ᠲᠠᠪᠤᠨ ᠬᠤᠰᠢᠭᠤ ᠮᠠᠯ ᠤᠨ ᠨᠠᠰᠤ ᠰᠢᠳᠦ ᠪᠠᠷ ᠢᠯᠭᠠᠬᠤ ᠲᠠᠭᠤᠳᠠᠯᠭ᠎ᠠ ᠶᠢᠨ ᠲᠤᠬᠠᠢ
ᠨᠡᠶᠢᠲᠡᠯᠡᠭᠰᠡᠨ ᠴᠠᠭ᠄
2017/4/13
                                           ● ᠤᠷᠢᠶᠠᠩᠬᠠᠨ ᠤ · ᠶᠤᠨᠳᠤᠨ          ᠮᠠᠨ ᠤ ᠮᠤᠩᠭᠤᠯᠴᠦᠳ ᠤᠷᠳᠤ ᠬᠤᠭᠤᠴᠠᠭᠠᠨ ᠤ ᠨᠡᠭᠦᠳᠡᠯ ᠮᠠᠯᠵᠢᠯ ᠢᠶᠠᠨ  ᠡᠵᠡᠩᠨᠡᠬᠦ ᠳᠡᠭᠡᠨ  ᠮᠠᠯ ᠤᠨ ᠢᠶᠠᠨ  ᠲᠦᠷᠦᠯ ᠪᠦᠷᠢ ᠶᠢ ᠢᠯᠭᠠᠬᠤ ᠶᠢᠨ ᠲᠠᠭᠠᠤ ᠳᠤ ᠠᠰ ᠲᠤᠰ ᠲᠠᠭᠠᠨ ᠨᠠᠷ᠎ᠠ ᠲᠠᠢ ᠪᠠᠶᠢᠳᠠᠭ ᠶᠤᠮᠰᠠᠨ᠃ ᠭᠡᠬᠦ ᠳᠡᠭᠡᠨ ︽ᠭᠠᠵᠠᠷ ᠭᠠᠵᠠᠷ ᠤᠨ ᠵᠠᠩ ᠭᠦᠵᠡᠭᠡ ᠬᠦᠵᠡᠭᠡ ᠶᠢᠨ ᠪᠤᠯᠤᠩ︾ ᠭᠡᠳᠡᠭᠴᠢᠯᠡᠨ ᠡᠯ᠎ᠡ ᠭᠠᠵᠠᠷ ᠤᠨ ᠲᠠᠭᠤᠳᠠᠯᠭ᠎ᠠ ᠴᠤ ᠠᠳᠠᠯᠢ  ᠦᠭᠡᠢ  ᠪᠠᠶᠢᠳᠠᠭ᠂  ᠲᠡᠭᠦᠨᠴᠢᠯᠡᠨ ᠤᠳᠤ ᠶᠢᠨ ᠵᠠᠯᠠᠭᠤ ᠪᠠᠭᠠᠴᠦᠳ ᠴᠤ ᠮᠡᠳᠡᠬᠦ ᠳᠤ ᠬᠦᠴᠢᠷᠳᠡᠭᠰᠡᠨ ᠪᠠᠶᠢᠨ᠎ᠠ᠃ ᠤᠴᠢᠷ ᠨᠢ ᠨᠡᠭᠦᠳᠡᠯ ᠮᠠᠯᠵᠢᠯ ᠤᠨ  ᠶᠡᠭᠡ  ᠰᠤᠶᠤᠯ ᠲᠡᠷᠡ ᠬᠤᠯᠠ ᠵᠠᠶᠢᠳᠠᠭᠰᠠᠨ ᠨᠢ ᠬᠠᠷᠠᠮᠰᠠᠯᠳᠠᠢ ᠪᠤᠯᠵᠠᠢ᠃ ᠭᠡᠪᠡᠴᠦ ᠪᠢᠳᠡ ᠲᠠᠪᠤᠨ ᠬᠤᠰᠢᠭᠤ ᠮᠠᠯ ᠢᠶᠠᠨ ᠬᠠᠮᠠᠭᠠᠯᠠᠵᠦ ᠬᠠᠳᠠᠭᠠᠯᠠᠵᠦ ᠡᠳ᠋ᠯᠡᠵᠦ ᠬᠡᠷᠡᠭᠯᠡᠵᠦ ᠶᠠᠪᠤᠬᠤ ᠳᠠᠭᠠᠨ ᠮᠤᠩᠭᠤᠯ ᠦᠬᠡ ᠬᠡᠯᠡ ᠪᠠᠷ ᠢᠶᠠᠨ  ᠮᠠᠯ ᠤᠨ ᠢᠶᠠᠨ  ᠨᠠᠷ᠎ᠠ  ᠲᠠᠭᠤᠳᠠᠯᠭ᠎ᠠ ᠪᠠᠷ  ᠎ ᠨᠢ  ᠶᠠᠷᠢᠵᠦ ᠬᠡᠯᠡᠯᠴᠡᠵᠦ ᠶᠠᠪᠤᠪᠠᠯ ᠲᠡᠬᠡᠷ᠎ᠡ ᠶᠤᠮ ᠤᠤ ᠭᠡᠵᠦ ᠪᠤᠳᠤᠭᠰᠠᠨ ᠢᠶᠠᠨ  ᠦᠵᠦᠮᠦᠴᠢᠨ  ᠨᠤᠲᠤᠭ ᠤᠨ  ᠨᠢᠭᠡᠨ  ᠠᠬᠠᠮᠠᠳ  ᠮᠠᠯᠴᠢᠨ ᠤ ᠬᠤᠪᠢ ᠠᠴᠠ ᠲᠤᠰ ᠭᠠᠵᠠᠷ ᠤᠷᠤᠨ ᠤ ᠪᠠᠨ ᠬᠡᠯᠡᠯᠭᠡ ᠪᠠᠷ ᠲᠤᠰ ᠦᠬᠦᠯᠡᠯ ᠢ ᠪᠢᠴᠢᠯ᠎ᠡ︕         ᠲᠠᠪᠤᠨ ᠬᠤᠰᠢᠭᠤ ᠮᠠᠯ ᠤᠨ ᠢᠯᠭᠠᠯ ᠲᠠᠭᠤᠳᠠᠯᠭ᠎ᠠ ᠨᠢ ᠶᠠᠷᠢᠶᠠᠨ ᠦᠭᠡᠢ ᠠᠳᠤᠭᠤ᠂ ᠦᠬᠡᠷ᠂ ᠲᠡᠮᠡᠭᠡ᠂ ᠬᠤᠨᠢ᠂ ᠢᠮᠠᠭ᠎ᠠ ᠭᠡᠵᠦ ᠲᠦᠷᠦᠯ ᠢᠯᠭᠠᠵᠦ ᠪᠠᠰᠠ ᠠᠳᠤᠭᠤ ᠦᠬᠡᠷ ᠲᠡᠮᠡᠭᠡ ᠶᠢ ᠪᠤᠳᠠ ᠭᠡᠵᠦ᠂ ᠬᠤᠨᠢ ᠢᠮᠠᠭ᠎ᠠ ᠶᠢ ᠪᠤᠭ ᠭᠡᠵᠦ  ᠨᠡᠷᠡᠯᠡᠨ᠎ᠡ᠃  ᠮᠠᠯ ᠨᠢ ᠤᠯᠠᠩᠬᠢ ᠳᠠᠭᠠᠨ ᠲᠠᠪᠤᠨ ᠨᠠᠰᠤᠨ ᠠᠴᠠ ᠲᠤᠷᠤᠭᠰᠢ ᠨᠠᠰᠤᠨ ᠤ ᠨᠠᠷ᠎ᠠ ᠲᠠᠢ ᠪᠠᠶᠢᠳᠠᠭ ᠢ ᠠᠩᠬᠠᠷᠤᠭᠠᠷᠠᠢ︕         ⒈ ᠠᠳᠣᠭᠤᠨ ᠤ ᠰᠦᠷᠦᠭ ᠤᠨ ᠪᠦᠳᠦᠴᠠ ᠶᠢᠨ ᠲᠦᠷᠦᠯ ᠢᠯᠭᠠᠯ ᠳᠤ ᠠᠵᠢᠷᠭ᠎ᠠ᠂ ᠭᠡᠭᠦᠤ᠂  ᠮᠤᠷᠢ  ︵ᠠᠭᠳᠠ︶᠂ ᠬᠢᠵᠠᠯᠠᠩ᠂ ᠰᠣᠶᠤᠯᠠᠩ᠂ ᠦᠷᠢᠶ᠎ᠡ᠂ ᠪᠠᠶᠢᠳᠠᠰᠦ᠂ ᠰᠢᠳᠦᠯᠡᠩ᠂ ᠲᠠᠭ᠎ᠠ᠂ ᠰᠠᠷᠪᠡ᠂ ᠤᠨᠠᠭ᠎ᠠ ᠭᠡᠵᠦ ᠨᠡᠷᠡᠰᠢᠭᠦᠯᠦᠨ ᠲᠠᠭᠤᠳᠠᠳᠠᠭ᠃         ᠤᠨᠠᠭ᠎ᠠ — ᠲᠤᠰ ᠵᠢᠯ ᠤᠨ ᠲᠦᠯ᠃ ᠨᠢᠯᠬ᠎ᠠ ᠤᠨᠠᠭ᠎ᠠ ᠪᠠ ᠬᠦᠷᠪᠡ ᠤᠨᠠᠭ᠎ᠠ ᠭᠡᠵᠦ  ᠢᠯᠭᠠᠨ᠎ᠠ᠂  ᠤᠨᠠᠭ᠎ᠠ  ᠰᠢᠳᠦ ᠦᠭᠡᠢ ᠭᠠᠷᠤᠭᠰᠠᠨ ᠢᠶᠠᠨ 6 — 7 ᠰᠠᠷ᠎ᠠ ᠳᠤ ᠰᠦᠨ ᠰᠢᠳᠦ ᠨᠢ ᠤᠷᠭᠤᠵᠦ ᠭᠦᠢᠴᠡᠨ᠎ᠡ᠃         ᠰᠠᠷᠪᠠ — ᠨᠢᠭᠡ ᠵᠢᠯ ᠬᠠᠭᠠᠰ ᠤᠨ ᠨᠠᠰᠤ ᠲᠠᠢ᠂ ᠰᠦᠨ ᠰᠢᠳᠦᠨ ᠨᠢ ᠡᠭᠦᠳᠡᠨ ᠰᠢᠳᠦᠨ ᠠᠴᠠ ᠪᠠᠨ ᠡᠬᠢᠯᠡᠵᠦ ᠭᠡ ᠨᠢ ᠡᠯᠡᠭᠳᠡᠳᠡᠭ᠃         ᠲᠠᠭ᠎ᠠ — ᠬᠤᠶᠠᠷ ᠨᠠᠰᠤ ᠪᠦᠬᠦᠯᠢ᠂ ᠡᠭᠦᠳᠡᠨ ᠤ ᠬᠤᠶᠠᠷ ᠰᠦᠨ ᠰᠢᠳᠦ ᠨᠢ ᠤᠨᠠᠵᠦ ᠡᠬᠢᠯᠡᠨ᠎ᠡ᠃         ᠰᠢᠳᠦᠯᠡᠩ — ᠭᠤᠷᠪᠠᠨ  ᠨᠠᠰᠤ  ᠎ ᠲᠠᠢ᠂  ᠡᠭᠦᠳᠡᠨ ᠤ  ᠬᠤᠶᠠᠷ  ᠲᠤᠮᠤ  ᠰᠢᠳᠦ  ᠎ ᠨᠢ  ᠤᠷᠭᠤᠨ᠎ᠠ᠂  ᠡᠶᠢᠮᠦ ᠠᠴᠠ ︽ᠰᠢᠳᠦᠯᠡᠩ︾ ᠭᠡᠨ᠎ᠡ᠂ ᠭᠡᠬᠦ ᠳᠡᠭᠡᠨ ᠰᠢᠳᠦᠯᠡᠵᠦ ᠪᠠᠷᠠᠭᠠᠳᠤᠢ ᠶᠢ ᠨᠢ  ᠰᠢᠳᠦᠯᠡᠬᠦ  ᠭᠡᠵᠦ  ᠬᠡᠯᠡᠬᠦ ᠪᠦᠭᠡᠳ ᠰᠢᠳᠦᠯᠡᠭᠰᠡᠨ ᠢ ᠨᠢ ᠰᠢᠳᠦᠯᠡᠩ ᠭᠡᠨ᠎ᠡ᠃ ᠡᠷ᠎ᠡ ᠶᠢ ᠨᠢ ᠦᠷᠢᠶ᠎ᠡ ᠭᠡᠵᠦ᠂ ᠡᠮ᠎ᠡ ᠶᠢ ᠨᠢ ᠪᠠᠶᠢᠳᠠᠰᠤ ᠭᠡᠳᠡᠭ ᠪᠠᠶᠢᠨ᠎ᠠ᠃         ᠬᠢᠵᠠᠯᠠᠩ — ᠲᠦᠷᠪᠡᠨ ᠨᠠᠰᠤ ᠲᠠᠢ᠂ ᠡᠭᠦᠳᠡᠨ ᠰᠢᠳᠦᠨ ᠤ ᠬᠤᠶᠠᠷ ᠲᠠᠯ᠎ᠠ ᠶᠢᠨ ᠰᠦᠨ ᠰᠢᠳᠦ ᠨᠢ ᠤᠨᠠᠵᠦ ᠲᠦᠷᠪᠡᠨ ᠲᠤᠮᠤ  ᠰᠢᠳᠦ  ᠎ ᠲᠠᠢ  ᠪᠤᠯᠬᠤ ᠶᠢ  ︽ᠬᠢᠵᠠᠭᠠᠯᠠᠩ︾  ᠭᠡᠨ᠎ᠡ᠃  ᠲᠦᠷᠪᠡᠨ  ᠨᠠᠰᠤᠨ ᠠᠴᠠ  ᠲᠡᠭᠡᠭᠰᠢ  ᠡᠷ᠎ᠡ ᠶᠢ   ᠎ ᠨᠢ   ᠨᠠᠰᠤ ᠭᠦᠢᠴᠡᠭᠰᠡᠨ ᠢᠶᠠᠷ ︽ᠮᠤᠷᠢ︾ ᠭᠡᠵᠦ᠂ ᠡᠮ᠎ᠡ ᠶᠢ ᠨᠢ ᠲᠦᠯᠯᠡᠬᠦ ᠨᠠᠰᠤᠨ ᠤ ᠪᠤᠯᠬᠤᠷ ︽ᠭᠡᠭᠦᠤ︾ ᠭᠡᠨ᠎ᠡ᠃         ᠰᠤᠶᠤᠯᠠᠩ — ᠲᠠᠪᠤᠨ ᠨᠠᠰᠤ ᠲᠠᠢ᠂ ᠵᠠᠬ᠎ᠠ ᠶᠢᠨ ᠦᠯᠡᠳᠡᠭᠰᠡᠨ ᠬᠤᠶᠠᠷ ᠰᠦᠨ ᠰᠢᠳᠦ ᠨᠢ  ᠤᠨᠠᠵᠦ  ᠲᠠᠭᠤᠰᠤᠭᠠᠳ ᠰᠤᠶᠤᠭ᠎ᠠ ᠨᠢ ᠭᠠᠷᠬᠤ ᠶᠢ ︽ᠰᠤᠶᠤᠭᠠᠯᠠᠩ︾ ᠭᠡᠨ᠎ᠡ᠃         ᠬᠠᠪᠴᠢᠭ ᠰᠤᠶᠤᠯᠠᠩ — ᠵᠢᠷᠭᠤᠭᠠᠨ ᠨᠠᠰᠤ ᠲᠠᠢ᠂ ᠰᠢᠳᠦᠨ ᠤ ᠵᠠᠭᠤᠯᠳᠠ  ᠎ ᠨᠢ  ᠭᠦᠢᠴᠡᠵᠦ  ᠲᠡᠭᠰᠢᠷᠡᠭᠡᠳ ᠲᠤᠤᠷ᠎ᠠ ᠬᠤᠶᠠᠷ ᠵᠠᠬ᠎ᠠ ᠶᠢᠨ ᠡᠭᠦᠳᠡᠨ ᠰᠢᠳᠦᠨ ᠤ ᠭᠡ ᠨᠢ ᠪᠦᠷᠢᠨ ᠬᠦᠷᠢᠶ᠎ᠡ ᠪᠤᠯᠤᠭ᠎ᠠ ᠦᠭᠡᠢ ᠵᠠᠬ᠎ᠠ ᠤᠷᠤᠭᠤ ᠪᠠᠨ ᠰᠡᠳᠡᠷᠬᠡᠢ ᠪᠠᠶᠢᠬᠤ ᠶᠢ ︽ᠬᠠᠪᠴᠢᠭ ᠰᠤᠶᠤᠭᠠᠯᠠᠩ︾ ᠭᠡᠨ᠎ᠡ᠃         ᠰᠤᠪᠠᠢ ᠡᠷᠡᠮᠡᠭ — ᠤᠨᠠᠭᠠᠯᠠᠳᠠᠭ ᠦᠭᠡᠢ ᠭᠡᠭᠦᠤ᠂ ᠬᠠᠷ᠎ᠠ ᠪᠠᠷ ᠰᠤᠪᠠᠶᠢᠷᠠᠭᠰᠠᠨ         ᠠᠰᠠᠮᠠᠨ — ᠢᠯᠠ ᠵᠠᠰᠠᠭ᠎ᠠ ᠦᠭᠡᠢ ︵ᠲᠦᠮᠦᠰᠦ︶ ᠡᠷ᠎ᠡ ᠮᠠᠯ         ᠠᠵᠢᠷᠭ᠎ᠠ  —  ᠭᠡᠭᠡᠯᠳᠦᠭᠦᠯᠦᠭᠴᠢ  ᠮᠠᠯ᠂  ᠭᠡᠭᠦᠤ  ᠮᠠᠯ ᠢ  ᠤᠯᠠᠨ ᠢᠶᠠᠷ  ᠬᠤᠷᠢᠶᠠᠵᠦ ᠡᠵᠡᠨᠳᠡᠬᠦ ᠶᠢᠨ ᠲᠠᠭᠠᠤ ᠳᠤ ᠦᠪᠡᠷ ᠤᠨ ᠲᠦᠯ ᠪᠠᠶᠢᠳᠠᠰᠤ ᠶᠢ  ᠰᠦᠷᠦᠭ ᠠᠴᠠ ᠪᠠᠨ  ᠲᠠᠰᠤᠳᠠᠵᠦ  ᠦᠬᠡᠷ᠎ᠡ  ᠠᠵᠢᠷᠭ᠎ᠠ  ᠎ ᠲᠠᠢ  ᠠᠳᠤᠭᠤᠨ ᠳᠤ  ᠬᠦᠭᠡᠭᠡᠵᠦ ᠤᠷᠤᠭᠤᠯᠳᠠᠭ᠃         ᠬᠢᠵᠢᠶᠡᠯᠢ — ᠠᠷᠪᠠ ᠬᠤᠶᠠᠷ ᠨᠠᠰᠤ ᠭᠠᠷᠤᠭᠰᠠᠨ ᠬᠦᠭᠰᠢᠷᠡᠭᠰᠡᠨ ᠠᠳᠤᠭᠤ         ⒉ ᠦᠬᠡᠷ ᠤᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠪᠤᠬ᠎ᠠ᠂ ᠦᠨᠢᠶ᠎ᠡ᠂  ᠱᠠᠷ  ︵ᠡᠷ᠎ᠡ  ᠦᠬᠡᠷ︶᠂ ᠲᠤᠭᠤᠯ᠂ ᠪᠢᠷᠠᠭᠤ᠂ ᠰᠢᠳᠦᠯᠡᠩ᠂ ᠬᠢᠵᠠᠯᠠᠩ᠂ ᠰᠤᠶᠤᠯᠠᠩ᠂ ᠭᠤᠨ᠎ᠠ᠂ ᠭᠤᠨᠵᠢ ᠭᠡᠵᠦ ᠨᠡᠷᠡᠰᠢᠯᠡᠭᠦᠯᠦᠨ ᠲᠠᠭᠤᠳᠠᠳᠠᠭ᠃         ᠪᠤᠬ᠎ᠠ — ᠭᠤᠷᠪᠠ ᠠᠴᠠ ᠲᠡᠭᠡᠭᠰᠢ ᠨᠠᠰᠤᠨ ᠤ ᠵᠠᠰᠠᠭ᠎ᠠ ᠦᠭᠡᠢ ᠭᠡᠭᠡᠯᠳᠦᠭᠦᠯᠦᠭᠴᠢ ᠡᠷ᠎ᠡ ᠮᠠᠯ᠂ ᠦᠷ᠎ᠡ ᠶᠢᠨ ᠮᠠᠯ ᠴᠤ ᠭᠡᠳᠡᠭ᠃         ᠦᠨᠢᠶ᠎ᠡ — ᠲᠦᠷᠪᠡᠨ ᠨᠠᠰᠤᠨ ᠠᠴᠠ ᠲᠡᠭᠡᠭᠰᠢᠬᠢ ᠲᠦᠯᠯᠡᠬᠦ ᠨᠠᠰᠤᠨ ᠤ ᠡᠮ᠎ᠡ ᠮᠠᠯ᠂ ᠡᠬᠡ ᠮᠠᠯ ᠴᠤ ᠭᠡᠳᠡᠭ᠃         ᠱᠠᠷ — ᠲᠦᠷᠪᠡᠨ ᠨᠠᠰᠤᠨ ᠠᠴᠠ ᠲᠡᠭᠡᠭᠰᠢᠬᠢ ᠵᠠᠰᠠᠭᠰᠠᠨ ᠡᠷ᠎ᠡ ᠮᠠᠯ᠂ ᠡᠷ᠎ᠡ ᠦᠬᠡᠷ᠂ ᠬᠦᠯᠦᠪᠦᠷᠢ ᠶᠢᠨ ᠦᠬᠡᠷ ᠴᠤ ᠭᠡᠳᠡᠭ᠃         ᠰᠤᠶᠤᠯᠠᠩ — ᠲᠠᠪᠤᠨ ᠨᠠᠰᠤ ᠲᠠᠢ᠂ ᠵᠠᠰᠠᠭᠰᠠᠨ ᠡᠷ᠎ᠡ ᠶᠢ ᠨᠢ ᠰᠤᠶᠤᠯᠠᠩ ᠦᠬᠡᠷ ᠭᠡᠵᠦ᠂ ᠡᠮ᠎ᠡ ᠶᠢ  ᠎ ᠨᠢ  ᠰᠤᠶᠤᠯᠠᠩ ᠦᠨᠢᠶ᠎ᠡ ᠭᠡᠳᠡᠭ᠂ ᠲᠦᠷᠪᠡᠨ ᠨᠠᠰᠤ ᠦᠩᠭᠡᠷᠡᠭᠡᠳ ᠲᠤᠮᠳᠠᠬᠢ  ᠬᠤᠤᠰ  ᠰᠦᠨ  ᠰᠢᠳᠦ  ᠎ ᠨᠢ  ᠰᠤᠯᠢᠭᠳᠠᠵᠦ  ᠵᠢᠷᠭᠤᠭᠠᠨ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠤᠶᠤᠯᠠᠩ︾ ᠭᠡᠨ᠎ᠡ᠃         ᠬᠢᠵᠠᠯᠠᠩ — ᠲᠦᠷᠪᠡᠨ ᠨᠠᠰᠤ ᠲᠠᠢ᠂ ᠵᠠᠰᠠᠭᠰᠠᠨ ᠡᠷ᠎ᠡ ᠶᠢ ᠨᠢ ᠬᠢᠵᠠᠯᠠᠩ ᠭᠤᠨ᠎ᠠ ᠭᠡᠵᠦ᠂  ᠡᠮ᠎ᠡ ᠶᠢ  ᠎ ᠨᠢ  ᠬᠢᠵᠠᠯᠠᠩ ᠭᠤᠨᠵᠢ᠂ ᠵᠠᠰᠠᠭ᠎ᠠ ᠦᠭᠡᠢ ᠡᠷ᠎ᠡ ᠶᠢ ᠨᠢ ᠬᠢᠵᠠᠯᠠᠩ ᠪᠤᠬ᠎ᠠ ᠴᠤ ᠭᠡᠳᠡᠭ᠃ ᠭᠤᠷᠪᠠᠨ ᠨᠠᠰᠤ ᠦᠩᠭᠡᠷᠡᠭᠡᠳ ᠬᠤᠤᠰ  ᠰᠦᠨ  ᠰᠢᠳᠦ ᠨᠢ ᠰᠢᠳᠦᠯᠡᠵᠦ ᠲᠦᠷᠪᠡᠨ ᠬᠠᠯᠪᠠᠭ᠎ᠠ ᠭᠠᠷᠦᠨ᠎ᠠ᠂ ᠡᠭᠦᠨ ᠢ ︽ᠬᠢᠵᠠᠯᠠᠩ︾ ᠭᠡᠨ᠎ᠡ᠃         ᠰᠢᠳᠦᠯᠡᠩ — ᠭᠤᠷᠪᠠᠨ ᠨᠠᠰᠤ ᠲᠠᠢ᠂ ᠡᠷ᠎ᠡ ᠶᠢ ᠨᠢ ᠰᠢᠳᠦᠯᠡᠩ ᠭᠤᠨ᠎ᠡ ᠭᠡᠵᠦ᠂ ᠡᠮ᠎ᠡ ᠶᠢ ᠨᠢ ᠰᠢᠳᠦᠯᠡᠩ  ᠭᠤᠨᠵᠢ᠂ ᠵᠠᠰᠠᠭ᠎ᠠ ᠦᠭᠡᠢ ᠡᠷ᠎ᠡ ᠶᠢ ᠨᠢ ᠰᠢᠳᠦᠯᠡᠩ ᠪᠤᠬ᠎ᠠ ᠭᠡᠨ᠎ᠡ᠃ ᠬᠤᠶᠠᠷ ᠠᠴᠠ ᠬᠤᠶᠠᠷ ᠬᠠᠭᠠᠰ ᠨᠠᠰᠤ ᠬᠦᠷᠳᠡᠯ᠎ᠡ ᠡᠭᠦᠳᠡᠨ ᠰᠢᠳᠦ  ᠎ ᠨᠢ ᠰᠤᠯᠢᠭᠳᠠᠵᠦ ᠬᠤᠶᠠᠷ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠢᠳᠦᠯᠡᠩ︾ ᠭᠡᠨ᠎ᠡ᠃         ᠪᠢᠷᠠᠭᠤ — ᠬᠤᠶᠠᠷ ᠨᠠᠰᠤ ᠲᠠᠢ᠂ ᠡᠷ᠎ᠡ ᠪᠢᠷᠠᠭᠤ᠂ ᠦᠬᠢᠨ  ᠪᠢᠷᠠᠭᠤ᠂  ᠪᠤᠬ᠎ᠠ  ᠪᠢᠷᠠᠭᠤ  ᠭᠡᠵᠦ ᠬᠦᠢᠰᠦ ᠪᠠᠷ ᠎ ᠨᠢ ᠢᠯᠭᠠᠳᠠᠭ᠃ 1— 2 ᠨᠠᠰᠤ ᠬᠦᠷᠳᠡᠯ᠎ᠡ ᠰᠦᠨ ᠰᠢᠳᠦ ᠨᠢ  ᠡᠯᠡᠭᠳᠡᠵᠦ  ᠨᠡᠯᠢᠶᠡᠳ  ᠪᠤᠭᠤᠨᠢ  ᠪᠤᠯᠬᠤ  ᠪᠤᠯᠪᠠᠴᠤ  ᠰᠢᠳᠦᠯᠡᠬᠦ ᠦᠭᠡᠢ᠃         ᠲᠤᠭᠤᠯ — ᠲᠤᠰ ᠵᠢᠯ ᠤᠨ ᠲᠦᠯ᠂ ᠡᠷ᠎ᠡ ᠲᠤᠭᠤᠯ᠂ ᠦᠬᠢᠨ  ᠲᠤᠭᠤᠯ  ᠭᠡᠵᠦ  ᠭᠦᠢᠰᠦ ᠪᠠᠷ  ᠎ ᠨᠢ  ᠢᠯᠭᠠᠳᠠᠭ᠃ ᠨᠢᠯᠬ᠎ᠠ  ᠲᠤᠭᠤᠯ  ᠭᠡᠵᠦ  ᠰᠠᠶ᠋ᠢ  ᠭᠠᠷᠤᠭᠰᠠᠨ  ᠲᠤᠭᠤᠯ᠂  ᠬᠦᠷᠦᠪᠡ  ᠲᠤᠭᠤᠯ  ᠭᠡᠵᠦ  ᠤᠰᠤ  ᠡᠪᠡᠰᠦᠨ ᠳᠤ  ᠤᠷᠤᠭᠰᠠᠨ ᠪᠦᠳᠦᠭᠦᠷᠡᠭᠰᠡᠨ ᠲᠤᠭᠤᠯ᠂ ᠲᠠᠬᠤᠯᠠᠢ ᠲᠤᠭᠤᠯ ᠭᠡᠵᠦ ᠬᠠᠪᠤᠷ ᠡᠷᠳᠡ ᠭᠠᠷᠤᠭᠰᠠᠨ ᠲᠤᠭᠤᠯ᠂ ᠬᠡᠨᠵᠡ ᠲᠤᠭᠤᠯ  ᠭᠡᠵᠦ  ᠠᠭᠠᠵᠢᠮ ᠭᠠᠷᠤᠭᠰᠠᠨ ᠲᠤᠭᠤᠯ᠂ ᠢᠬᠢᠷ᠎ᠡ ᠲᠤᠭᠤᠯ ᠭᠡᠵᠦ ᠬᠤᠤᠰ ᠭᠠᠷᠤᠭᠰᠠᠨ ᠲᠤᠭᠤᠯ᠂ ᠲᠡᠯᠡᠭᠡ ᠲᠤᠭᠤᠯ ᠭᠡᠵᠦ ᠬᠤᠶᠠᠷ ᠡᠬᠡ ᠬᠦᠬᠦᠳᠡᠭ ᠲᠤᠭᠤᠯ ᠭᠡᠵᠦ ᠤᠯᠠᠨ ᠲᠠᠯ᠎ᠠ ᠪᠠᠷ ᠨᠡᠷᠡᠯᠡᠳᠡᠭ᠃ ᠲᠤᠭᠤᠯ ᠡᠬᠡ ᠠᠴᠠ ᠭᠠᠷᠤᠭᠠᠳ 5 ᠰᠠᠷ᠎ᠠ ᠪᠤᠯᠬᠤ ᠳᠤ  ᠡᠭᠦᠳᠡᠨ  ᠰᠢᠳᠦ  ᠎ ᠨᠢ ᠵᠢᠭᠳᠡᠷᠡᠵᠦ ᠭᠦᠢᠴᠡᠨ᠎ᠡ᠃          ᠬᠢᠵᠢᠶᠡᠯᠢ — ᠠᠷᠪᠠ ᠭᠠᠷᠤᠭᠰᠠᠨ ᠬᠦᠭᠰᠢᠷᠡᠭᠰᠡᠨ ᠦᠬᠡᠷ         ᠰᠤᠪᠠᠢ — ᠭᠡᠭᠡᠯ ᠲᠤᠭᠳᠠᠭᠰᠠᠨ ᠦᠭᠡᠢ ᠦᠨᠢᠶ᠎ᠡ          ᠠᠰᠮᠠᠨ — ᠲᠤᠳᠠᠭᠤ ᠵᠠᠰᠠᠭᠰᠠᠨ ᠪᠤᠬᠠᠨᠳᠠᠢ ᠦᠬᠡᠷ         ⒊ ᠬᠤᠨᠢᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠬᠤᠴᠠ᠂ ᠡᠷ᠎ᠡ ᠬᠤᠨᠢ ︵ᠢᠷᠭᠡ︶᠂ ᠡᠮ᠎ᠡ ᠬᠤᠨᠢ᠂ ᠰᠢᠳᠦᠯᠡᠩ ᠬᠤᠨᠢ᠂ ᠬᠢᠵᠡᠯᠠᠩ ᠬᠤᠨᠢ᠂ ᠰᠤᠶᠤᠯᠠᠩ ᠬᠤᠨᠢ᠂ ᠡᠷ᠎ᠡ ︵ᠦᠬᠢᠨ︶ ᠲᠦᠯᠦᠭ᠂ ᠵᠤᠰᠠᠭ᠂ ᠡᠷ᠎ᠡ  ︵ᠦᠬᠢᠨ︶  ᠬᠤᠷᠠᠭ᠎ᠠ ᠭᠡᠵᠦ ᠨᠡᠷᠡᠰᠢᠯᠡᠭᠦᠯᠦᠨ ᠲᠠᠭᠤᠳᠠᠳᠠᠭ᠃         ᠬᠤᠷᠠᠭ᠎ᠠ — ᠲᠤᠰ ᠵᠢᠯ ᠤᠨ ᠲᠦᠯ᠂  ᠪᠠᠰᠠ  ᠨᠢᠯᠬ᠎ᠠ  ᠬᠤᠷᠠᠭ᠎ᠠ  ︵ᠰᠠᠶ᠋ᠢ  ᠭᠠᠷᠤᠭᠰᠠᠨ︶᠂  ᠬᠦᠷᠤᠪᠡ  ᠬᠤᠷᠠᠭ᠎ᠠ ︵ᠪᠦᠳᠦᠭᠦᠷᠡᠭᠰᠡᠨ︶᠂ ᠲᠠᠬᠤᠯᠠᠢ ︵ᠬᠦᠭ ᠠᠴᠠ  ᠡᠮᠦᠨ᠎ᠡ  ᠭᠠᠷᠤᠭᠰᠠᠨ︶᠂  ᠲᠡᠯᠡᠭᠡ  ᠬᠤᠷᠠᠭ᠎ᠠ  ︵ᠬᠤᠶᠠᠷ  ᠡᠬᠡ  ᠭᠦᠭᠦᠭᠰᠡᠨ︶᠂ ᠦᠨᠦᠴᠢᠨ ᠬᠤᠷᠠᠭ᠎ᠠ ︵ᠡᠬᠡ ᠦᠭᠡᠢ︶᠂ ᠢᠮᠠᠭᠠᠨ ᠤ ᠬᠤᠷᠠᠭ᠎ᠠ ︵ᠢᠮᠠᠭᠠᠨ ᠳᠤ ᠠᠪᠤᠭᠤᠯᠤᠭᠰᠠᠨ︶ ᠭᠡᠵᠦ ᠢᠯᠭᠠᠨ᠎ᠠ᠃         ᠰᠢᠳᠦᠯᠡᠩ — ᠬᠤᠶᠠᠷ ᠨᠠᠰᠤ ᠲᠠᠢ᠂ ᠰᠢᠳᠦᠯᠡᠩ ᠪᠤᠶᠤ ᠲᠦᠯᠦᠭ ᠭᠡᠳᠡᠭ᠂ ᠡᠮ᠎ᠡ ᠶᠢ ᠨᠢ ᠵᠤᠰᠠᠭ ᠭᠡᠬᠦ ᠪᠤᠶᠤ  ᠵᠠᠰᠠᠭ᠎ᠠ ᠦᠭᠡᠢ ᠡᠷ᠎ᠡ ᠶᠢ ᠨᠢ ᠰᠢᠳᠦᠯᠡᠩ ᠬᠤᠴᠠ ᠭᠡᠳᠡᠭ᠂ ᠬᠤᠶᠠᠷ ᠨᠠᠰᠤᠨ ᠠᠴᠠ ᠬᠤᠤᠰ ᠰᠦᠨ ᠰᠢᠳᠦ ᠨᠢ ᠤᠨᠠᠵᠦ᠂ ᠬᠤᠶᠠᠷ ᠬᠠᠯᠪᠠᠭ᠎ᠠ ᠭᠠᠷᠤᠨ᠎ᠠ᠂ ᠡᠭᠦᠨ ᠢ ︽ᠰᠢᠳᠦᠯᠡᠩ︾ ᠭᠡᠵᠦ᠂ ᠰᠢᠳᠦᠯᠡᠭᠡᠳᠦᠢ ᠶᠢ ᠨᠢ ︽ᠲᠦᠯᠦᠭ︾ ᠭᠡᠨ᠎ᠡ᠃ ︵ᠴᠠᠭᠠᠨ ᠰᠠᠷ᠎ᠠ ᠦᠩᠭᠡᠷᠡᠪᠡᠯ ᠨᠢᠭᠡ ᠨᠠᠰᠤ ᠨᠡᠮᠡᠭᠳᠡᠭᠰᠡᠨ ᠢᠶᠠᠷ ᠪᠤᠳᠤᠵᠦ᠂ ᠬᠤᠶᠠᠷ ᠨᠠᠰᠤ ᠪᠤᠯᠤᠭᠠᠳᠤᠢ ᠪᠠᠷ ᠪᠠᠰᠠ ᠲᠦᠯᠦᠭ ᠭᠡᠵᠦ ᠬᠡᠯᠡᠳᠡᠭ︶        ᠬᠢᠵᠠᠯᠠᠩ — ᠭᠤᠷᠪᠠᠨ ᠨᠠᠰᠤ ᠲᠠᠢ᠂  ᠬᠢᠵᠠᠯᠠᠩ  ᠡᠷ᠎ᠡ  ︵ᠡᠮ᠎ᠡ︶  ᠬᠤᠨᠢ  ᠭᠡᠵᠦ  ᠢᠯᠭᠠᠬᠤ  ᠪᠦᠭᠡᠳ ᠭᠤᠷᠪᠠᠨ ᠨᠠᠰᠤᠨ ᠳᠠᠭᠠᠨ ᠲᠤᠲᠤᠷ᠎ᠠ ᠬᠤᠤᠰ ᠰᠦᠨ ᠰᠢᠳᠦ ᠨᠢ ᠤᠨᠠᠵᠦ ᠲᠦᠷᠪᠡᠨ ᠬᠠᠯᠪᠠᠭ᠎ᠠ ᠭᠠᠷᠤᠨ᠎ᠠ᠂ ᠡᠭᠦᠨ ᠢ ︽ᠬᠢᠵᠠᠯᠠᠩ︾ ᠭᠡᠨ᠎ᠡ᠃         ᠰᠤᠶᠤᠯᠠᠩ — ᠲᠦᠷᠪᠡᠨ ᠨᠠᠰᠤ ᠲᠠᠢ᠂ ᠰᠤᠶᠤᠯᠠᠩ ᠡᠷ᠎ᠡ ︵ᠡᠮ᠎ᠡ︶  ᠬᠤᠨᠢ  ᠭᠡᠵᠦ  ᠢᠯᠭᠠᠬᠤ  ᠪᠦᠭᠡᠳ  ᠲᠦᠷᠪᠡᠨ ᠨᠠᠰᠤᠨ ᠳᠠᠭᠠᠨ ᠬᠤᠤᠰ ᠲᠤᠮᠳᠠ ᠰᠦᠨ ᠰᠢᠳᠦ ᠨᠢ ᠤᠨᠠᠵᠦ᠂  ᠵᠢᠷᠭᠤᠭᠠᠨ  ᠬᠠᠯᠪᠠᠭ᠎ᠠ  ᠭᠠᠷᠤᠨ᠎ᠠ᠂  ᠡᠭᠦᠨ ᠢ  ︽ᠰᠤᠶᠤᠯᠠᠩ︾ ᠭᠡᠨ᠎ᠡ᠃ ᠬᠤᠨᠢ ᠲᠠᠪᠤᠨ ᠨᠠᠰᠤᠨ ᠳᠠᠭᠠᠨ ᠠᠷᠤ ᠶᠢᠨ ᠬᠤᠶᠠᠷ ᠡᠭᠦᠳᠡᠨ ᠰᠢᠳᠦ ᠨᠢ ᠤᠨᠠᠵᠦ᠂ ᠨᠢᠢᠮᠠᠨ ᠪᠠᠶᠢᠩᠭᠤ ᠶᠢᠨ  ᠰᠢᠳᠦ  ᠎ ᠨᠢ ᠤᠷᠭᠤᠵᠦ ᠭᠦᠢᠴᠡᠨ᠎ᠡ᠃         ᠪᠦᠳᠦᠭᠦᠨ ᠬᠤᠨᠢ — ᠰᠤᠶᠤᠯᠠᠩ ᠠᠴᠠ ᠲᠡᠭᠡᠭᠰᠢᠬᠢ ᠨᠠᠰᠤᠨ ᠤ ᠬᠤᠨᠢ ᠶᠢ  ᠬᠡᠯᠡᠬᠦ  ᠪᠦᠭᠡᠳ  ᠡᠷ᠎ᠡ  ᠡᠮ᠎ᠡ ᠪᠠᠷ  ᠎ ᠨᠢ ᠢᠯᠭᠠᠨ᠎ᠠ᠃         ᠬᠢᠵᠢᠶᠡᠯᠢ — ᠶᠢᠰᠦᠨ ᠨᠠᠰᠤᠨ ᠠᠴᠠ ᠲᠡᠭᠡᠭᠰᠢᠬᠢ ᠬᠦᠭᠰᠢᠷᠡᠭᠰᠡᠨ         ⒋ ᠢᠮᠠᠭᠠᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠤᠬᠤᠨ᠎ᠠ᠂ ᠰᠡᠷᠬᠡ᠂ ᠡᠮ᠎ᠡ ᠢᠮᠠᠭ᠎ᠠ᠂  ᠰᠢᠳᠦᠯᠡᠩ ᠰᠢᠳᠦᠯᠡᠬᠦ᠂ ᠢᠰᠢᠭᠡ ᠭᠡᠬᠦ ᠪᠦᠭᠡᠳ ᠰᠢᠳᠦᠯᠡᠩ᠂ ᠬᠢᠵᠡᠯᠠᠩ᠂ ᠰᠤᠶᠤᠯᠠᠩ ᠭᠡᠵᠦ ᠨᠡᠷᠡᠰᠢᠯᠡᠭᠦᠯᠦᠨ ᠲᠠᠭᠤᠳᠠᠳᠠᠭ᠃         ᠢᠰᠢᠭᠡ — ᠲᠤᠰ ᠵᠢᠯ ᠤᠨ ᠲᠦᠯ᠂ ᠡᠷ᠎ᠡ ᠦᠬᠢᠨ ᠢᠰᠢᠭᠡ ᠭᠡᠵᠦ ᠢᠯᠭᠠᠨ᠎ᠠ᠃         ᠰᠢᠳᠦᠯᠡᠬᠦ᠂ ᠰᠢᠳᠦᠯᠡᠩ — ᠬᠤᠶᠠᠷ ᠨᠠᠰᠤ ᠲᠠᠢ᠂᠂ ᠰᠢᠳᠦᠯᠡᠭᠡᠳᠦᠢ ᠶᠢ ᠨᠢ ︽ᠰᠢᠳᠦᠯᠡᠬᠦ︾  ᠭᠡᠵᠦ᠂  ᠰᠢᠳᠦᠯᠡᠭᠰᠡᠨ ᠢ ᠨᠢ ︽ᠰᠢᠳᠦᠯᠡᠩ︾ ᠭᠡᠵᠦ ᠡᠷ᠎ᠡ ᠡᠮ᠎ᠡ ᠪᠠᠷ ᠨᠢ ᠢᠯᠭᠠᠨ᠎ᠠ᠃         ᠬᠢᠵᠡᠭᠠᠯᠠᠩ — ᠭᠤᠷᠪᠠᠨ ᠨᠠᠰᠤ ᠲᠠᠢ         ᠰᠤᠶᠤᠭᠠᠯᠠᠩ — ᠲᠦᠷᠪᠡᠨ ᠨᠠᠰᠤ ᠲᠠᠢ         ᠰᠡᠷᠬᠡ — ᠰᠢᠳᠦᠯᠡᠩ ᠠᠴᠠ ᠲᠡᠭᠡᠭᠰᠢ ᠵᠠᠰᠠᠭᠰᠠᠨ ᠡᠷ᠎ᠡ ᠢᠮᠠᠭ᠎ᠠ         ᠤᠬᠤᠨ᠎ᠠ — ᠰᠢᠳᠦᠯᠡᠩ ᠠᠴᠠ ᠲᠡᠭᠡᠭᠰᠢ ᠵᠠᠰᠠᠭ᠎ᠠ ᠦᠭᠡᠢ ᠡᠷ᠎ᠡ ᠢᠮᠠᠭ᠎ᠠ         ᠬᠢᠵᠢᠶᠡᠯᠢ — ᠶᠢᠰᠦᠨ ᠨᠠᠰᠤᠨ ᠠᠴᠠ ᠲᠡᠭᠡᠭᠰᠢᠬᠢ ᠬᠦᠭᠰᠢᠷᠡᠭᠰᠡᠨ         ᠢᠮᠠᠭᠠᠨ ᠤ ᠨᠠᠰᠤ ᠶᠢ ᠰᠢᠳᠦ ᠪᠠᠷ ᠢᠯᠭᠠᠬᠤ ᠳᠤ ᠮᠦᠨ ᠬᠤᠨᠢᠨ ᠤ ᠬᠢ ᠲᠠᠢ ᠠᠳᠠᠯᠢ ᠰᠢᠳᠤᠯᠡᠨ᠎ᠡ᠃         ⒌ ᠲᠡᠮᠡᠭᠡᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠪᠤᠤᠷ᠎ᠠ᠂ ᠲᠠᠶᠢᠯᠤᠭ᠂ ᠠᠳᠠ᠂ ᠢᠩᠭᠡ᠂ ᠲᠤᠷᠤᠮ᠂ ᠪᠤᠳᠤᠭᠤ᠂ ᠭᠤᠨ᠎ᠠ᠂ ᠭᠤᠨᠵᠢ ᠭᠡᠵᠦ ᠨᠡᠷᠡᠰᠢᠯᠡᠭᠦᠯᠦᠨ ᠲᠠᠭᠤᠳᠠᠳᠠᠭ᠃         ᠪᠤᠳᠤᠭᠤ — ᠲᠤᠰ ᠵᠢᠯ ᠤᠨ ᠲᠦᠯ᠃ ᠡᠷ᠎ᠡ ᠦᠬᠢᠨ ᠪᠤᠳᠤᠭᠤ ᠭᠡᠵᠦ᠂ ᠨᠢᠯᠬ᠎ᠠ ᠪᠤᠳᠤᠭᠤ᠂ ᠬᠦᠷᠦᠪᠡ  ᠪᠤᠳᠤᠭᠤ᠂ ᠬᠡᠨᠵᠡ ᠪᠤᠳᠤᠭᠤ᠂ ᠦᠨᠦᠴᠢᠨ ᠪᠤᠳᠤᠭᠤ᠂ ᠠᠪᠤᠭᠤᠯ ᠪᠤᠳᠤᠭᠤ᠂ ᠲᠡᠯᠡᠭᠡ ᠪᠤᠳᠤᠭᠤ ᠭᠡᠬᠦ ᠵᠡᠷᠭᠡ ᠪᠠᠷ ᠢᠯᠭᠠᠨ᠎ᠠ᠃         ᠲᠤᠷᠤᠮ — ᠬᠤᠶᠠᠷ ᠨᠠᠰᠤ ᠲᠠᠢ᠃ ᠡᠷ᠎ᠡ ᠦᠬᠢᠨ ᠲᠤᠷᠤᠮ ᠭᠡᠵᠦ ᠢᠯᠭᠠᠨ᠎ᠠ᠃         ᠭᠤᠨ᠎ᠠ᠂ ᠭᠤᠨᠵᠢ — ᠭᠤᠷᠪᠠᠨ ᠨᠠᠰᠤ ᠲᠠᠢ᠃ ᠭᠤᠨ᠎ᠠ ᠭᠡᠵᠦ ᠡᠷ᠎ᠡ᠂ ᠭᠤᠨᠵᠢ ᠭᠡᠵᠦ ᠡᠮ᠎ᠡ         ᠲᠦᠨ᠎ᠡ᠂ ᠲᠦᠨᠵᠢ — ᠲᠦᠷᠪᠡᠨ ᠨᠠᠰᠤ ᠲᠠᠢ᠃ ᠲᠦᠨ᠎ᠡ ᠭᠡᠵᠦ ᠡᠷ᠎ᠡ᠂ ᠲᠦᠨᠵᠢ ᠭᠡᠵᠦ ᠡᠮ᠎ᠡ         ᠲᠡᠮᠡᠭᠡ ᠤᠷᠳᠤ ᠨᠠᠰᠤ ᠲᠠᠢ ᠠᠮᠢᠳᠠᠨ  ᠪᠤᠯᠬᠤᠷ  ᠭᠤᠨ᠎ᠡ᠂  ᠲᠦᠨ᠎ᠡ ᠳᠡᠭᠡᠨ  ᠭᠤᠤᠯ  ᠬᠤᠶᠠᠷ  ᠰᠦᠨ  ᠰᠢᠳᠦ ᠎ ᠨᠢ ᠰᠤᠯᠢᠭᠳᠠᠨ᠎ᠠ᠃         ᠲᠠᠶᠢᠯᠤᠭ — ᠲᠠᠪᠤᠨ ᠨᠠᠰᠤᠨ ᠤ ᠵᠠᠰᠠᠭ᠎ᠠ ᠦᠭᠡᠢ         5 — 6 ᠨᠠᠰᠤᠨ ᠳᠠᠭᠠᠨ ᠲᠤᠮᠳᠠ ᠲᠦᠷᠪᠡ ᠪᠠᠨ ᠰᠤᠩᠭᠠᠵᠦ᠂ ᠲᠡᠭᠡᠷ᠎ᠡ ᠲᠤᠤᠷᠠᠬᠢ ᠬᠤᠶᠠᠷ ᠨᠢ ᠭᠠᠷᠤᠨ᠎ᠠ᠃         7 — 8 ᠨᠠᠰᠤᠨ ᠳᠠᠭᠠᠨ ᠨᠢᠢᠮᠠᠨ ᠡᠭᠦᠳᠡᠨ ᠰᠢᠳᠦ ᠨᠢ ᠴᠦᠮ ᠪᠠᠶᠢᠩᠭᠤ ᠶᠢᠨ ᠰᠢᠳᠦ ᠪᠠᠷ ᠰᠤᠯᠢᠭᠳᠠᠵᠦ ᠰᠢᠳᠦᠯᠡᠵᠦ ᠲᠠᠭᠤᠰᠤᠨ᠎ᠠ᠃         ᠠᠳᠠ — ᠲᠠᠪᠤᠨ ᠨᠠᠰᠤᠨ ᠠᠴᠠ ᠲᠡᠭᠡᠭᠰᠢᠬᠢ ᠵᠠᠰᠠᠭᠰᠠᠨ         ᠪᠤᠤᠷ᠎ᠠ — ᠲᠠᠪᠤᠨ ᠨᠠᠰᠤᠨ ᠠᠴᠠ ᠲᠡᠭᠡᠭᠰᠢᠬᠢ ᠵᠠᠰᠠᠭ᠎ᠠ ᠦᠭᠡᠢ         ᠠᠰᠠᠮᠠᠨ — ᠢᠯᠡ ᠵᠠᠰᠠᠭ᠎ᠠ ᠦᠭᠡᠢ ᠡᠷ᠎ᠡ᠃  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号