| 1. ᠮᠤᠩᠭᠤᠯ ᠬᠦᠮᠤᠨ ᠲᠠᠪᠤᠨ ᠬᠤᠰᠢᠭᠤ ᠮᠠᠯ ᠤᠨ ᠲᠤᠯᠤᠭᠠᠢ ᠦᠬᠡᠳᠡ ᠵᠤᠳᠤᠵᠤ ᠴᠤᠬᠢᠬᠤ ᠶᠢ ᠮᠠᠰᠢ | ᠴᠡᠬᠡᠷᠯᠡᠳᠡᠭ᠂ ᠮᠠᠯ ᠤᠨᠤᠭ᠎ᠠ ᠳᠠᠭᠠᠨ ᠬᠠᠶᠢᠷ᠎ᠠ ᠭᠠᠮ ᠦᠭᠡᠢ ᠡᠳ᠋ᠯᠡᠭᠰᠡᠳ ᠶᠢ ︽ᠪᠤᠶᠠᠨ ᠢᠶᠠᠨ ᠪᠤᠷᠤᠭᠤ ᠡᠳ᠋ᠯᠡᠭᠰᠡᠨ ᠠᠮᠢᠳᠠᠨ︾ | ᠬᠡᠮᠡᠨ ᠮᠠᠭᠤᠰᠢᠶᠠᠳᠠᠭ᠃ | 2. ᠲᠠᠪᠤᠨ ᠬᠤᠰᠢᠭᠤ ᠮᠠᠯ ᠢᠶᠠᠨ ᠡᠯᠳᠡᠪ ᠮᠠᠭᠤ ᠦᠬᠡ ᠪᠠᠷ ᠬᠠᠷᠢᠶᠠᠬᠤ ᠶᠢ ᠴᠡᠬᠡᠷᠯᠡᠳᠡᠭ᠃ ᠢᠷᠸ᠎ᠠ ᠪᠤᠯᠤᠨ᠎ᠠ᠂ | ᠮᠠᠯ ᠤᠨ ᠵᠠᠶᠠᠭ᠎ᠠ ᠭᠤᠮᠤᠳᠠᠨ᠎ᠠ ᠬᠡᠵᠤ ᠬᠡᠯᠡᠳᠡᠭ᠃ | 3. ᠠᠳᠤᠭᠤ ᠲᠡᠯᠡᠯᠵᠤ᠂ ᠲᠠᠮᠭᠠᠯᠠᠬᠤ᠂ ᠦᠷᠢᠶ᠎ᠡ ᠴᠠᠭᠠᠯᠠᠬᠤ ᠳᠤ ᠤᠯᠠᠭᠠᠨ᠂ ᠤᠯᠠᠭᠠᠭᠴᠢᠨ ᠡᠳᠤᠷ ᠢ | ᠴᠡᠬᠡᠷᠯᠡᠳᠡᠭ᠃ | 4. ᠮᠠᠯ ᠢᠶᠠᠨ ᠬᠤᠳᠠᠯᠳᠤᠵᠤ ᠭᠠᠷᠭᠠᠬᠤ ᠳᠠᠭᠠᠨ ᠬᠡᠰᠡᠭ ᠢ ᠨᠢ ᠦᠯᠡᠳᠡᠬᠡᠬᠦ ᠦᠭᠡᠢ ᠪᠤᠯ ᠴᠡᠬᠡᠷᠳᠠᠢ᠂ ᠪᠤᠶᠠᠨ | ᠪᠠᠷᠠᠭᠳᠠᠵᠤ᠂ ᠬᠤᠳᠠ ᠬᠤᠷᠤᠭ᠎ᠠ ᠬᠤᠭᠤᠰᠤᠷᠠᠨ᠎ᠠ ᠬᠡᠳᠡᠭ᠃ ᠲᠡᠶᠢᠮᠤ ᠳᠡᠭᠡᠨ ᠮᠠᠯ ᠤᠨ ᠬᠡᠰᠢᠭ ᠶᠢ ᠨᠢ ᠠᠪᠤᠭᠠᠳ | ᠴᠢᠭᠳᠠᠭᠠᠨ ᠳᠠᠭᠠᠨ ᠤᠶᠠᠵᠤ ᠲᠠᠯᠪᠢᠳᠠᠭ᠃ | 5. ᠨᠢᠯᠬ᠎ᠠ ᠪᠠᠭ᠎ᠠ ᠠᠮᠢᠳᠠᠨ ᠶᠢ ᠨᠢᠳᠤᠯᠵᠠᠵᠤ ᠠᠯᠠᠬᠤ᠂ ᠮᠠᠯ ᠤᠨ ᠬᠡᠬᠡᠯ ᠢ ᠨᠤᠬᠠᠢ ᠰᠢᠪᠠᠭᠤᠳ ᠳᠤ ᠢᠳᠡᠬᠦᠯᠬᠦ | ᠶᠢ ᠴᠡᠬᠡᠷᠯᠡᠳᠡᠭ᠃ | 6. ᠮᠠᠯ ᠤᠨ ᠬᠤᠷᠤᠭ᠎ᠠ ᠬᠠᠰᠢᠶᠠᠨ ᠳᠤ ᠰᠢᠬᠡᠵᠤ ᠪᠠᠭᠠᠬᠤ ᠶᠢ ᠶᠢ ᠲᠠᠰᠤ ᠴᠡᠬᠡᠷᠯᠡᠳᠡᠭ᠂ ᠮᠠᠯ ᠤᠨ ᠰᠦᠷ | ᠪᠠᠭᠤᠷᠴᠤ᠂ ᠠᠵᠤ ᠠᠮᠢᠳᠤᠷᠠᠯ ᠲᠤᠷᠤᠶᠢᠳᠠᠨ᠎ᠠ︕ ᠬᠡᠳᠡᠭ᠃ | 7. ᠵᠢᠷᠮᠤᠰᠤᠨ ᠡᠮᠡᠭᠳᠠᠢ ᠲᠡᠮᠡᠭᠡ ᠤᠨᠤᠬᠤ ᠶᠢ ᠴᠡᠬᠡᠷᠯᠡᠨ᠎ᠡ᠂ ᠤᠨᠤᠪᠠᠯ ᠰᠠᠷ᠎ᠠ ᠡᠷᠬᠦᠨ᠎ᠡ ᠬᠡᠳᠡᠭ᠃ ᠪᠤᠤᠷ᠎ᠠ ᠶᠢᠨ | ᠵᠦᠭ ᠬᠠᠨᠳᠤᠵᠤ ᠰᠢᠬᠡᠪᠡᠯ ᠠᠮᠠᠨ ᠲᠠᠢ ᠬᠡᠵᠤ ᠴᠡᠬᠡᠷᠯᠡᠳᠡᠭ᠃ | 8. ᠮᠤᠷᠢᠨ ᠤ ᠬᠠᠵᠠᠭᠠᠷ ᠢ ᠡᠬᠦᠳᠡ ᠳᠤ ᠮᠦᠷᠬᠦᠬᠦᠯᠳᠡᠭ ᠦᠭᠡᠢ᠂ ᠮᠦᠷᠬᠦᠬᠦᠯᠪᠡᠯ ᠮᠤᠷᠢᠨ ᠲᠤᠯᠤᠭᠠᠢ | ᠶᠠᠩᠬᠢᠨᠠᠨᠠ ᠬᠡᠵᠤ ᠴᠡᠬᠡᠷᠯᠡᠳᠡᠭ᠃ | ᠰ᠊᠂ ᠰᠡᠴᠡᠡᠪᠠᠭᠠᠳᠤᠷ |