦᠷᠭᠦᠭᠡᠤᠨ‌ᠭᠠᠷᠳᠠᠭ᠃           ᠮᠤᠩᠭᠤᠯᠴᠤᠤᠨ ᠤᠤᠯ ᠨᠢ ᠤᠷᠤᠰᠢᠭᠤᠯᠭ᠎ᠠ ᠭᠠᠰᠢᠭᠤᠳᠠᠯ ᠤᠨ ᠲᠠᠬᠢᠯᠭ᠎ᠠ ᠵᠢᠨ‌‍ᠰᠤᠶᠤᠯ ᠲᠠᠢ ᠪᠠ‍‌ᠤᠯᠠᠮᠵᠢᠯᠠᠯ ᠶᠠᠷᠢᠶᠠᠨ ᠳᠤ᠂ ᠴᠢᠩᠭᠢᠰ ᠬᠠᠭᠠᠨ ᠲᠡᠭᠷᠢ ᠳ᠋ᠤ᠋‌ᠬᠠᠯᠢᠬᠰᠠᠨ ᠤ ᠲᠠᠷᠠᠭ᠎ᠠ ᠭᠡᠨᠳᠠᠢ ᠠᠭᠤᠯᠠᠨ ᠤ ᠡᠩᠭᠡᠷ ᠤᠨ ᠶᠡᠭᠡ ᠦᠳᠦᠭ ᠪᠤᠶᠤ ᠴᠢᠨ᠋ᠸ᠎ᠠ ᠶᠢᠨ ᠭᠤᠤ ᠳ᠋ᠤ᠋‌ᠤᠷᠤᠰᠢᠭᠤᠯᠬᠤ ᠳᠠᠭᠠᠨ ᠪᠤᠳᠤᠭᠤ ᠲᠠᠭᠠᠭᠤᠯᠤᠭᠰᠠᠨ ᠢᠩᠭᠡᠨ ᠲᠡᠮᠡᠭᠡ ᠠᠪᠴᠤ ᠤᠴᠢᠵᠤ ᠪᠤᠳᠤᠭᠤ ᠶᠢ ᠎ ᠨᠢ ᠴᠢᠩᠬᠢᠰ‌‍ᠤᠨ ᠭᠡᠭᠦᠷ ᠲᠠᠢ ᠬᠠᠮᠳᠤ ᠭᠠᠵᠠᠷ ᠲᠤ ᠤᠷᠤᠰᠢᠭᠤᠯᠪᠠ᠃ ᠤᠷᠤᠰᠢᠭᠤᠯᠤᠭᠰᠠᠨ ᠭᠠᠵᠠᠷ ᠤᠨ ᠭᠦᠷᠤᠰᠤ ᠰᠢᠷᠤᠢ᠂ ᠡᠪᠡᠰᠤ ᠮᠤᠳᠤ ᠶᠢ ᠤᠤᠯ ᠭᠡᠪ ᠲᠤᠨᠢ ᠤᠷᠤᠳᠠᠯ᠎ᠠ‌‍ᠲ᠋ᠠᠯᠠᠨ ᠭᠠᠵᠠᠷ ᠤᠨ ᠡᠷᠬᠢᠨ ᠲᠤᠭᠤᠷᠢᠨ ᠳᠤ ᠴᠡᠷᠢᠭ ᠪᠦᠰᠡᠯᠡᠨ ᠰᠠᠭᠤᠵᠤ ᠶᠠᠮᠠᠷ ᠴᠦ ᠠᠮᠢᠳᠠᠨ ᠢ‌ᠤᠷᠤᠰᠢᠭᠤᠯᠭ᠎ᠠ ᠶᠢᠨ ᠭᠠᠵᠠᠷ ᠤᠷᠤᠭᠤᠯᠤᠯ ᠦᠭᠡᠢ ᠬᠤᠷᠢᠭᠯᠠᠨ ᠰᠡᠷᠭᠡᠶᠢᠯᠡᠪᠡ᠃ ᠶᠠᠭ ᠨᠢᠭᠡ ᠵᠢᠯ ᠤᠨ ᠤᠢ‌‍ᠲ᠋ᠡᠭᠡᠷ᠎ᠡ ᠨᠢ ᠮᠦᠨ ᠲᠡᠷᠡᠭᠦ ᠡᠳᠤᠷ ᠢᠩᠭᠡᠨ ᠲᠡᠮᠡᠭᠡ ᠶᠢ ᠲᠠᠯᠪᠢᠭᠰᠠᠨ ᠳᠤ ᠢᠩᠭᠡ ᠪᠤᠳᠤᠭᠤ ᠪᠡᠨ‌ᠤᠷᠤᠰᠢᠭᠤᠯᠤᠭᠰᠠᠨ ᠭᠠᠵᠠᠷ ᠢ ᠦᠨᠤᠷᠯᠡᠨ ᠤᠯᠵᠤ ᠨᠢᠯᠪᠤᠰᠤ ᠪᠦᠮᠪᠤᠷᠢᠯᠡᠭᠦᠯᠤᠨ ᠪᠤᠶᠢᠯᠠᠪᠠ᠃ ᠲᠦᠷᠤ ᠵᠢᠨ‌‍ᠲ᠋ᠠᠬᠢᠯᠭ᠎ᠠ ᠬᠢᠭᠰᠡᠤᠨ ᠢᠩᠭᠡᠨ ᠲᠡᠮᠡᠭᠡ ᠎ ᠶᠢ ᠬᠤᠷᠤᠭᠠᠵᠤ᠂ ᠴᠢᠩᠭᠢᠰ ᠤᠨ ᠤᠷᠤᠰᠢᠭᠤᠯᠤᠭᠰᠠᠨ ᠵᠢᠩᠭᠢᠨᠢ‌ᠭᠠᠵᠠᠷ ᠢ ᠮᠡᠳᠡᠭᠦ ᠭᠦᠮᠤᠨ ᠠᠮᠢᠳᠠᠨ ᠦᠭᠡᠢ ᠪᠤᠯᠭᠠᠭᠰᠠᠨ ᠭᠡᠯᠴᠡᠳᠡᠭ᠃ ᠡᠨᠡ ᠪᠤᠯ ᠲᠡᠤᠭᠡᠨ ᠲᠡᠮᠳᠡᠭᠯᠡᠯ᠂ ᠠᠮᠠ ᠲᠠᠮᠵᠢᠭᠰᠠᠨ ᠬᠠᠭᠤᠴᠢ ᠶᠠᠷᠢᠶ᠎ᠠ᠂ᠮᠤᠩᠭᠤᠯᠴᠤᠤᠨ ᠤᠨ ᠤᠷᠤᠰᠢᠭᠤᠯᠭ᠎ᠠ ᠬᠢᠭᠰᠡᠨ ᠲᠠᠬᠢᠯᠭ᠎ᠠ ᠶᠢᠨ ᠰᠤᠶᠤᠯ ᠪᠤᠯᠤᠨ᠎ᠠ᠃           ᠶᠡᠭᠡ ᠶᠤᠸᠠᠨ ᠤᠯᠤᠰ ᠤᠨ ᠦᠶ᠎ᠡ ᠳ᠋ᠤ᠋‌ᠬᠤᠪᠢᠯᠠᠢ ᠬᠠᠭᠠᠨ ᠴᠢᠩᠭᠢᠰ ᠬᠠᠭᠠᠨ ᠢ ᠪᠠᠭᠳᠠᠭᠠᠭᠰᠠᠨ ᠡᠪᠦᠭᠡ ᠲᠡᠭᠡᠳᠤᠰ ᠢᠶᠠᠨ ᠲᠡᠬᠢᠬᠤ ᠨᠠᠢᠮᠠᠨ ᠴᠠᠭᠠᠨ‌ᠤᠷᠳᠤ ᠶᠢ ᠪᠠᠶᠢᠭᠤᠯᠵᠤ ᠵᠢᠯ ᠤᠨ ᠲᠦᠷᠪᠡᠨ ᠤᠯᠠᠷᠢᠯ ᠳᠤ 4 ᠤᠳᠠᠭᠠᠨ ᠤ ᠲᠠᠬᠢᠯᠭ᠎ᠠ ᠬᠢᠭᠦ ᠲᠦᠷᠢᠮ‌‍ᠭᠡᠷᠡᠭᠵᠢᠭᠦᠯᠪᠠ᠃ ᠡᠨᠡ ᠪᠤᠯ ᠪᠤᠰᠤᠤᠨ ᠦᠨᠳᠤᠰᠤᠳᠡᠨ ᠤ ᠬᠠᠩᠰᠢᠨ ᠳᠤ ᠲᠡᠭᠡᠳᠤᠰ ᠢᠶᠠᠨ ᠲᠠᠬᠢᠵᠤ‌‍ᠭᠡᠩᠰᠢᠭᠦᠤ ᠭᠠᠷᠭᠠᠨ ᠲᠠᠬᠢᠯᠭ᠎ᠠ ᠡᠷᠭᠦᠳᠡᠭ ᠰᠤᠶᠤᠯ ᠢ ᠮᠤᠩᠭᠤᠯ ᠲᠠᠬᠢᠯᠭ᠎ᠠ ᠶᠢᠨ ᠰᠤᠶᠤᠯ ᠳᠤ ᠠᠭᠤᠰᠬᠠᠨ‌‍ᠭᠡᠷᠡᠭᠵᠢᠭᠦᠯᠦᠭᠰᠨᠨ ᠭᠠᠰᠢᠭᠤᠳᠠᠯ ᠲᠠᠬᠢᠯᠭ᠎ᠠ ᠶᠢᠨ ᠰᠤᠶᠤᠯ ᠤᠨ ᠡᠬᠢᠯᠡᠯᠳᠡ ᠪᠠᠶᠢᠵᠤ ᠪᠤᠯᠤᠮᠠᠷ᠃ ᠭᠡᠳᠡᠯ᠎ᠡ‌‍ᠲ᠋ᠡᠷᠡ ᠨᠢ ᠬᠠᠩᠰᠢ ᠶᠢᠨ ᠡᠳᠤᠷ ᠪᠤᠰᠤ᠂ 4 ᠤᠯᠠᠷᠢᠯ ᠳᠤ ᠲᠤᠭᠳᠠᠭᠠᠭᠰᠠᠨ ᠡᠳᠤᠷ ᠢᠶᠠᠨ ᠬᠢᠳᠡᠭ ᠲᠠᠬᠢᠯᠭ᠎ᠠ‌‍ᠪᠤᠯᠤᠨ᠎ᠠ᠃ ᠶᠡᠷᠤ ᠶᠢᠨ ᠡᠭᠡᠯ ᠠᠷᠡᠤᠨ᠂ ᠮᠠᠯᠴᠢᠨ‌ᠮᠤᠩᠭᠤᠯᠴᠤᠤᠨ᠂ ᠲᠡᠭᠡᠷ᠎ᠡ ᠵᠠᠭᠤᠨ ᠤ ᠲᠠᠪᠢᠭᠠᠤᠨ ᠤᠨ ᠤ ᠡᠬᠢᠨ ᠪᠤᠯᠳᠠᠯ᠎ᠠ ᠲᠡᠭᠡᠳᠤᠰ ᠢᠶᠠᠨ ᠭᠡᠭᠡᠷ᠎ᠡ‌ᠤᠷᠤᠰᠢᠭᠤᠯᠳᠠᠭ᠃ ᠡᠭᠦᠨ ᠢ ᠭᠦᠳᠡᠭᠡᠯᠡᠭᠦ ᠭᠡᠳᠡᠭ᠃ ᠭᠦᠳᠡᠭᠡᠯᠡᠭᠦ ᠨᠢ ᠨᠠᠰᠤ ᠪᠠᠷᠠᠭᠰᠠᠤᠨ ᠢᠶᠠᠨ ᠤᠪᠤᠭ‌ᠠᠶᠢᠮᠠᠭ ᠪᠤᠶᠤ ᠠᠶᠢᠯ ᠭᠦᠷᠰᠢ ᠶᠢᠨ ᠵᠠᠬ᠎ᠠ ᠬᠢᠵᠠᠭᠠᠷ ᠲᠤ ᠪᠠᠶᠢᠳᠠᠭ ᠪᠤᠶᠢᠳᠠ ᠪᠦᠭᠯᠡᠭᠦᠤ ᠭᠡᠭᠦᠷ ᠲᠠᠯᠪᠢᠳᠠᠭ‌‍ᠲ᠋ᠤᠰᠬᠠᠢ ᠭᠠᠵᠠᠷ ᠲᠤ ᠢᠯᠡ ᠲᠠᠯᠪᠢᠬᠤ ᠨᠢ ᠤᠯᠠᠨ᠂ ᠭᠡᠭᠡᠷ᠎ᠡ ᠶᠢᠨ ᠴᠢᠨ᠋ᠸ᠎ᠠ ᠨᠤᠬᠠᠢ ᠠᠷᠢᠶᠠᠳᠠᠨ ᠵᠢᠭᠦᠷᠳᠡᠨ ᠤ ᠬᠤᠭᠤᠯᠠᠨ ᠭᠦᠨᠡᠰᠤ ᠪᠤᠯᠭᠠᠳᠠᠭ᠃ᠬᠠᠯᠳᠠᠪᠤᠷᠢᠳᠤ ᠬᠢᠵᠢᠭ ᠡᠪᠡᠳᠴᠢᠨ ᠲᠠᠬᠤᠯ ᠢᠶᠠᠷ ᠨᠠᠰᠤ ᠨᠦᠭᠴᠢᠭᠰᠡᠤᠨ ᠢ ᠪᠤᠯ ᠭᠠᠵᠠᠷ ᠤᠨ ᠭᠦᠷᠤᠰᠤ ᠶᠢ ᠭᠦᠨᠳᠡᠵᠤ ᠨᠦᠭᠡ ᠮᠠᠯᠳᠠᠨ ᠤᠷᠤᠰᠢᠭᠤᠯᠬᠤ ᠪᠤᠶᠤ‌ᠭᠠᠯ ᠢᠶᠠᠷ ᠲᠡᠭᠳᠡᠭᠡᠳᠡᠭ᠃ ᠨᠦᠭᠡ ᠮᠠᠯᠳᠠᠬᠤ ᠳᠠᠭᠠᠨ ᠰᠢᠷᠤᠢ ᠶᠢ ᠨᠢ ᠰᠤᠯᠢᠳᠠᠭ ᠦᠭᠡᠢ᠂  ᠢᠷᠤᠭᠠᠷ ᠲᠤ ᠪᠠᠶᠢᠭᠰᠠᠨ ᠰᠢᠷᠤᠢ ᠶᠢ ᠨᠢ ᠮᠦᠨ ᠲᠤᠤᠷ᠎ᠠ ᠨᠢ‌‍ᠬᠢᠵᠤ᠂ ᠲᠤᠮᠳᠠᠬᠢ ᠰᠢᠷᠤᠢ ᠶᠢ ᠨᠢ ᠮᠦᠨ ᠲᠤᠮᠳᠠ ᠨᠢ ᠬᠢᠵᠤ ᠭᠦᠷᠦᠰᠤᠨ ᠤ ᠰᠢᠷᠤᠢ ᠪᠠᠷ ᠨᠢ ᠪᠦᠳᠡᠭᠡᠵᠤ ᠲᠠᠯᠪᠢᠨ᠎ᠠ᠃ ᠭᠦᠷᠤᠰᠤ ᠡᠪᠳᠡᠭᠦ ᠦᠭᠡᠢ᠂ᠡᠪᠡᠰᠤ ᠮᠤᠳᠤ ᠶᠢ ᠭᠦᠨᠳᠡᠭᠦ ᠦᠭᠡᠢ᠂ ᠤᠤᠯ ᠪᠠᠶᠢᠭᠠᠯᠢᠯᠢᠭ ᠢᠶᠠᠷ ᠨᠢ ᠪᠠᠶᠢᠯᠭᠠᠬᠤ ᠶᠢ ᠲᠡᠷᠢᠭᠦᠨ‌‍ᠴᠢᠬᠤᠯᠠ ᠶᠠᠪᠤᠳᠠᠯ ᠪᠤᠯᠭᠠᠨ᠎ᠠ᠃ ᠡᠨᠡ ᠵᠠᠩᠰᠢᠯ ᠶᠡᠭᠡ ᠤᠷᠳᠤ ᠬᠤᠭᠤᠴᠠᠭ᠎ᠠ ᠦᠷᠭᠦᠯᠵᠢᠯᠡᠭᠰᠡᠨ ᠪᠠᠶᠢᠨ᠎ᠠ᠃            ᠶᠡᠭᠡᠰ ᠭᠡᠷᠭᠡᠮᠳᠡᠨ᠂ ᠴᠡᠷᠢᠭ ᠵᠠᠩᠵᠤᠨ᠂ ᠠᠯᠳᠠᠷ ᠴᠤᠤᠳᠤ ᠭᠦᠮᠤᠰ ᠨᠠᠰᠤ‌ᠨᠦ᠋ᠭᠴᠢᠪᠠᠯ ᠶᠡᠭᠡ ᠡᠷᠳᠡᠨ ᠤ ᠦᠶ᠎ᠡ ᠳᠤ ᠤᠪᠤᠭ᠎ᠠ ᠪᠤᠰᠬᠠᠵᠤ ᠤᠷᠤᠰᠢᠭᠤᠯᠳᠠᠭ ᠵᠠᠩᠰᠢᠯ ᠲᠠᠢ ᠪᠠᠶᠢᠪᠠ᠃ ᠴᠢᠩ ᠤᠯᠤᠰ ᠤᠨ ᠦᠶ᠎ᠡ ᠳ᠋ᠤ᠋‌‍ᠭᠡᠷᠭᠡᠮᠳᠡᠨ ᠯᠠᠮᠠ᠂ ᠭᠡᠭᠡᠨ ᠬᠤᠪᠢᠯᠭᠠᠤᠨ ᠨᠠᠰᠤ ᠨᠦᠭᠴᠢᠪᠠᠯ ᠰᠤᠪᠤᠷᠭ᠎ᠠ ᠪᠤᠰᠬᠠᠵᠤ ᠰᠤᠪᠤᠷᠭᠠᠯᠠᠨ‌ᠤᠷᠤᠰᠢᠭᠤᠯᠳᠠᠭ᠃ ᠲᠡᠭᠡᠭᠡᠤᠨ ᠮᠤᠩᠭᠤᠯ ᠭᠠᠵᠠᠷ ᠰᠦᠮ᠎ᠡ ᠭᠡᠶᠢᠤᠨ ᠤᠯᠠᠰᠢᠷᠠᠬᠤ ᠶᠢ ᠲᠠᠭᠠᠯᠳᠤᠨ ᠰᠦᠮ᠎ᠡ ᠵᠢᠨ‌ᠤᠶᠢᠷ᠎ᠠ ᠬᠠᠪᠢ ᠳᠤ ᠰᠤᠪᠤᠷᠭ᠎ᠠ ᠤᠯᠠᠰᠢᠷᠠᠪᠠ᠃ ᠪᠠᠰᠠ ᠭᠡᠷᠭᠡᠮᠳᠡᠨ ᠭᠦᠮᠤᠰ ᠢ ᠭᠠᠯ ᠢᠶᠠᠷ ᠲᠡᠭᠳᠡᠭᠡᠵᠤ‌ᠤᠷᠤᠰᠢᠭᠤᠯᠬᠤ ᠶᠢ ᠡᠷᠬᠢᠮᠯᠡᠵᠤ᠂ ᠡᠭᠦᠨ ᠢ ᠴᠢᠨᠳᠠᠷ ᠬᠠᠶᠢᠯᠤᠭᠤᠯᠬᠤ ᠭᠡᠳᠡᠭ᠃ ᠡᠨᠡ ᠪᠤᠯ ᠭᠦᠨᠳᠤᠳᠭᠡᠯ ‍ᠤᠨ‌ᠨᠡᠷᠡᠶᠢᠳᠤᠯ ᠪᠤᠯᠤᠨ᠎ᠠ᠃ ᠭᠡᠭᠦ ᠳᠤ ᠮᠦᠨ ᠪᠠᠶᠢᠭᠠᠯᠢ ᠶᠢ ᠡᠪᠳᠡᠭᠦ ᠦᠭᠡᠢ᠂ ᠡᠪᠡᠰᠤ ᠮᠤᠳᠤ ᠭᠦᠨᠳᠡᠭᠦ ᠦᠭᠡᠢ᠂ ᠭᠦᠰᠢᠶ᠎ᠠ ᠢᠯᠡᠷᠭᠡᠶᠢᠯᠡᠯ ᠪᠤᠰᠬᠠᠬᠤ ᠦᠭᠡᠢ ᠪᠠᠶᠢᠬᠤ ᠶᠢ ᠬᠠᠳᠠᠭᠤ ᠪᠠᠷᠢᠮᠳᠠᠯᠠᠵᠤ ᠢᠷᠠᠵᠠᠢ᠃ ᠤᠯᠤᠰ‌‍ᠪᠠᠶᠢᠭᠤᠯᠤᠭᠳᠠᠭᠰᠠᠨ ᠡᠬᠢᠨ ᠤ ᠦᠶ᠎ᠡ ᠪᠤᠶᠤ ᠲᠡᠭᠡᠷ᠎ᠡ ᠵᠠᠭᠤᠨ ᠤ ᠲᠠᠪᠢᠭᠠᠤᠨ ᠤᠨ ᠪᠤᠯᠳᠠᠯ᠎ᠠ ᠡᠨᠡᠭᠦ‌ᠤᠷᠤᠰᠢᠭᠤᠯᠭ᠎ᠠ ᠎ ᠶᠢᠨ ᠵᠠᠩᠰᠢᠯ ᠶᠡᠭᠡᠳᠡ ᠬᠤᠪᠢᠷᠠᠯᠳᠠ ᠭᠠᠷᠤᠭᠰᠠᠨ ᠦᠭᠡᠢ᠃ ᠬᠠᠷᠢᠨ ᠤᠤᠯ ᠤᠨ ᠤᠯᠠᠮᠵᠢᠯᠠᠯᠳᠤ‌‍ᠭᠦ᠋ᠳᠡᠭᠡᠯᠡᠭᠦ ᠭᠠᠵᠠᠷ ᠤᠨ ᠡᠷᠬᠢᠨ ᠲᠤᠭᠤᠷᠢᠨ ᠳᠤ ᠤᠷᠤᠰᠢᠨ ᠠᠮᠢᠳᠤᠷᠠᠬᠤ ᠭᠦᠮᠤᠨ ᠠᠮᠢᠳᠠᠨ ᠤᠯᠠᠰᠢᠷᠠᠬᠤ ᠵᠢ‌‍ᠲ᠋ᠠᠭᠠᠯᠳᠤᠨ ᠨᠡᠶᠢᠳᠡ ᠶᠢᠨ ᠤᠩᠭᠤᠨ ᠤ ᠭᠠᠵᠠᠷ ᠭᠠᠷᠬᠤ ᠪᠠᠶᠢᠳᠠᠯ ᠢᠯᠡᠷᠡᠪᠡ᠃ ᠡᠭᠦᠨ ᠠᠴᠠ ᠡᠬᠢᠯᠡᠨ‌ᠠᠪᠰᠠᠯᠠᠵᠤ ᠤᠷᠤᠰᠢᠭᠤᠯᠬᠤ ᠪᠤᠯᠤᠨ ᠪᠤᠮᠪᠠᠯᠠᠵᠤ ᠤᠷᠤᠰᠢᠭᠤᠯᠬᠤ ᠎ ᠨᠢ ᠤᠯᠠᠨ ᠪᠤᠯᠤᠭᠰᠠᠨ᠃ ᠤᠴᠢᠷ ᠨᠢ‌‍ᠭᠡᠭᠡᠷ᠎ᠡ ᠶᠢᠨ ᠴᠢᠨ᠋ᠸ᠎ᠠ ᠨᠤᠬᠠᠢ ᠠᠷᠢᠶᠠᠳᠠᠨ ᠵᠢᠭᠦᠷᠳᠡᠨ ᠴᠦᠭᠡᠷᠡᠵᠤ ᠭᠡᠭᠦᠷ ᠢ ᠭᠦᠨᠳᠡᠵᠤ ᠢᠳᠡᠭᠦ ᠠᠮᠢᠳᠠᠨ‌ᠦᠭᠡᠢ ᠪᠤᠯᠤᠭᠰᠠᠨ ᠤᠴᠢᠷ ᠭᠠᠯ ᠢᠶᠠᠷ ᠲᠡᠭᠳᠡᠭᠡᠭᠦ ᠨᠢ ᠤᠷᠴᠢᠨ ᠲᠤᠭᠤᠷᠢᠨ ᠢ ᠬᠠᠮᠠᠭᠠᠯᠠᠬᠤ ᠪᠦᠳᠤᠮᠵᠢᠳᠠᠢ‌ᠠᠷᠭ᠎ᠠ ᠶᠢᠨ ᠨᠢᠭᠡ ᠪᠤᠯᠵᠠᠢ᠃                     ᠨᠢᠭᠡᠳᠤᠯᠵᠡᠭᠦ ᠶᠢ ᠲᠠᠭᠠᠯᠳᠤᠨ ᠤᠤᠯ ᠤᠨ ᠭᠦᠮᠤᠨ ᠠᠮᠢᠳᠠᠨ‌ᠠᠶᠢᠯ ᠲᠤᠰᠬᠤᠨ ᠪᠦᠭᠡᠮᠨᠠᠷᠡᠵᠤ ᠰᠠᠭᠤᠬᠤ ᠪᠤᠯᠤᠭᠰᠠᠨ ᠢᠶᠠᠷ ᠤᠷᠤᠰᠢᠭᠤᠯᠭ᠎ᠠ ᠳᠤ ᠪᠠᠰᠠ ᠭᠠᠵᠠᠷ ᠨᠤᠳᠤᠭ ‍ᠤᠨ‌ᠬᠤᠪᠢᠷᠠᠯᠳᠠ ᠭᠠᠷᠪᠠ᠃ ᠪᠠᠯᠭᠠᠰᠤ ᠲᠤᠭᠤᠷᠢᠭ ᠲᠤ ᠨᠡᠶᠢᠳᠡ ᠶᠢᠨ ᠤᠩᠭᠤᠨ ᠤ ᠭᠠᠵᠠᠷ ᠭᠠᠷᠴᠤ᠂ ᠠᠯᠳᠠᠷ‌‍ᠭᠦ᠋ᠨᠳᠤᠳᠠᠢ ᠭᠦᠮᠤᠰ ᠲᠤ ᠰᠤᠪᠤᠷᠭ᠎ᠠ ᠪᠤᠰᠬᠠᠪᠠ᠃ ᠡᠭᠦᠨ ᠳᠤ ᠪᠠᠭᠠᠳᠤᠷ ᠤᠨ ᠰᠤᠪᠤᠷᠭ᠎ᠠ ᠪᠤᠯ ᠬᠠᠮᠳᠤ ᠵᠢᠨ‌ᠤᠷᠤᠰᠢᠭᠤᠯᠭ᠎ᠠ ᠶᠢᠨ ᠭᠠᠵᠠᠷ ᠪᠤᠯᠤᠨ᠎ᠠ᠃ ᠲᠡᠷᠡ ᠨᠢ ᠴᠡᠷᠢᠭ ᠡᠷ᠎ᠡ ᠲᠠᠶᠢᠴᠢᠤᠨ ᠎ ᠢᠶᠠᠨ ᠲᠤᠷᠠᠰᠤᠭᠰᠠᠨ ᠭᠦᠰᠢᠶ᠎ᠠ‌‍ᠶᠤᠮ᠃ ᠰᠢᠯᠤᠭᠤᠨ ᠭᠦᠭᠡ ᠬᠤᠰᠢᠭᠤᠨ ᠳᠤ ᠲᠠᠶᠢᠨ ᠳᠤ ᠦᠷᠡᠭᠳᠡᠭᠰᠡᠨ ᠭᠤᠸᠠᠩ ᠴᠢ ᠶᠢ ᠎ ᠶᠢᠨ ᠭᠦᠰᠢᠶ᠎ᠠ ᠵᠢ‌ᠬᠠᠪᠢᠷᠭ᠎ᠠ ᠳᠤ ᠪᠤᠰᠬᠠᠵᠤ᠂ ᠶᠡᠷᠡᠭᠡᠤᠨ ᠤᠨ ᠳᠤ ᠤᠤᠯ ᠤᠨ ᠦᠪᠤᠷ ᠮᠤᠩᠭᠤᠯ ᠤᠨ ᠴᠡᠷᠢᠭ ᠤᠨ ᠲᠤᠭᠤᠷᠢᠭ ‍ᠤᠨ‌‍ᠺᠤᠮᠠᠨᠳᠠᠯᠠᠭᠴᠢ ᠶᠠᠪᠤᠭᠰᠠᠨ ᠦᠯᠵᠡᠶᠢᠸ᠋ᠴᠢᠷ ᠤᠨ ᠴᠢᠨᠳᠠᠷ ᠢ ᠲᠡᠭᠦᠨ ᠤ ᠪᠠᠶᠢᠯᠳᠤᠵᠤ ᠶᠠᠪᠤᠭᠰᠠᠨ ᠦᠭᠡᠷᠴᠢᠨ ᠤᠪᠤᠭᠠᠨ ᠳᠤ ᠤᠷᠤᠰᠢᠭᠤᠯᠵᠤ‌‍ᠭᠦ᠋ᠰᠢᠶ᠎ᠠ ᠪᠤᠰᠬᠠᠪᠠ᠃           ᠰᠢᠯᠤᠭᠤᠨ ᠭᠦᠭᠡ ᠬᠤᠰᠢᠭᠤ ᠤᠩᠭᠤᠨ ᠤ ᠭᠠᠵᠠᠷ ᠢ ᠤᠷᠢᠤᠨ ᠬᠤᠵᠢᠤᠨ ᠭᠡᠳᠤᠨᠳᠡ‌ᠵᠠᠰᠠᠨ ᠴᠡᠭᠴᠡᠯᠡᠵᠤ ᠵᠢᠷᠤᠮᠵᠢᠭᠤᠯᠵᠤ ᠤᠷᠴᠢᠨ ᠲᠤᠭᠤᠷᠢᠨ ᠢ ᠬᠠᠮᠠᠭᠠᠯᠠᠬᠤ ᠠᠵᠢᠯ ᠢ ᠴᠢᠩᠭᠠᠳᠬᠠᠵᠠᠢ᠃           ᠮᠠᠨ ᠤ ᠡᠪᠦᠭᠡ‌‍ᠲ᠋ᠡᠭᠡᠳᠤᠰ ︽ᠭᠦᠮᠤᠨ ᠤ ᠭᠠᠵᠠᠷ ᠨᠡᠷ᠎ᠡ ᠪᠠᠨ᠂ ᠦᠪᠡᠷ ᠤᠨ ᠨᠤᠳᠤᠭ ᠲᠠᠭᠠᠨ ᠶᠠᠰᠤ ᠪᠠᠨ︾  ᠭᠡᠳᠡᠭ ᠶᠤᠰᠤ ᠵᠢᠷᠤᠮ ᠢ ᠡᠷᠬᠢᠮᠯᠡᠨ ᠰᠤᠷᠭᠠᠭᠰᠠᠭᠠᠷ ᠢᠷᠡᠵᠠᠢ᠃ ᠭᠦᠮᠤᠨ ᠪᠤᠯ ᠡᠭᠡ ᠪᠠᠶᠢᠭᠠᠯᠢ ᠶᠢᠨ ᠲᠦᠷᠦᠳᠡᠰᠤ᠂ ᠨᠦᠭᠴᠢᠭᠰᠡᠤᠨ ᠢᠶᠠᠨ ᠤᠷᠤᠰᠢᠭᠤᠯᠬᠤ ᠳᠠᠭᠠᠨ ᠴᠦ‌‍ᠪᠠᠶᠢᠭᠠᠯᠢ ᠡᠵᠢ ᠶᠢᠨ ᠨᠢᠭᠤᠷ ᠲᠦᠷᠭᠦ ᠶᠢ ᠡᠪᠳᠡᠭᠦ ᠶᠢ ᠤᠨᠴᠠ ᠴᠡᠭᠡᠷᠯᠡᠳᠡᠭ ᠂ ᠲᠡᠶᠢᠮᠤ ᠪᠤᠯᠬᠤᠷ‌ᠤᠷᠤᠰᠢᠭᠤᠯᠭ᠎ᠠ ᠶᠢᠨ ᠤᠷᠤ ᠮᠦᠷ᠂ ᠭᠦᠰᠢᠶ᠎ᠠ᠂ ᠪᠤᠩᠬᠤᠨ ᠰᠤᠪᠤᠷᠭ᠎ᠠ ᠪᠤᠰᠬᠠᠬᠤ ᠶᠢ ᠬᠠᠳᠠᠭᠤ ᠴᠠᠭᠠᠵᠠᠯᠠᠳᠠᠭ‌‍ᠪᠠᠶᠢᠵᠠᠢ᠃           ᠨᠡᠶᠢᠭᠡᠮ ᠰᠢᠨᠡᠳᠤᠨ ᠬᠤᠪᠢᠷᠠᠵᠤ ᠪᠠᠶᠢᠨ᠎ᠠ᠃ ᠬᠠᠩᠰᠢ ᠵᠢᠨ‌ᠡᠳᠤᠷ ᠤᠩᠭᠤᠨ ᠪᠤᠯᠠᠰᠢ ᠶᠢᠨ ᠭᠠᠵᠠᠷ ᠤᠴᠢᠵᠤ ᠪᠡᠯᠪᠡᠰᠤᠷᠠᠯ ᠭᠠᠰᠢᠭᠤᠳᠠᠯ ᠭᠢᠭᠦ ᠳᠡᠭᠡᠨ ᠪᠠᠰᠠ ᠤᠤᠯ ‍ᠤᠨ‌ᠤᠷᠴᠢᠨ ᠲᠤᠭᠤᠷᠢᠨ ᠢ ᠬᠠᠮᠠᠭᠠᠯᠠᠳᠠᠭ ᠤᠯᠠᠮᠵᠢᠯᠠᠯᠳᠤ ᠰᠠᠶᠢᠬᠠᠨ ᠵᠠᠩᠰᠢᠯ ᠢᠶᠠᠨ ᠪᠠᠷᠢᠮᠳᠠᠯᠠᠵᠤ᠂ ᠰᠦᠨ‌‍ᠰᠠᠴᠤᠯᠢ ᠡᠷᠭᠦᠵᠤ ᠴᠡᠴᠡᠭ ᠭᠦᠷᠭᠡᠭᠦ ᠪᠤᠶᠤ ᠤᠩᠭᠤᠨ ᠪᠤᠯᠠᠰᠢ ᠶᠢᠨ ᠭᠠᠵᠠᠷ ᠴᠤᠭᠯᠠᠷᠠᠭᠰᠠᠨ ᠬᠤᠭ ᠨᠤᠪᠰᠢ‌‍ᠶᠢ ᠨᠢ ᠴᠡᠪᠡᠷᠯᠡᠨ ᠱᠦᠭᠦᠷᠳᠡᠵᠤ ᠲᠦᠭᠦᠮ ᠲᠠᠬᠢᠯᠭ᠎ᠠ ᠲᠠᠯᠪᠢᠪᠠᠯ᠂ ᠤᠯᠠᠮ ᠴᠡᠪᠡᠷ᠂ ᠤᠯᠠᠮ ᠪᠤᠯᠪᠠᠰᠤᠨ᠂ᠤᠯᠠᠮ ᠤᠷᠴᠢᠨ ᠲᠤᠭᠤᠷᠢᠨ ᠢ ᠬᠠᠮᠠᠭᠠᠯᠠᠬᠤ ᠤᠷᠢᠶᠠᠯᠠᠭ᠎ᠠ ᠳᠠᠭᠠᠨ ᠨᠡᠶᠢᠴᠡᠵᠤ ᠴᠢᠳᠠᠨ᠎ᠠ᠃ ︵ᠤᠶᠤᠩᠭᠤᠸ᠎ᠠ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号