| ● ᠤᠷᠢᠶᠠᠩᠬᠠᠨ ᠤ · ᠶᠤᠨᠳᠤᠨ | ᠮᠠᠨ ᠤ ᠮᠤᠩᠭᠤᠯᠴᠦᠳ ᠤᠷᠳᠤ ᠬᠤᠭᠤᠴᠠᠭᠠᠨ ᠤ ᠨᠡᠭᠦᠳᠡᠯ ᠮᠠᠯᠵᠢᠯ ᠢᠶᠠᠨ ᠡᠵᠡᠩᠨᠡᠬᠦ ᠳᠡᠭᠡᠨ ᠮᠠᠯ ᠤᠨ ᠢᠶᠠᠨ | ᠲᠦᠷᠦᠯ ᠪᠦᠷᠢ ᠶᠢ ᠢᠯᠭᠠᠬᠤ ᠶᠢᠨ ᠲᠠᠭᠠᠤ ᠳᠤ ᠠᠰ ᠲᠤᠰ ᠲᠠᠭᠠᠨ ᠨᠠᠷᠠ ᠲᠠᠢ ᠪᠠᠶᠢᠳᠠᠭ ᠶᠤᠮᠰᠠᠨ᠃ ᠭᠡᠬᠦ ᠳᠡᠭᠡᠨ ︽ᠭᠠᠵᠠᠷ | ᠭᠠᠵᠠᠷ ᠤᠨ ᠵᠠᠩ ᠭᠦᠵᠡᠭᠡ ᠬᠦᠵᠡᠭᠡ ᠶᠢᠨ ᠪᠤᠯᠤᠩ︾ ᠭᠡᠳᠡᠭᠴᠢᠯᠡᠨ ᠡᠯ᠎ᠡ ᠭᠠᠵᠠᠷ ᠤᠨ ᠲᠠᠭᠤᠳᠠᠯᠭ᠎ᠠ ᠴᠤ ᠠᠳᠠᠯᠢ ᠦᠭᠡᠢ | ᠪᠠᠶᠢᠳᠠᠭ᠂ ᠲᠡᠭᠦᠨᠴᠢᠯᠡᠨ ᠤᠳᠤ ᠶᠢᠨ ᠵᠠᠯᠠᠭᠤ ᠪᠠᠭᠠᠴᠦᠳ ᠴᠤ ᠮᠡᠳᠡᠬᠦ ᠳᠤ ᠬᠦᠴᠢᠷᠳᠡᠭᠰᠡᠨ ᠪᠠᠶᠢᠨ᠎ᠠ᠃ ᠤᠴᠢᠷ ᠨᠢ ᠨᠡᠭᠦᠳᠡᠯ | ᠮᠠᠯᠵᠢᠯ ᠤᠨ ᠶᠡᠭᠡ ᠰᠤᠶᠤᠯ ᠲᠡᠷᠡ ᠬᠤᠯᠠ ᠵᠠᠶᠢᠳᠠᠭᠰᠠᠨ ᠨᠢ ᠬᠠᠷᠠᠮᠰᠠᠯᠳᠠᠢ ᠪᠤᠯᠵᠠᠢ᠃ ᠭᠡᠪᠡᠴᠦ ᠪᠢᠳᠡ ᠲᠠᠪᠤᠨ ᠬᠤᠰᠢᠭᠤ | ᠮᠠᠯ ᠢᠶᠠᠨ ᠬᠠᠮᠠᠭᠠᠯᠠᠵᠦ ᠬᠠᠳᠠᠭᠠᠯᠠᠵᠦ ᠡᠳ᠋ᠯᠡᠵᠦ ᠬᠡᠷᠡᠭᠯᠡᠵᠦ ᠶᠠᠪᠤᠬᠤ ᠳᠠᠭᠠᠨ ᠮᠤᠩᠭᠤᠯ ᠦᠬᠡ ᠬᠡᠯᠡ ᠪᠠᠷ ᠢᠶᠠᠨ ᠮᠠᠯ ᠤᠨ ᠢᠶᠠᠨ | ᠨᠠᠷᠠ ᠲᠠᠭᠤᠳᠠᠯᠭ᠎ᠠ ᠪᠠᠷ ᠨᠢ ᠶᠠᠷᠢᠵᠦ ᠬᠡᠯᠡᠯᠴᠡᠵᠦ ᠶᠠᠪᠤᠪᠠᠯ ᠲᠡᠬᠡᠷ᠎ᠡ ᠶᠤᠮ ᠤᠤ ᠭᠡᠵᠦ ᠪᠤᠳᠤᠭᠰᠠᠨ ᠢᠶᠠᠨ ᠦᠵᠦᠮᠦᠴᠢᠨ | ᠨᠤᠲᠤᠭ ᠤᠨ ᠨᠢᠭᠡᠨ ᠠᠬᠠᠮᠠᠳ ᠮᠠᠯᠴᠢᠨ ᠤ ᠬᠤᠪᠢ ᠠᠴᠠ ᠲᠤᠰ ᠭᠠᠵᠠᠷ ᠤᠷᠤᠨ ᠤ ᠪᠠᠨ ᠬᠡᠯᠡᠯᠭᠡ ᠪᠠᠷ ᠲᠤᠰ | ᠦᠬᠦᠯᠡᠯ ᠢ ᠪᠢᠴᠢᠯ᠎ᠡ︕ | ᠲᠠᠪᠤᠨ ᠬᠤᠰᠢᠭᠤ ᠮᠠᠯ ᠤᠨ ᠢᠯᠭᠠᠯ ᠲᠠᠭᠤᠳᠠᠯᠭ᠎ᠠ ᠨᠢ ᠶᠠᠷᠢᠶᠠᠨ ᠦᠭᠡᠢ ᠠᠳᠤᠭᠤ᠂ ᠦᠬᠡᠷ᠂ ᠲᠡᠮᠡᠭᠡ᠂ ᠬᠤᠨᠢ᠂ | ᠢᠮᠠᠭ᠎ᠠ ᠭᠡᠵᠦ ᠲᠦᠷᠦᠯ ᠢᠯᠭᠠᠵᠦ ᠪᠠᠰᠠ ᠠᠳᠤᠭᠤ ᠦᠬᠡᠷ ᠲᠡᠮᠡᠭᠡ ᠶᠢ ᠪᠤᠳᠠ ᠭᠡᠵᠦ᠂ ᠬᠤᠨᠢ ᠢᠮᠠᠭ᠎ᠠ ᠶᠢ ᠪᠤᠭ ᠭᠡᠵᠦ | ᠨᠡᠷᠡᠯᠡᠨ᠎ᠡ᠃ ᠮᠠᠯ ᠨᠢ ᠤᠯᠠᠩᠬᠢ ᠳᠠᠭᠠᠨ ᠲᠠᠪᠤᠨ ᠨᠠᠰᠤᠨ ᠠᠴᠠ ᠲᠤᠷᠤᠭᠰᠢ ᠨᠠᠰᠤᠨ ᠤ ᠨᠠᠷᠠ ᠲᠠᠢ ᠪᠠᠶᠢᠳᠠᠭ ᠢ ᠠᠩᠬᠠᠷᠤᠭᠠᠷᠠᠢ︕ | | ⒈ ᠠᠳᠣᠭᠤᠨ ᠤ ᠰᠦᠷᠦᠭ ᠤᠨ ᠪᠦᠳᠦᠴᠠ ᠶᠢᠨ ᠲᠦᠷᠦᠯ ᠢᠯᠭᠠᠯ ᠳᠤ ᠠᠵᠢᠷᠭ᠎ᠠ᠂ ᠭᠡᠭᠦᠤ᠂ ᠮᠤᠷᠢ ︵ᠠᠭᠳᠠ︶᠂ | ᠬᠢᠵᠠᠯᠠᠩ᠂ ᠰᠣᠶᠤᠯᠠᠩ᠂ ᠦᠷᠢᠶ᠎ᠡ᠂ ᠪᠠᠶᠢᠳᠠᠰᠦ᠂ ᠰᠢᠳᠦᠯᠡᠩ᠂ ᠲᠠᠭ᠎ᠠ᠂ ᠰᠠᠷᠪᠡ᠂ ᠤᠨᠠᠭ᠎ᠠ ᠭᠡᠵᠦ ᠨᠡᠷᠡᠰᠢᠭᠦᠯᠦᠨ ᠲᠠᠭᠤᠳᠠᠳᠠᠭ᠃ | ᠤᠨᠠᠭ᠎ᠠ — ᠲᠤᠰ ᠵᠢᠯ ᠤᠨ ᠲᠦᠯ᠃ ᠨᠢᠯᠬ᠎ᠠ ᠤᠨᠠᠭ᠎ᠠ ᠪᠠ ᠬᠦᠷᠪᠡ ᠤᠨᠠᠭ᠎ᠠ ᠭᠡᠵᠦ ᠢᠯᠭᠠᠨ᠎ᠠ᠂ ᠤᠨᠠᠭ᠎ᠠ | ᠰᠢᠳᠦ ᠦᠭᠡᠢ ᠭᠠᠷᠤᠭᠰᠠᠨ ᠢᠶᠠᠨ 6 — 7 ᠰᠠᠷ᠎ᠠ ᠳᠤ ᠰᠦᠨ ᠰᠢᠳᠦ ᠨᠢ ᠤᠷᠭᠤᠵᠦ ᠭᠦᠢᠴᠡᠨ᠎ᠡ᠃ | ᠰᠠᠷᠪᠠ — ᠨᠢᠭᠡ ᠵᠢᠯ ᠬᠠᠭᠠᠰ ᠤᠨ ᠨᠠᠰᠤ ᠲᠠᠢ᠂ ᠰᠦᠨ ᠰᠢᠳᠦᠨ ᠨᠢ ᠡᠭᠦᠳᠡᠨ ᠰᠢᠳᠦᠨ ᠠᠴᠠ ᠪᠠᠨ ᠡᠬᠢᠯᠡᠵᠦ | ᠭᠡ ᠨᠢ ᠡᠯᠡᠭᠳᠡᠳᠡᠭ᠃ | ᠲᠠᠭ᠎ᠠ — ᠬᠤᠶᠠᠷ ᠨᠠᠰᠤ ᠪᠦᠬᠦᠯᠢ᠂ ᠡᠭᠦᠳᠡᠨ ᠤ ᠬᠤᠶᠠᠷ ᠰᠦᠨ ᠰᠢᠳᠦ ᠨᠢ ᠤᠨᠠᠵᠦ ᠡᠬᠢᠯᠡᠨ᠎ᠡ᠃ | ᠰᠢᠳᠦᠯᠡᠩ — ᠭᠤᠷᠪᠠᠨ ᠨᠠᠰᠤ ᠲᠠᠢ᠂ ᠡᠭᠦᠳᠡᠨ ᠤ ᠬᠤᠶᠠᠷ ᠲᠤᠮᠤ ᠰᠢᠳᠦ ᠨᠢ ᠤᠷᠭᠤᠨ᠎ᠠ᠂ | ᠡᠶᠢᠮᠦ ᠠᠴᠠ ︽ᠰᠢᠳᠦᠯᠡᠩ︾ ᠭᠡᠨ᠎ᠡ᠂ ᠭᠡᠬᠦ ᠳᠡᠭᠡᠨ ᠰᠢᠳᠦᠯᠡᠵᠦ ᠪᠠᠷᠠᠭᠠᠳᠤᠢ ᠶᠢ ᠨᠢ ᠰᠢᠳᠦᠯᠡᠬᠦ ᠭᠡᠵᠦ ᠬᠡᠯᠡᠬᠦ ᠪᠦᠭᠡᠳ | ᠰᠢᠳᠦᠯᠡᠭᠰᠡᠨ ᠢ ᠨᠢ ᠰᠢᠳᠦᠯᠡᠩ ᠭᠡᠨ᠎ᠡ᠃ ᠡᠷ᠎ᠡ ᠶᠢ ᠨᠢ ᠦᠷᠢᠶ᠎ᠡ ᠭᠡᠵᠦ᠂ ᠡᠮ᠎ᠡ ᠶᠢ ᠨᠢ ᠪᠠᠶᠢᠳᠠᠰᠤ ᠭᠡᠳᠡᠭ ᠪᠠᠶᠢᠨ᠎ᠠ᠃ | ᠬᠢᠵᠠᠯᠠᠩ — ᠲᠦᠷᠪᠡᠨ ᠨᠠᠰᠤ ᠲᠠᠢ᠂ ᠡᠭᠦᠳᠡᠨ ᠰᠢᠳᠦᠨ ᠤ ᠬᠤᠶᠠᠷ ᠲᠠᠯ᠎ᠠ ᠶᠢᠨ ᠰᠦᠨ ᠰᠢᠳᠦ ᠨᠢ ᠤᠨᠠᠵᠦ | ᠲᠦᠷᠪᠡᠨ ᠲᠤᠮᠤ ᠰᠢᠳᠦ ᠲᠠᠢ ᠪᠤᠯᠬᠤ ᠶᠢ ︽ᠬᠢᠵᠠᠭᠠᠯᠠᠩ︾ ᠭᠡᠨ᠎ᠡ᠃ ᠲᠦᠷᠪᠡᠨ ᠨᠠᠰᠤᠨ ᠠᠴᠠ ᠲᠡᠭᠡᠭᠰᠢ ᠡᠷ᠎ᠡ ᠶᠢ | ᠨᠢ ᠨᠠᠰᠤ ᠭᠦᠢᠴᠡᠭᠰᠡᠨ ᠢᠶᠠᠷ ︽ᠮᠤᠷᠢ︾ ᠭᠡᠵᠦ᠂ ᠡᠮ᠎ᠡ ᠶᠢ ᠨᠢ ᠲᠦᠯᠯᠡᠬᠦ ᠨᠠᠰᠤᠨ ᠤ ᠪᠤᠯᠬᠤᠷ ︽ᠭᠡᠭᠦᠤ︾ ᠭᠡᠨ᠎ᠡ᠃ | ᠰᠤᠶᠤᠯᠠᠩ — ᠲᠠᠪᠤᠨ ᠨᠠᠰᠤ ᠲᠠᠢ᠂ ᠵᠠᠬ᠎ᠠ ᠶᠢᠨ ᠦᠯᠡᠳᠡᠭᠰᠡᠨ ᠬᠤᠶᠠᠷ ᠰᠦᠨ ᠰᠢᠳᠦ ᠨᠢ ᠤᠨᠠᠵᠦ | ᠲᠠᠭᠤᠰᠤᠭᠠᠳ ᠰᠤᠶᠤᠭ᠎ᠠ ᠨᠢ ᠭᠠᠷᠬᠤ ᠶᠢ ︽ᠰᠤᠶᠤᠭᠠᠯᠠᠩ︾ ᠭᠡᠨ᠎ᠡ᠃ | ᠬᠠᠪᠴᠢᠭ ᠰᠤᠶᠤᠯᠠᠩ — ᠵᠢᠷᠭᠤᠭᠠᠨ ᠨᠠᠰᠤ ᠲᠠᠢ᠂ ᠰᠢᠳᠦᠨ ᠤ ᠵᠠᠭᠤᠯᠳᠠ ᠨᠢ ᠭᠦᠢᠴᠡᠵᠦ ᠲᠡᠭᠰᠢᠷᠡᠭᠡᠳ | ᠲᠤᠤᠷ᠎ᠠ ᠬᠤᠶᠠᠷ ᠵᠠᠬ᠎ᠠ ᠶᠢᠨ ᠡᠭᠦᠳᠡᠨ ᠰᠢᠳᠦᠨ ᠤ ᠭᠡ ᠨᠢ ᠪᠦᠷᠢᠨ ᠬᠦᠷᠢᠶ᠎ᠡ ᠪᠤᠯᠤᠭ᠎ᠠ ᠦᠭᠡᠢ ᠵᠠᠬ᠎ᠠ ᠤᠷᠤᠭᠤ ᠪᠠᠨ | ᠰᠡᠳᠡᠷᠬᠡᠢ ᠪᠠᠶᠢᠬᠤ ᠶᠢ ︽ᠬᠠᠪᠴᠢᠭ ᠰᠤᠶᠤᠭᠠᠯᠠᠩ︾ ᠭᠡᠨ᠎ᠡ᠃ | ᠰᠤᠪᠠᠢ ᠡᠷᠡᠮᠡᠭ — ᠤᠨᠠᠭᠠᠯᠠᠳᠠᠭ ᠦᠭᠡᠢ ᠭᠡᠭᠦᠤ᠂ ᠬᠠᠷ᠎ᠠ ᠪᠠᠷ ᠰᠤᠪᠠᠶᠢᠷᠠᠭᠰᠠᠨ | ᠠᠰᠠᠮᠠᠨ — ᠢᠯᠠ ᠵᠠᠰᠠᠭ᠎ᠠ ᠦᠭᠡᠢ ︵ᠲᠦᠮᠦᠰᠦ︶ ᠡᠷ᠎ᠡ ᠮᠠᠯ | ᠠᠵᠢᠷᠭ᠎ᠠ — ᠭᠡᠭᠡᠯᠳᠦᠭᠦᠯᠦᠭᠴᠢ ᠮᠠᠯ᠂ ᠭᠡᠭᠦᠤ ᠮᠠᠯ ᠢ ᠤᠯᠠᠨ ᠢᠶᠠᠷ ᠬᠤᠷᠢᠶᠠᠵᠦ ᠡᠵᠡᠨᠳᠡᠬᠦ ᠶᠢᠨ | ᠲᠠᠭᠠᠤ ᠳᠤ ᠦᠪᠡᠷ ᠤᠨ ᠲᠦᠯ ᠪᠠᠶᠢᠳᠠᠰᠤ ᠶᠢ ᠰᠦᠷᠦᠭ ᠠᠴᠠ ᠪᠠᠨ ᠲᠠᠰᠤᠳᠠᠵᠦ ᠦᠬᠡᠷ᠎ᠡ ᠠᠵᠢᠷᠭ᠎ᠠ ᠲᠠᠢ | ᠠᠳᠤᠭᠤᠨ ᠳᠤ ᠬᠦᠭᠡᠭᠡᠵᠦ ᠤᠷᠤᠭᠤᠯᠳᠠᠭ᠃ | ᠬᠢᠵᠢᠶᠡᠯᠢ — ᠠᠷᠪᠠ ᠬᠤᠶᠠᠷ ᠨᠠᠰᠤ ᠭᠠᠷᠤᠭᠰᠠᠨ ᠬᠦᠭᠰᠢᠷᠡᠭᠰᠡᠨ ᠠᠳᠤᠭᠤ | ⒉ ᠦᠬᠡᠷ ᠤᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠪᠤᠬ᠎ᠠ᠂ ᠦᠨᠢᠶ᠎ᠡ᠂ ᠱᠠᠷ ︵ᠡᠷ᠎ᠡ ᠦᠬᠡᠷ︶᠂ | ᠲᠤᠭᠤᠯ᠂ ᠪᠢᠷᠠᠭᠤ᠂ ᠰᠢᠳᠦᠯᠡᠩ᠂ ᠬᠢᠵᠠᠯᠠᠩ᠂ ᠰᠤᠶᠤᠯᠠᠩ᠂ ᠭᠤᠨ᠎ᠠ᠂ ᠭᠤᠨᠵᠢ ᠭᠡᠵᠦ ᠨᠡᠷᠡᠰᠢᠯᠡᠭᠦᠯᠦᠨ ᠲᠠᠭᠤᠳᠠᠳᠠᠭ᠃ | ᠪᠤᠬ᠎ᠠ — ᠭᠤᠷᠪᠠ ᠠᠴᠠ ᠲᠡᠭᠡᠭᠰᠢ ᠨᠠᠰᠤᠨ ᠤ ᠵᠠᠰᠠᠭ᠎ᠠ ᠦᠭᠡᠢ ᠭᠡᠭᠡᠯᠳᠦᠭᠦᠯᠦᠭᠴᠢ ᠡᠷ᠎ᠡ ᠮᠠᠯ᠂ ᠦᠷ᠎ᠡ ᠶᠢᠨ | ᠮᠠᠯ ᠴᠤ ᠭᠡᠳᠡᠭ᠃ | ᠦᠨᠢᠶ᠎ᠡ — ᠲᠦᠷᠪᠡᠨ ᠨᠠᠰᠤᠨ ᠠᠴᠠ ᠲᠡᠭᠡᠭᠰᠢᠬᠢ ᠲᠦᠯᠯᠡᠬᠦ ᠨᠠᠰᠤᠨ ᠤ ᠡᠮ᠎ᠡ ᠮᠠᠯ᠂ ᠡᠬᠡ ᠮᠠᠯ ᠴᠤ ᠭᠡᠳᠡᠭ᠃ | ᠱᠠᠷ — ᠲᠦᠷᠪᠡᠨ ᠨᠠᠰᠤᠨ ᠠᠴᠠ ᠲᠡᠭᠡᠭᠰᠢᠬᠢ ᠵᠠᠰᠠᠭᠰᠠᠨ ᠡᠷ᠎ᠡ ᠮᠠᠯ᠂ ᠡᠷ᠎ᠡ ᠦᠬᠡᠷ᠂ ᠬᠦᠯᠦᠪᠦᠷᠢ ᠶᠢᠨ ᠦᠬᠡᠷ | ᠴᠤ ᠭᠡᠳᠡᠭ᠃ | ᠰᠤᠶᠤᠯᠠᠩ — ᠲᠠᠪᠤᠨ ᠨᠠᠰᠤ ᠲᠠᠢ᠂ ᠵᠠᠰᠠᠭᠰᠠᠨ ᠡᠷ᠎ᠡ ᠶᠢ ᠨᠢ ᠰᠤᠶᠤᠯᠠᠩ ᠦᠬᠡᠷ ᠭᠡᠵᠦ᠂ ᠡᠮ᠎ᠡ ᠶᠢ ᠨᠢ | ᠰᠤᠶᠤᠯᠠᠩ ᠦᠨᠢᠶ᠎ᠡ ᠭᠡᠳᠡᠭ᠂ ᠲᠦᠷᠪᠡᠨ ᠨᠠᠰᠤ ᠦᠩᠭᠡᠷᠡᠭᠡᠳ ᠲᠤᠮᠳᠠᠬᠢ ᠬᠤᠤᠰ ᠰᠦᠨ ᠰᠢᠳᠦ ᠨᠢ ᠰᠤᠯᠢᠭᠳᠠᠵᠦ | ᠵᠢᠷᠭᠤᠭᠠᠨ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠤᠶᠤᠯᠠᠩ︾ ᠭᠡᠨ᠎ᠡ᠃ | ᠬᠢᠵᠠᠯᠠᠩ — ᠲᠦᠷᠪᠡᠨ ᠨᠠᠰᠤ ᠲᠠᠢ᠂ ᠵᠠᠰᠠᠭᠰᠠᠨ ᠡᠷ᠎ᠡ ᠶᠢ ᠨᠢ ᠬᠢᠵᠠᠯᠠᠩ ᠭᠤᠨ᠎ᠠ ᠭᠡᠵᠦ᠂ ᠡᠮ᠎ᠡ ᠶᠢ ᠨᠢ | ᠬᠢᠵᠠᠯᠠᠩ ᠭᠤᠨᠵᠢ᠂ ᠵᠠᠰᠠᠭ᠎ᠠ ᠦᠭᠡᠢ ᠡᠷ᠎ᠡ ᠶᠢ ᠨᠢ ᠬᠢᠵᠠᠯᠠᠩ ᠪᠤᠬ᠎ᠠ ᠴᠤ ᠭᠡᠳᠡᠭ᠃ ᠭᠤᠷᠪᠠᠨ ᠨᠠᠰᠤ ᠦᠩᠭᠡᠷᠡᠭᠡᠳ ᠬᠤᠤᠰ | ᠰᠦᠨ ᠰᠢᠳᠦ ᠨᠢ ᠰᠢᠳᠦᠯᠡᠵᠦ ᠲᠦᠷᠪᠡᠨ ᠬᠠᠯᠪᠠᠭ᠎ᠠ ᠭᠠᠷᠦᠨ᠎ᠠ᠂ ᠡᠭᠦᠨ ᠢ ︽ᠬᠢᠵᠠᠯᠠᠩ︾ ᠭᠡᠨ᠎ᠡ᠃ | ᠰᠢᠳᠦᠯᠡᠩ — ᠭᠤᠷᠪᠠᠨ ᠨᠠᠰᠤ ᠲᠠᠢ᠂ ᠡᠷ᠎ᠡ ᠶᠢ ᠨᠢ ᠰᠢᠳᠦᠯᠡᠩ ᠭᠤᠨ᠎ᠡ ᠭᠡᠵᠦ᠂ ᠡᠮ᠎ᠡ ᠶᠢ ᠨᠢ ᠰᠢᠳᠦᠯᠡᠩ | ᠭᠤᠨᠵᠢ᠂ ᠵᠠᠰᠠᠭ᠎ᠠ ᠦᠭᠡᠢ ᠡᠷ᠎ᠡ ᠶᠢ ᠨᠢ ᠰᠢᠳᠦᠯᠡᠩ ᠪᠤᠬ᠎ᠠ ᠭᠡᠨ᠎ᠡ᠃ ᠬᠤᠶᠠᠷ ᠠᠴᠠ ᠬᠤᠶᠠᠷ ᠬᠠᠭᠠᠰ ᠨᠠᠰᠤ ᠬᠦᠷᠳᠡᠯ᠎ᠡ | ᠡᠭᠦᠳᠡᠨ ᠰᠢᠳᠦ ᠨᠢ ᠰᠤᠯᠢᠭᠳᠠᠵᠦ ᠬᠤᠶᠠᠷ ᠲᠤᠮᠤ ᠬᠠᠯᠪᠠᠭ᠎ᠠ ᠭᠠᠷᠤᠨ᠎ᠠ᠂ ᠡᠭᠦᠨ ᠢ ︽ᠰᠢᠳᠦᠯᠡᠩ︾ ᠭᠡᠨ᠎ᠡ᠃ | ᠪᠢᠷᠠᠭᠤ — ᠬᠤᠶᠠᠷ ᠨᠠᠰᠤ ᠲᠠᠢ᠂ ᠡᠷ᠎ᠡ ᠪᠢᠷᠠᠭᠤ᠂ ᠦᠬᠢᠨ ᠪᠢᠷᠠᠭᠤ᠂ ᠪᠤᠬ᠎ᠠ ᠪᠢᠷᠠᠭᠤ ᠭᠡᠵᠦ ᠬᠦᠢᠰᠦ ᠪᠠᠷ | ᠨᠢ ᠢᠯᠭᠠᠳᠠᠭ᠃ 1— 2 ᠨᠠᠰᠤ ᠬᠦᠷᠳᠡᠯ᠎ᠡ ᠰᠦᠨ ᠰᠢᠳᠦ ᠨᠢ ᠡᠯᠡᠭᠳᠡᠵᠦ ᠨᠡᠯᠢᠶᠡᠳ ᠪᠤᠭᠤᠨᠢ ᠪᠤᠯᠬᠤ ᠪᠤᠯᠪᠠᠴᠤ | ᠰᠢᠳᠦᠯᠡᠬᠦ ᠦᠭᠡᠢ᠃ | ᠲᠤᠭᠤᠯ — ᠲᠤᠰ ᠵᠢᠯ ᠤᠨ ᠲᠦᠯ᠂ ᠡᠷ᠎ᠡ ᠲᠤᠭᠤᠯ᠂ ᠦᠬᠢᠨ ᠲᠤᠭᠤᠯ ᠭᠡᠵᠦ ᠭᠦᠢᠰᠦ ᠪᠠᠷ ᠨᠢ | ᠢᠯᠭᠠᠳᠠᠭ᠃ ᠨᠢᠯᠬ᠎ᠠ ᠲᠤᠭᠤᠯ ᠭᠡᠵᠦ ᠰᠠᠶ᠋ᠢ ᠭᠠᠷᠤᠭᠰᠠᠨ ᠲᠤᠭᠤᠯ᠂ ᠬᠦᠷᠦᠪᠡ ᠲᠤᠭᠤᠯ ᠭᠡᠵᠦ ᠤᠰᠤ | ᠡᠪᠡᠰᠦᠨ ᠳᠤ ᠤᠷᠤᠭᠰᠠᠨ ᠪᠦᠳᠦᠭᠦᠷᠡᠭᠰᠡᠨ ᠲᠤᠭᠤᠯ᠂ ᠲᠠᠬᠤᠯᠠᠢ ᠲᠤᠭᠤᠯ ᠭᠡᠵᠦ ᠬᠠᠪᠤᠷ ᠡᠷᠳᠡ ᠭᠠᠷᠤᠭᠰᠠᠨ ᠲᠤᠭᠤᠯ᠂ | ᠬᠡᠨᠵᠡ ᠲᠤᠭᠤᠯ ᠭᠡᠵᠦ ᠠᠭᠠᠵᠢᠮ ᠭᠠᠷᠤᠭᠰᠠᠨ ᠲᠤᠭᠤᠯ᠂ ᠢᠬᠢᠷ᠎ᠡ ᠲᠤᠭᠤᠯ ᠭᠡᠵᠦ ᠬᠤᠤᠰ ᠭᠠᠷᠤᠭᠰᠠᠨ ᠲᠤᠭᠤᠯ᠂ ᠲᠡᠯᠡᠭᠡ | ᠲᠤᠭᠤᠯ ᠭᠡᠵᠦ ᠬᠤᠶᠠᠷ ᠡᠬᠡ ᠬᠦᠬᠦᠳᠡᠭ ᠲᠤᠭᠤᠯ ᠭᠡᠵᠦ ᠤᠯᠠᠨ ᠲᠠᠯ᠎ᠠ ᠪᠠᠷ ᠨᠡᠷᠡᠯᠡᠳᠡᠭ᠃ ᠲᠤᠭᠤᠯ ᠡᠬᠡ ᠠᠴᠠ ᠭᠠᠷᠤᠭᠠᠳ | 5 ᠰᠠᠷ᠎ᠠ ᠪᠤᠯᠬᠤ ᠳᠤ ᠡᠭᠦᠳᠡᠨ ᠰᠢᠳᠦ ᠨᠢ ᠵᠢᠭᠳᠡᠷᠡᠵᠦ ᠭᠦᠢᠴᠡᠨ᠎ᠡ᠃ | ᠬᠢᠵᠢᠶᠡᠯᠢ — ᠠᠷᠪᠠ ᠭᠠᠷᠤᠭᠰᠠᠨ ᠬᠦᠭᠰᠢᠷᠡᠭᠰᠡᠨ ᠦᠬᠡᠷ | ᠰᠤᠪᠠᠢ — ᠭᠡᠭᠡᠯ ᠲᠤᠭᠳᠠᠭᠰᠠᠨ ᠦᠭᠡᠢ ᠦᠨᠢᠶ᠎ᠡ | ᠠᠰᠮᠠᠨ — ᠲᠤᠳᠠᠭᠤ ᠵᠠᠰᠠᠭᠰᠠᠨ ᠪᠤᠬᠠᠨᠳᠠᠢ ᠦᠬᠡᠷ | ⒊ ᠬᠤᠨᠢᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠬᠤᠴᠠ᠂ ᠡᠷ᠎ᠡ ᠬᠤᠨᠢ ︵ᠢᠷᠭᠡ︶᠂ ᠡᠮ᠎ᠡ | ᠬᠤᠨᠢ᠂ ᠰᠢᠳᠦᠯᠡᠩ ᠬᠤᠨᠢ᠂ ᠬᠢᠵᠡᠯᠠᠩ ᠬᠤᠨᠢ᠂ ᠰᠤᠶᠤᠯᠠᠩ ᠬᠤᠨᠢ᠂ ᠡᠷ᠎ᠡ ︵ᠦᠬᠢᠨ︶ ᠲᠦᠯᠦᠭ᠂ ᠵᠤᠰᠠᠭ᠂ ᠡᠷ᠎ᠡ ︵ᠦᠬᠢᠨ︶ | ᠬᠤᠷᠠᠭ᠎ᠠ ᠭᠡᠵᠦ ᠨᠡᠷᠡᠰᠢᠯᠡᠭᠦᠯᠦᠨ ᠲᠠᠭᠤᠳᠠᠳᠠᠭ᠃ | ᠬᠤᠷᠠᠭ᠎ᠠ — ᠲᠤᠰ ᠵᠢᠯ ᠤᠨ ᠲᠦᠯ᠂ ᠪᠠᠰᠠ ᠨᠢᠯᠬ᠎ᠠ ᠬᠤᠷᠠᠭ᠎ᠠ ︵ᠰᠠᠶ᠋ᠢ ᠭᠠᠷᠤᠭᠰᠠᠨ︶᠂ ᠬᠦᠷᠤᠪᠡ | ᠬᠤᠷᠠᠭ᠎ᠠ ︵ᠪᠦᠳᠦᠭᠦᠷᠡᠭᠰᠡᠨ︶᠂ ᠲᠠᠬᠤᠯᠠᠢ ︵ᠬᠦᠭ ᠠᠴᠠ ᠡᠮᠦᠨ᠎ᠡ ᠭᠠᠷᠤᠭᠰᠠᠨ︶᠂ ᠲᠡᠯᠡᠭᠡ ᠬᠤᠷᠠᠭ᠎ᠠ ︵ᠬᠤᠶᠠᠷ ᠡᠬᠡ | ᠭᠦᠭᠦᠭᠰᠡᠨ︶᠂ ᠦᠨᠦᠴᠢᠨ ᠬᠤᠷᠠᠭ᠎ᠠ ︵ᠡᠬᠡ ᠦᠭᠡᠢ︶᠂ ᠢᠮᠠᠭᠠᠨ ᠤ ᠬᠤᠷᠠᠭ᠎ᠠ ︵ᠢᠮᠠᠭᠠᠨ ᠳᠤ ᠠᠪᠤᠭᠤᠯᠤᠭᠰᠠᠨ︶ ᠭᠡᠵᠦ | ᠢᠯᠭᠠᠨ᠎ᠠ᠃ | ᠰᠢᠳᠦᠯᠡᠩ — ᠬᠤᠶᠠᠷ ᠨᠠᠰᠤ ᠲᠠᠢ᠂ ᠰᠢᠳᠦᠯᠡᠩ ᠪᠤᠶᠤ ᠲᠦᠯᠦᠭ ᠭᠡᠳᠡᠭ᠂ ᠡᠮ᠎ᠡ ᠶᠢ ᠨᠢ ᠵᠤᠰᠠᠭ ᠭᠡᠬᠦ ᠪᠤᠶᠤ | ᠵᠠᠰᠠᠭ᠎ᠠ ᠦᠭᠡᠢ ᠡᠷ᠎ᠡ ᠶᠢ ᠨᠢ ᠰᠢᠳᠦᠯᠡᠩ ᠬᠤᠴᠠ ᠭᠡᠳᠡᠭ᠂ ᠬᠤᠶᠠᠷ ᠨᠠᠰᠤᠨ ᠠᠴᠠ ᠬᠤᠤᠰ ᠰᠦᠨ ᠰᠢᠳᠦ ᠨᠢ ᠤᠨᠠᠵᠦ᠂ | ᠬᠤᠶᠠᠷ ᠬᠠᠯᠪᠠᠭ᠎ᠠ ᠭᠠᠷᠤᠨ᠎ᠠ᠂ ᠡᠭᠦᠨ ᠢ ︽ᠰᠢᠳᠦᠯᠡᠩ︾ ᠭᠡᠵᠦ᠂ ᠰᠢᠳᠦᠯᠡᠭᠡᠳᠦᠢ ᠶᠢ ᠨᠢ ︽ᠲᠦᠯᠦᠭ︾ ᠭᠡᠨ᠎ᠡ᠃ ︵ᠴᠠᠭᠠᠨ ᠰᠠᠷ᠎ᠠ | ᠦᠩᠭᠡᠷᠡᠪᠡᠯ ᠨᠢᠭᠡ ᠨᠠᠰᠤ ᠨᠡᠮᠡᠭᠳᠡᠭᠰᠡᠨ ᠢᠶᠠᠷ ᠪᠤᠳᠤᠵᠦ᠂ ᠬᠤᠶᠠᠷ ᠨᠠᠰᠤ ᠪᠤᠯᠤᠭᠠᠳᠤᠢ ᠪᠠᠷ ᠪᠠᠰᠠ ᠲᠦᠯᠦᠭ ᠭᠡᠵᠦ ᠬᠡᠯᠡᠳᠡᠭ︶ | ᠬᠢᠵᠠᠯᠠᠩ — ᠭᠤᠷᠪᠠᠨ ᠨᠠᠰᠤ ᠲᠠᠢ᠂ ᠬᠢᠵᠠᠯᠠᠩ ᠡᠷ᠎ᠡ ︵ᠡᠮ᠎ᠡ︶ ᠬᠤᠨᠢ ᠭᠡᠵᠦ ᠢᠯᠭᠠᠬᠤ ᠪᠦᠭᠡᠳ | ᠭᠤᠷᠪᠠᠨ ᠨᠠᠰᠤᠨ ᠳᠠᠭᠠᠨ ᠲᠤᠲᠤᠷ᠎ᠠ ᠬᠤᠤᠰ ᠰᠦᠨ ᠰᠢᠳᠦ ᠨᠢ ᠤᠨᠠᠵᠦ ᠲᠦᠷᠪᠡᠨ ᠬᠠᠯᠪᠠᠭ᠎ᠠ ᠭᠠᠷᠤᠨ᠎ᠠ᠂ ᠡᠭᠦᠨ ᠢ | ︽ᠬᠢᠵᠠᠯᠠᠩ︾ ᠭᠡᠨ᠎ᠡ᠃ | ᠰᠤᠶᠤᠯᠠᠩ — ᠲᠦᠷᠪᠡᠨ ᠨᠠᠰᠤ ᠲᠠᠢ᠂ ᠰᠤᠶᠤᠯᠠᠩ ᠡᠷ᠎ᠡ ︵ᠡᠮ᠎ᠡ︶ ᠬᠤᠨᠢ ᠭᠡᠵᠦ ᠢᠯᠭᠠᠬᠤ ᠪᠦᠭᠡᠳ | ᠲᠦᠷᠪᠡᠨ ᠨᠠᠰᠤᠨ ᠳᠠᠭᠠᠨ ᠬᠤᠤᠰ ᠲᠤᠮᠳᠠ ᠰᠦᠨ ᠰᠢᠳᠦ ᠨᠢ ᠤᠨᠠᠵᠦ᠂ ᠵᠢᠷᠭᠤᠭᠠᠨ ᠬᠠᠯᠪᠠᠭ᠎ᠠ ᠭᠠᠷᠤᠨ᠎ᠠ᠂ ᠡᠭᠦᠨ ᠢ | ︽ᠰᠤᠶᠤᠯᠠᠩ︾ ᠭᠡᠨ᠎ᠡ᠃ ᠬᠤᠨᠢ ᠲᠠᠪᠤᠨ ᠨᠠᠰᠤᠨ ᠳᠠᠭᠠᠨ ᠠᠷᠤ ᠶᠢᠨ ᠬᠤᠶᠠᠷ ᠡᠭᠦᠳᠡᠨ ᠰᠢᠳᠦ ᠨᠢ ᠤᠨᠠᠵᠦ᠂ ᠨᠢᠢᠮᠠᠨ | ᠪᠠᠶᠢᠩᠭᠤ ᠶᠢᠨ ᠰᠢᠳᠦ ᠨᠢ ᠤᠷᠭᠤᠵᠦ ᠭᠦᠢᠴᠡᠨ᠎ᠡ᠃ | ᠪᠦᠳᠦᠭᠦᠨ ᠬᠤᠨᠢ — ᠰᠤᠶᠤᠯᠠᠩ ᠠᠴᠠ ᠲᠡᠭᠡᠭᠰᠢᠬᠢ ᠨᠠᠰᠤᠨ ᠤ ᠬᠤᠨᠢ ᠶᠢ ᠬᠡᠯᠡᠬᠦ ᠪᠦᠭᠡᠳ ᠡᠷ᠎ᠡ | ᠡᠮ᠎ᠡ ᠪᠠᠷ ᠨᠢ ᠢᠯᠭᠠᠨ᠎ᠠ᠃ | ᠬᠢᠵᠢᠶᠡᠯᠢ — ᠶᠢᠰᠦᠨ ᠨᠠᠰᠤᠨ ᠠᠴᠠ ᠲᠡᠭᠡᠭᠰᠢᠬᠢ ᠬᠦᠭᠰᠢᠷᠡᠭᠰᠡᠨ | ⒋ ᠢᠮᠠᠭᠠᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠤᠬᠤᠨ᠎ᠠ᠂ ᠰᠡᠷᠬᠡ᠂ ᠡᠮ᠎ᠡ ᠢᠮᠠᠭ᠎ᠠ᠂ | ᠰᠢᠳᠦᠯᠡᠩ ᠰᠢᠳᠦᠯᠡᠬᠦ᠂ ᠢᠰᠢᠭᠡ ᠭᠡᠬᠦ ᠪᠦᠭᠡᠳ ᠰᠢᠳᠦᠯᠡᠩ᠂ ᠬᠢᠵᠡᠯᠠᠩ᠂ ᠰᠤᠶᠤᠯᠠᠩ ᠭᠡᠵᠦ ᠨᠡᠷᠡᠰᠢᠯᠡᠭᠦᠯᠦᠨ ᠲᠠᠭᠤᠳᠠᠳᠠᠭ᠃ | ᠢᠰᠢᠭᠡ — ᠲᠤᠰ ᠵᠢᠯ ᠤᠨ ᠲᠦᠯ᠂ ᠡᠷ᠎ᠡ ᠦᠬᠢᠨ ᠢᠰᠢᠭᠡ ᠭᠡᠵᠦ ᠢᠯᠭᠠᠨ᠎ᠠ᠃ | ᠰᠢᠳᠦᠯᠡᠬᠦ᠂ ᠰᠢᠳᠦᠯᠡᠩ — ᠬᠤᠶᠠᠷ ᠨᠠᠰᠤ ᠲᠠᠢ᠂᠂ ᠰᠢᠳᠦᠯᠡᠭᠡᠳᠦᠢ ᠶᠢ ᠨᠢ ︽ᠰᠢᠳᠦᠯᠡᠬᠦ︾ ᠭᠡᠵᠦ᠂ | ᠰᠢᠳᠦᠯᠡᠭᠰᠡᠨ ᠢ ᠨᠢ ︽ᠰᠢᠳᠦᠯᠡᠩ︾ ᠭᠡᠵᠦ ᠡᠷ᠎ᠡ ᠡᠮ᠎ᠡ ᠪᠠᠷ ᠨᠢ ᠢᠯᠭᠠᠨ᠎ᠠ᠃ | ᠬᠢᠵᠡᠭᠠᠯᠠᠩ — ᠭᠤᠷᠪᠠᠨ ᠨᠠᠰᠤ ᠲᠠᠢ | ᠰᠤᠶᠤᠭᠠᠯᠠᠩ — ᠲᠦᠷᠪᠡᠨ ᠨᠠᠰᠤ ᠲᠠᠢ | ᠰᠡᠷᠬᠡ — ᠰᠢᠳᠦᠯᠡᠩ ᠠᠴᠠ ᠲᠡᠭᠡᠭᠰᠢ ᠵᠠᠰᠠᠭᠰᠠᠨ ᠡᠷ᠎ᠡ ᠢᠮᠠᠭ᠎ᠠ | ᠤᠬᠤᠨ᠎ᠠ — ᠰᠢᠳᠦᠯᠡᠩ ᠠᠴᠠ ᠲᠡᠭᠡᠭᠰᠢ ᠵᠠᠰᠠᠭ᠎ᠠ ᠦᠭᠡᠢ ᠡᠷ᠎ᠡ ᠢᠮᠠᠭ᠎ᠠ | ᠬᠢᠵᠢᠶᠡᠯᠢ — ᠶᠢᠰᠦᠨ ᠨᠠᠰᠤᠨ ᠠᠴᠠ ᠲᠡᠭᠡᠭᠰᠢᠬᠢ ᠬᠦᠭᠰᠢᠷᠡᠭᠰᠡᠨ | ᠢᠮᠠᠭᠠᠨ ᠤ ᠨᠠᠰᠤ ᠶᠢ ᠰᠢᠳᠦ ᠪᠠᠷ ᠢᠯᠭᠠᠬᠤ ᠳᠤ ᠮᠦᠨ ᠬᠤᠨᠢᠨ ᠤ ᠬᠢ ᠲᠠᠢ ᠠᠳᠠᠯᠢ ᠰᠢᠳᠤᠯᠡᠨᠡ᠃ | ⒌ ᠲᠡᠮᠡᠭᠡᠨ ᠰᠦᠷᠦᠭ ᠤᠨ ᠪᠦᠳᠦᠴᠡ ᠶᠢᠨ ᠲᠦᠷᠦᠯ ᠢᠯᠭᠠᠯ ᠳᠤ ᠪᠤᠤᠷ᠎ᠠ᠂ ᠲᠠᠶᠢᠯᠤᠭ᠂ ᠠᠳᠠ᠂ ᠢᠩᠭᠡ᠂ ᠲᠤᠷᠤᠮ᠂ | ᠪᠤᠳᠤᠭᠤ᠂ ᠭᠤᠨ᠎ᠠ᠂ ᠭᠤᠨᠵᠢ ᠭᠡᠵᠦ ᠨᠡᠷᠡᠰᠢᠯᠡᠭᠦᠯᠦᠨ ᠲᠠᠭᠤᠳᠠᠳᠠᠭ᠃ | ᠪᠤᠳᠤᠭᠤ — ᠲᠤᠰ ᠵᠢᠯ ᠤᠨ ᠲᠦᠯ᠃ ᠡᠷ᠎ᠡ ᠦᠬᠢᠨ ᠪᠤᠳᠤᠭᠤ ᠭᠡᠵᠦ᠂ ᠨᠢᠯᠬ᠎ᠠ ᠪᠤᠳᠤᠭᠤ᠂ ᠬᠦᠷᠦᠪᠡ | ᠪᠤᠳᠤᠭᠤ᠂ ᠬᠡᠨᠵᠡ ᠪᠤᠳᠤᠭᠤ᠂ ᠦᠨᠦᠴᠢᠨ ᠪᠤᠳᠤᠭᠤ᠂ ᠠᠪᠤᠭᠤᠯ ᠪᠤᠳᠤᠭᠤ᠂ ᠲᠡᠯᠡᠭᠡ ᠪᠤᠳᠤᠭᠤ ᠭᠡᠬᠦ ᠵᠡᠷᠭᠡ ᠪᠠᠷ ᠢᠯᠭᠠᠨ᠎ᠠ᠃ | ᠲᠤᠷᠤᠮ — ᠬᠤᠶᠠᠷ ᠨᠠᠰᠤ ᠲᠠᠢ᠃ ᠡᠷ᠎ᠡ ᠦᠬᠢᠨ ᠲᠤᠷᠤᠮ ᠭᠡᠵᠦ ᠢᠯᠭᠠᠨ᠎ᠠ᠃ | ᠭᠤᠨ᠎ᠠ᠂ ᠭᠤᠨᠵᠢ — ᠭᠤᠷᠪᠠᠨ ᠨᠠᠰᠤ ᠲᠠᠢ᠃ ᠭᠤᠨ᠎ᠠ ᠭᠡᠵᠦ ᠡᠷ᠎ᠡ᠂ ᠭᠤᠨᠵᠢ ᠭᠡᠵᠦ ᠡᠮ᠎ᠡ | ᠲᠦᠨ᠎ᠡ᠂ ᠲᠦᠨᠵᠢ — ᠲᠦᠷᠪᠡᠨ ᠨᠠᠰᠤ ᠲᠠᠢ᠃ ᠲᠦᠨ᠎ᠡ ᠭᠡᠵᠦ ᠡᠷ᠎ᠡ᠂ ᠲᠦᠨᠵᠢ ᠭᠡᠵᠦ ᠡᠮ᠎ᠡ | ᠲᠡᠮᠡᠭᠡ ᠤᠷᠳᠤ ᠨᠠᠰᠤ ᠲᠠᠢ ᠠᠮᠢᠳᠠᠨ ᠪᠤᠯᠬᠤᠷ ᠭᠤᠨ᠎ᠡ᠂ ᠲᠦᠨ᠎ᠡ ᠳᠡᠭᠡᠨ ᠭᠤᠤᠯ ᠬᠤᠶᠠᠷ ᠰᠦᠨ ᠰᠢᠳᠦ | ᠨᠢ ᠰᠤᠯᠢᠭᠳᠠᠨ᠎ᠠ᠃ | ᠲᠠᠶᠢᠯᠤᠭ — ᠲᠠᠪᠤᠨ ᠨᠠᠰᠤᠨ ᠤ ᠵᠠᠰᠠᠭ᠎ᠠ ᠦᠭᠡᠢ | 5 — 6 ᠨᠠᠰᠤᠨ ᠳᠠᠭᠠᠨ ᠲᠤᠮᠳᠠ ᠲᠦᠷᠪᠡ ᠪᠠᠨ ᠰᠤᠩᠭᠠᠵᠦ᠂ ᠲᠡᠭᠡᠷ᠎ᠡ ᠲᠤᠤᠷᠠᠬᠢ ᠬᠤᠶᠠᠷ ᠨᠢ ᠭᠠᠷᠤᠨ᠎ᠠ᠃ | 7 — 8 ᠨᠠᠰᠤᠨ ᠳᠠᠭᠠᠨ ᠨᠢᠢᠮᠠᠨ ᠡᠭᠦᠳᠡᠨ ᠰᠢᠳᠦ ᠨᠢ ᠴᠦᠮ ᠪᠠᠶᠢᠩᠭᠤ ᠶᠢᠨ ᠰᠢᠳᠦ ᠪᠠᠷ ᠰᠤᠯᠢᠭᠳᠠᠵᠦ | ᠰᠢᠳᠦᠯᠡᠵᠦ ᠲᠠᠭᠤᠰᠤᠨ᠎ᠠ᠃ | ᠠᠳᠠ — ᠲᠠᠪᠤᠨ ᠨᠠᠰᠤᠨ ᠠᠴᠠ ᠲᠡᠭᠡᠭᠰᠢᠬᠢ ᠵᠠᠰᠠᠭᠰᠠᠨ | ᠪᠤᠤᠷ᠎ᠠ — ᠲᠠᠪᠤᠨ ᠨᠠᠰᠤᠨ ᠠᠴᠠ ᠲᠡᠭᠡᠭᠰᠢᠬᠢ ᠵᠠᠰᠠᠭ᠎ᠠ ᠦᠭᠡᠢ | ᠠᠰᠠᠮᠠᠨ — ᠢᠯᠡ ᠵᠠᠰᠠᠭ᠎ᠠ ᠦᠭᠡᠢ ᠡᠷ᠎ᠡ᠃ | |