ᠮᠠᠯ ᠤᠨᠤᠭ᠎ᠠ ᠲᠠᠢ ᠬᠤᠯᠪᠤᠭᠳᠠᠬᠤ ᠴᠡᠬᠡᠷ ᠶᠤᠰᠤ
ᠨᠡᠶᠢᠲᠡᠯᠡᠭᠰᠡᠨ ᠴᠠᠭ᠄
2017/8/3
                      1. ᠮᠤᠩᠭᠤᠯ ᠬᠦᠮᠤᠨ ᠲᠠᠪᠤᠨ ᠬᠤᠰᠢᠭᠤ ᠮᠠᠯ ᠤᠨ ᠲᠤᠯᠤᠭᠠᠢ ᠦᠬᠡᠳᠡ ᠵᠤᠳᠤᠵᠤ ᠴᠤᠬᠢᠬᠤ ᠶᠢ ᠮᠠᠰᠢ ᠴᠡᠬᠡᠷᠯᠡᠳᠡᠭ᠂ ᠮᠠᠯ ᠤᠨᠤᠭ᠎ᠠ ᠳᠠᠭᠠᠨ ᠬᠠᠶᠢᠷ᠎ᠠ ᠭᠠᠮ ᠦᠭᠡᠢ ᠡᠳ᠋ᠯᠡᠭᠰᠡᠳ ᠶᠢ ︽ᠪᠤᠶᠠᠨ ᠢᠶᠠᠨ ᠪᠤᠷᠤᠭᠤ ᠡᠳ᠋ᠯᠡᠭᠰᠡᠨ ᠠᠮᠢᠳᠠᠨ︾ ᠬᠡᠮᠡᠨ ᠮᠠᠭᠤᠰᠢᠶᠠᠳᠠᠭ᠃           2. ᠲᠠᠪᠤᠨ ᠬᠤᠰᠢᠭᠤ ᠮᠠᠯ ᠢᠶᠠᠨ ᠡᠯᠳᠡᠪ ᠮᠠᠭᠤ ᠦᠬᠡ ᠪᠠᠷ ᠬᠠᠷᠢᠶᠠᠬᠤ ᠶᠢ ᠴᠡᠬᠡᠷᠯᠡᠳᠡᠭ᠃ ᠢᠷᠸ᠎ᠠ ᠪᠤᠯᠤᠨ᠎ᠠ᠂ ᠮᠠᠯ ᠤᠨ ᠵᠠᠶᠠᠭ᠎ᠠ ᠭᠤᠮᠤᠳᠠᠨ᠎ᠠ ᠬᠡᠵᠤ ᠬᠡᠯᠡᠳᠡᠭ᠃           3. ᠠᠳᠤᠭᠤ ᠲᠡᠯᠡᠯᠵᠤ᠂ ᠲᠠᠮᠭᠠᠯᠠᠬᠤ᠂ ᠦᠷᠢᠶ᠎ᠡ ᠴᠠᠭᠠᠯᠠᠬᠤ ᠳᠤ ᠤᠯᠠᠭᠠᠨ᠂ ᠤᠯᠠᠭᠠᠭᠴᠢᠨ ᠡᠳᠤᠷ ᠢ ᠴᠡᠬᠡᠷᠯᠡᠳᠡᠭ᠃           4. ᠮᠠᠯ ᠢᠶᠠᠨ ᠬᠤᠳᠠᠯᠳᠤᠵᠤ ᠭᠠᠷᠭᠠᠬᠤ ᠳᠠᠭᠠᠨ ᠬᠡᠰᠡᠭ ᠢ ᠨᠢ ᠦᠯᠡᠳᠡᠬᠡᠬᠦ ᠦᠭᠡᠢ ᠪᠤᠯ ᠴᠡᠬᠡᠷᠳᠠᠢ᠂ ᠪᠤᠶᠠᠨ ᠪᠠᠷᠠᠭᠳᠠᠵᠤ᠂ ᠬᠤᠳᠠ ᠬᠤᠷᠤᠭ᠎ᠠ ᠬᠤᠭᠤᠰᠤᠷᠠᠨ᠎ᠠ ᠬᠡᠳᠡᠭ᠃ ᠲᠡᠶᠢᠮᠤ ᠳᠡᠭᠡᠨ ᠮᠠᠯ ᠤᠨ ᠬᠡᠰᠢᠭ ᠶᠢ ᠨᠢ ᠠᠪᠤᠭᠠᠳ ᠴᠢᠭᠳᠠᠭᠠᠨ ᠳᠠᠭᠠᠨ ᠤᠶᠠᠵᠤ ᠲᠠᠯᠪᠢᠳᠠᠭ᠃         5. ᠨᠢᠯᠬ᠎ᠠ ᠪᠠᠭ᠎ᠠ ᠠᠮᠢᠳᠠᠨ ᠶᠢ ᠨᠢᠳᠤᠯᠵᠠᠵᠤ ᠠᠯᠠᠬᠤ᠂ ᠮᠠᠯ ᠤᠨ ᠬᠡᠬᠡᠯ ᠢ ᠨᠤᠬᠠᠢ ᠰᠢᠪᠠᠭᠤᠳ ᠳᠤ ᠢᠳᠡᠬᠦᠯᠬᠦ ᠎ ᠶᠢ ᠴᠡᠬᠡᠷᠯᠡᠳᠡᠭ᠃           6. ᠮᠠᠯ ᠤᠨ ᠬᠤᠷᠤᠭ᠎ᠠ ᠬᠠᠰᠢᠶᠠᠨ ᠳᠤ ᠰᠢᠬᠡᠵᠤ ᠪᠠᠭᠠᠬᠤ ᠶᠢ ᠶᠢ ᠲᠠᠰᠤ ᠴᠡᠬᠡᠷᠯᠡᠳᠡᠭ᠂ ᠮᠠᠯ ᠤᠨ ᠰᠦᠷ ᠪᠠᠭᠤᠷᠴᠤ᠂ ᠠᠵᠤ ᠠᠮᠢᠳᠤᠷᠠᠯ ᠲᠤᠷᠤᠶᠢᠳᠠᠨ᠎ᠠ︕ ᠬᠡᠳᠡᠭ᠃         7. ᠵᠢᠷᠮᠤᠰᠤᠨ ᠡᠮᠡᠭᠳᠠᠢ ᠲᠡᠮᠡᠭᠡ ᠤᠨᠤᠬᠤ ᠶᠢ ᠴᠡᠬᠡᠷᠯᠡᠨ᠎ᠡ᠂ ᠤᠨᠤᠪᠠᠯ ᠰᠠᠷ᠎ᠠ ᠡᠷᠬᠦᠨ᠎ᠡ ᠬᠡᠳᠡᠭ᠃ ᠪᠤᠤᠷ᠎ᠠ ᠶᠢᠨ ᠵᠦᠭ ᠬᠠᠨᠳᠤᠵᠤ ᠰᠢᠬᠡᠪᠡᠯ ᠠᠮᠠᠨ ᠲᠠᠢ ᠬᠡᠵᠤ ᠴᠡᠬᠡᠷᠯᠡᠳᠡᠭ᠃         8. ᠮᠤᠷᠢᠨ ᠤ ᠬᠠᠵᠠᠭᠠᠷ ᠢ ᠡᠬᠦᠳᠡ ᠳᠤ ᠮᠦᠷᠬᠦᠬᠦᠯᠳᠡᠭ ᠦᠭᠡᠢ᠂ ᠮᠦᠷᠬᠦᠬᠦᠯᠪᠡᠯ ᠮᠤᠷᠢᠨ ᠲᠤᠯᠤᠭᠠᠢ ᠶᠠᠩᠬᠢᠨᠠᠨ᠎ᠠ ᠬᠡᠵᠤ ᠴᠡᠬᠡᠷᠯᠡᠳᠡᠭ᠃                                ᠰ᠊᠂ ᠰᠡᠴᠡᠡᠪᠠᠭᠠᠳᠤᠷ  
 
ᠢᠷᠡᠯᠲᠡ᠄ ᠬᠤᠯᠪᠣᠭ᠎ᠠ ᠪᠥᠷᠭᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号