︽ᠮᠣᠩᠭᠤᠯ ᠤᠭᠰᠠᠭᠠᠲᠠᠨ ᠤ ᠵᠠᠩᠰᠢᠯ ᠰᠣᠶᠣᠯ ᠤᠨ ᠦᠨᠳᠦᠰᠦ︾ : ᠨᠢᠬᠡᠳᠦᠭᠡᠷ ᠪᠦᠯᠦᠭ ᠮᠣᠩᠭᠤᠯᠴᠣᠳ ᠤᠨ ᠨᠢᠬᠡ ᠨᠠᠰᠤᠨ ᠤ ᠲᠣᠷᠠᠰᠬᠠᠯᠲᠦ  ᠵᠠᠩ ᠦᠢᠯᠡ  ᠶᠢᠨ ᠰᠣᠳᠣᠯᠣᠯ(2)
ᠨᠡᠶᠢᠲᠡᠯᠡᠭᠰᠡᠨ ᠴᠠᠭ᠄
2017/9/18
ᠨᠢᠭᠡᠳᠤᠭᠡᠷ ᠬᠡᠰᠡᠭ    ᠦᠷ᠎ᠡ ᠶᠢᠨ ᠬᠤᠳᠤᠭ ᠭᠤᠶᠤᠬᠤ ᠵᠠᠩ ᠦᠢᠯᠨ ᠵᠢᠴᠢ ᠰᠣᠶᠣᠯ  ᠤᠨ ᠣᠳᠬ᠎ᠠ        ᠡᠷᠳᠡᠨ  ᠤ ᠡᠮᠡᠭᠳᠡᠶᠢᠴᠤᠳ ᠦᠷ᠎ᠡ ᠬᠡᠤᠬᠡᠳ ᠲᠠᠢ ᠪᠣᠯᠬᠤ  ᠎ ᠶᠢ  ᠬᠦᠰᠡᠵᠦ᠂  ᠦᠷ᠎ᠡ  ᠎ ᠶᠢᠨ  ᠬᠤᠳᠤᠭ  ᠭᠤᠶᠣᠬᠤ ᠳᠠᠭᠠᠨ ᠠᠭᠤᠯᠠ ᠣᠪᠣᠭ᠎ᠠ᠂ ᠠᠭᠤᠯᠠᠨ ᠠᠭᠤᠢ᠂ ᠬᠠᠳᠠᠨ ᠬᠦᠨᠳᠡᠢ᠂ ᠬᠦᠮᠦᠨ ᠴᠢᠯᠠᠭᠤ᠂ ᠶᠡᠬᠡᠰ  ᠤᠨ ᠭᠠᠵᠠᠷ ᠵᠡᠷᠭᠡ  ᠲᠠᠬᠢᠯᠭᠠᠲᠦ‌ᠣᠷᠣᠨ  ᠳᠤ ᠮᠦᠷᠬᠦᠵᠦ᠂ ᠲᠠᠬᠢᠯᠭ᠎ᠠ  ᠶᠢᠨ ᠢᠳᠡᠭᠡ ᠲᠡᠭᠡᠵᠢ ᠡᠷᠬᠦᠵᠦ᠂ ᠵᠣᠬᠢᠬᠤ ᠶᠣᠰᠣᠯᠠᠯ ᠬᠢᠬᠦ ᠪᠣᠶᠣ  ᠵᠠᠯᠪᠢᠷᠴᠣ  ᠭᠤᠶᠣᠳᠠᠭ‌‍ᠪᠠᠶᠢᠵᠡᠢ᠃ ᠰᠡᠬᠦᠯᠴᠢ  ᠶᠢᠨ ᠦᠶ᠎ᠡ  ᠪᠠᠷ ᠱᠠᠰᠢᠨ  ᠤ ᠨᠦᠯᠦᠬᠡ ᠦᠷᠭᠡᠨ ᠲᠡᠯᠭᠡᠷᠡᠭᠰᠡᠨ  ᠠᠴᠠ ᠪᠣᠯᠵᠦ  ᠪᠣᠷᠬᠠᠨ᠂  ᠬᠤᠲᠣᠭᠳᠣ‌ᠯᠠᠮ᠎ᠠ ᠬᠡᠬᠡᠨ  ᠳᠤ ᠮᠦᠷᠬᠦᠵᠦ᠂ ᠲᠡᠳᠡᠨ  ᠳᠤ ᠳᠠᠭᠠᠳᠬᠠᠨ ᠭᠤᠶᠣᠳᠠᠭ ᠪᠠᠶᠢᠪᠠ᠃ ᠬᠠᠯᠬ᠎ᠠ  ᠶᠢᠨ  ᠲᠦᠪ  ᠠᠶᠢᠮᠠᠭ  ᠎ ᠤᠨ  ᠵᠠᠷᠢᠮ‌ᠨᠣᠳᠤᠭ  ᠤᠨ ᠡᠮᠡᠭᠳᠡᠶᠢᠴᠦᠳ ︽ᠲᠠᠶᠠᠩ ᠲᠡᠬᠡᠷᠡᠬᠢ ᠠᠭᠤᠢ︾ ᠪᠣᠶᠣ ᠬᠦᠮᠦᠨ  ᠴᠢᠯᠠᠭᠤ ᠠᠴᠠ  ᠦᠷ᠎ᠡ  ᠬᠡᠤᠬᠡᠳ  ᠭᠤᠶᠣᠵᠦ᠂ᠳᠠᠭᠠᠳᠬᠠᠨ ᠮᠦᠷᠬᠦᠬᠦ ᠵᠠᠩᠰᠢᠯ ᠲᠠᠢ ᠪᠠᠶᠢᠵᠠᠢ᠃ ᠬᠡᠨᠳᠡᠢ ᠬᠠᠩᠭᠠᠢ  ᠶᠢᠨ ᠨᠢᠷᠦᠭᠤ ᠪᠠᠷ  ᠨᠣᠳᠣᠭᠯᠠᠵᠦ  ᠪᠠᠶᠢᠭᠰᠠᠨ  ᠬᠠᠯᠬᠠᠴᠣᠳ ᠤᠨ ᠲᠣᠮᠳᠠ ᠬᠦᠮᠦᠨ ᠴᠢᠯᠠᠭᠤ ᠨᠢ ᠨᠢᠭᠡᠨ ᠦᠪᠡᠷᠮᠢᠴᠡ ᠰᠢᠳᠣᠭᠡᠨ ᠪᠠᠶᠢᠵᠦ᠂ ᠲᠡᠬᠦᠨ  ᠎ ᠢ  ᠲᠡᠭᠡᠲᠦ  ᠠᠪᠣᠷᠠᠯ  ᠎ ᠤᠨ  ᠰᠢᠳᠦᠭᠡᠨ‌‍ᠪᠣᠯᠭᠠᠨ ᠲᠠᠬᠢᠵᠦ᠂ ᠦᠷ᠎ᠡ ᠬᠡᠣᠭᠡᠳ ᠵᠠᠶᠠᠭᠠᠬᠤ  ᠶᠢ ᠭᠤᠶᠣᠵᠦ ᠲᠠᠭᠠᠳᠬᠠᠳᠠᠭ ᠵᠠᠩᠰᠢᠯ ᠲᠠᠢ ᠪᠠᠶᠢᠪᠠ᠃ ᠦᠪᠦᠷ ᠮᠣᠩᠭᠤᠯ   ‍ᠣᠨ‌ᠵᠠᠷᠢᠮ ᠨᠣᠳᠤᠭ ᠣᠷᠣᠨ  ᠳᠤ ᠠᠭᠤᠯᠠᠨ ᠬᠦᠨᠲᠡᠢ ᠪᠣᠶᠣ ᠠᠭᠤᠢ  ᠳᠤ ᠰᠢᠷᠭᠤᠵᠦ ᠦᠷ᠎ᠡ  ᠶᠢᠨ ᠬᠤᠳᠤᠭ ᠭᠤᠶᠣᠳᠠᠭ ᠪᠠᠶᠢᠭᠰᠠᠨ‌ᠣᠯᠠᠮᠵᠢᠯᠠᠯ ᠶᠠᠷᠢᠶ᠎ᠠ ᠪᠣᠢ᠃ ᠵᠣᠣ ᠣᠳᠠ  ᠶᠢᠨ ︽ᠡᠬᠡ ᠎ ᠶᠢᠨ ᠣᠮᠠᠢ ᠰᠢᠷᠭᠤᠭᠤᠯ︾᠂  ᠵᠠᠷᠦᠳ  ᠬᠤᠰᠢᠭᠤᠨ  ᠎ ᠤ  ︽ᠠᠯᠳᠠᠨ‌‍ᠰᠢᠷᠭᠤᠭᠤᠯ︾ ᠮᠡᠲᠦ ᠣᠨᠴᠠᠯᠢᠭᠲᠦ ᠠᠭᠤᠯᠨ ᠬᠦᠨᠲᠡᠢ ᠎ ᠪᠠᠷ ᠰᠢᠷᠭᠤᠵᠦ᠂  ᠦᠷ᠎ᠡ  ᠎ ᠶᠢᠨ  ᠬᠤᠳᠤᠭ  ᠭᠤᠶᠣᠨ  ᠳᠠᠭᠠᠳᠬᠠᠳᠠᠭ‌‍ᠪᠠᠶᠢᠵᠡᠢ᠃ ᠲᠠᠬᠢᠯᠭᠠᠲᠣ ᠠᠭᠤᠯᠠ᠂ ᠣᠪᠣᠭ᠎ᠠ  ᠠᠴᠠ ᠦᠷ᠎ᠡ  ᠶᠢᠨ ᠬᠤᠳᠤᠭ ᠭᠤᠶᠣᠬᠤ ᠶᠣᠰᠦ ᠪᠠᠰᠠ ᠨᠡᠶᠢᠲᠡ ᠮᠣᠩᠭᠤᠯ   ᠳ᠋ᠣ᠋‌‍ᠲ᠋ᠦ᠋ᠭᠡᠮᠡᠯ ᠤᠯᠠᠮᠵᠢᠯᠠᠬᠤ ᠪᠠᠶᠢᠭᠰᠠᠨ ᠶᠣᠮ᠃ ᠬᠠᠯᠬ᠎ᠠ ᠭᠤᠣᠯ  ᠤᠨ ᠣᠷᠴᠢᠮ ᠨᠣᠲᠣᠭᠯᠠᠵᠦ ᠪᠠᠶᠢᠭᠰᠠᠨ ᠮᠣᠩᠭᠤᠯᠴᠣᠳ ᠸᠠᠩ ‍ᠣᠨ‌‍ᠴᠠᠭᠠᠨ ᠠᠭᠤᠯᠠ ᠠᠴᠠ ᠦᠷ᠎ᠡ  ᠶᠢᠨ ᠬᠤᠳᠤᠭ ᠭᠤᠶᠣᠵᠦ᠂ ᠡᠨᠡ ᠠᠭᠤᠯᠠ ᠲᠡᠭᠡᠷ᠎ᠡ ︽ᠬᠡᠤᠬᠡᠳ  ᠤᠨ ᠣᠪᠣᠭ᠎ᠠ︾ ᠬᠡᠮᠡᠬᠦ ᠡᠷᠬᠦᠯ‌ᠮᠦ᠋ᠷᠬᠦᠯ  ᠤᠨ  ᠲᠣᠰᠬᠠᠢ  ᠣᠪᠣᠭ᠎ᠠ  ᠎ ᠶᠢ  ᠪᠣᠰᠬᠠᠵᠦ  ᠪᠠᠶᠢᠭᠰᠠᠨ  ᠮᠡᠳᠡᠭᠡ  ᠪᠣᠢ  ﹇1﹈᠃  ᠬᠦᠬᠡᠨᠠᠭᠤᠷ  ᠎ ᠤᠨ  ᠬᠤᠱᠣᠳ‌ᠮᠣᠩᠭᠤᠯᠴᠣᠳ ᠦᠨᠳᠦᠷ ᠠᠭᠤᠯᠨ ᠪᠣᠶᠣ ᠬᠤᠰᠢᠭᠤ ᠣᠪᠣᠭ᠎ᠠ ᠳᠠᠭᠠᠨ  ᠵᠠᠯᠪᠢᠷᠠᠵᠦ᠂  ᠦᠷ᠎ᠡ  ᠎ ᠶᠢᠨ  ᠬᠤᠳᠤᠭ  ᠭᠤᠶᠣᠳᠠᠭ᠂ᠡᠰᠡᠬᠦᠯ᠎ᠡ ᠡᠷᠡᠬᠦᠯ ᠡᠩᠬᠡ ᠣᠯᠠᠨ ᠰᠠᠶᠢᠬᠠᠨ ᠬᠡᠣᠬᠡᠳ ᠲᠠᠢ ᠡᠵᠢ ᠬᠦᠮᠦᠨ  ᠤ ᠦᠯᠮᠡᠢ  ᠳᠤ ᠮᠦᠷᠬᠦᠬᠦ  ᠪᠣᠶᠣ  ᠦᠮᠦᠳᠦᠨ   ‍ᠣ‌‍ᠬᠢᠨᠢ ᠲᠡᠯᠡᠢ ᠭᠤᠶᠣᠵᠦ ᠠᠪᠣᠭᠠᠳ ᠦᠯᠡᠬᠡᠯᠡᠬᠦ᠂ ᠴᠢᠨᠠᠭᠰᠢᠯᠠᠪᠠᠯ ᠦᠢᠷ᠎ᠠ ᠲᠦᠷᠦᠯ ᠰᠠᠳᠣᠨ ᠪᠣᠯ ᠬᠠᠭᠤᠴᠢᠨ  ᠦᠮᠦᠳᠦ  ᠎ ᠶᠢ  ᠨᠢ‌ᠭᠤᠶᠣᠵᠦ ᠡᠮᠦᠰᠳᠡᠭ ᠵᠡᠷᠭᠡ ᠵᠠᠩᠰᠢᠯ ᠲᠠᠢ ᠪᠠᠶᠢᠭᠰᠠᠨ ᠬᠡᠨ᠎ᠡ ﹇2﹈᠃ ᠢᠩᠭᠡᠪᠡᠯ ᠲᠡᠷᠨ ᠣᠯᠠᠨ ᠬᠡᠣᠬᠡᠳ ᠲᠠᠢ ᠡᠵᠢ  ᠶᠢᠨ ᠪᠣᠶᠠᠨ‌ᠬᠠᠯᠳᠣᠵᠦ᠂ ᠦᠷ᠎ᠡ  ᠶᠢᠨ ᠬᠤᠪᠢ ᠵᠠᠶᠠᠭ᠎ᠠ ᠲᠠᠢ ᠪᠣᠯᠬᠤ ᠬᠡᠵᠦ ᠪᠡᠯᠭᠡᠰᠢᠳᠡᠭ ᠭᠡᠨ᠎ᠡ᠃ ᠡᠨ᠋ᠨ ᠵᠠᠩᠰᠢᠯ ᠨᠢ ᠪᠢᠲᠠᠨ  ᠳᠤ ᠮᠠᠨ   ‍ᠣ‌‍ᠲ᠋ᠡᠭᠡᠳᠣᠬᠦᠯ  ᠤᠨ ᠨᠠᠭᠠᠳᠦ ᠵᠠᠬ᠎ᠠ ᠳᠠᠭᠠᠨ ᠭᠤᠷᠪᠠᠨ ᠵᠦᠢᠯ  ᠤᠨ ᠡᠷᠲᠡᠨ  ᠤ ᠰᠣᠶᠣᠯ ᠰᠡᠳᠬᠢᠴᠡ  ᠎ ᠶᠢᠨ  ᠰᠣᠷᠠᠭ  ᠵᠠᠩᠬᠢ   ᠵᠢ‌‍ᠲ᠋ᠠᠮᠵᠢᠭᠤᠯᠵᠦ ᠪᠠᠶᠢᠨ᠎ᠠ᠃ ᠶᠠᠭᠤ ᠬᠡᠪᠡᠯ ᠨᠢᠬᠡ  ᠳᠤ ᠮᠣᠩᠭᠤᠯ ᠠᠷᠠᠳ  ᠤᠨ ᠶᠠᠪᠠᠭᠠᠨ ᠰᠢᠳᠦᠬᠡᠨ  ᠤ ᠨᠢᠬᠡ  ᠦᠵᠡᠭᠳᠡᠯ  ᠪᠣᠯᠬᠤ︽ᠪᠡᠯᠭᠡᠰᠢᠶᠡᠬᠦ︾ ᠵᠠᠩᠰᠢᠯ  ᠤᠨ ᠰᠡᠳᠬᠡᠯᠬᠡᠨ  ᠤ ᠣᠯᠨ ᠮᠦᠷ᠂ ᠬᠤᠶᠠᠷ ᠲᠤ ᠮᠣᠩᠭᠤᠯᠴᠣᠳ  ᠎ ᠤᠨ  ᠡᠷᠲᠡᠨ  ᠎ ᠤ  ᠡᠬᠡ   ᠵᠢᠨ‌ᠡᠷᠬᠡᠲᠦ ᠶᠣᠰᠣᠨ ᠤ ᠴᠠᠭ ᠦᠶ᠎ᠡ  ᠶᠢᠨ ᠨᠠᠶᠢᠬᠡᠮ ᠨᠡᠶᠢᠲᠠ  ᠶᠢᠨ ᠣᠬᠠᠮᠰᠠᠷ ᠪᠠ ᠲᠠᠨᠢᠯᠲᠠ  ᠶᠢᠨ ᠬᠡᠮᠵᠢᠶ᠎ᠠ᠂ ᠭᠤᠷᠪᠠ  ᠳᠤ ᠲᠣᠬᠠᠢ ᠶᠢᠨ ᠮᠣᠩᠭᠤᠯ ᠲᠦᠮᠡᠨ ᠤ ᠣᠢ ᠣᠬᠠᠭᠠᠨ᠂ ᠰᠡᠷᠡᠯ ᠰᠡᠳᠬᠡᠬᠦᠢ᠂ ᠭᠡᠨᠡᠨ ᠴᠠᠭᠠᠪᠣᠷᠢ ᠪᠣᠳᠣᠯ ᠰᠠᠨᠠᠭᠠᠨ  ᠤ ᠣᠨᠴᠠᠯᠢᠭ ᠵᠡᠷᠭᠡ   ᠵᠢ‌ᠬᠠᠷᠠᠭᠤᠯᠵᠦ ᠪᠠᠶᠢᠨ᠎ᠠ᠃ ᠡᠶᠢᠮᠦᠷᠬᠦ ᠪᠠᠶᠢᠭᠠᠯᠢᠭ᠂ ᠨᠢᠯᠬᠠᠰᠠᠭ᠂ ᠬᠡᠨᠡᠨ ᠴᠠᠭᠠᠪᠣᠷᠢ ᠣᠷᠠᠨ ᠰᠠᠨᠠᠭ᠎ᠠ ᠲᠣᠣᠯᠢ ᠶᠢᠨ  ᠲᠦᠷᠰᠦᠯᠡᠯ   ᠳ᠋ᠣ᠋‌‍ᠴᠣ ᠠᠷᠪᠢᠨ ᠲᠣᠬᠢᠶᠠᠯᠳᠠᠳᠠᠭ᠃ ᠵᠢᠱᠢᠶᠠᠯᠠᠪᠠᠯ᠂ ᠲᠣᠣᠯᠢ  ᠶᠢᠨ ᠪᠠᠭᠠᠳᠦᠷ ᠵᠣᠯ ᠪᠣᠰᠣ ᠠᠮᠢ ᠦᠷᠡᠭᠳᠡᠴᠢᠬᠠᠪᠠᠯ᠂ ᠠᠷᠢᠭᠤᠨ  ᠳᠠᠬᠢᠨᠢ‌ᠡᠬᠡᠴᠢ ᠨᠡᠷ ᠨᠢ ᠪᠣᠶᠣ ᠡᠬᠡ ᠬᠦᠮᠦᠨ ᠳᠡᠭᠡᠭᠦᠷ ᠨᠢ ᠠᠯᠬᠤᠵᠦ ᠲᠠᠬᠢᠨ ᠠᠮᠢᠯᠡᠭᠤᠯᠳᠠᠭ᠃ ᠡᠨ᠋ᠨ ᠨᠢ ᠬᠦᠮᠦᠨ ᠤ ᠠᠮᠢ  ᠨᠠᠰᠣᠨ   ‍ᠣ‌ᠢᠷᠠᠯ ᠭᠠᠷᠣᠯ  ᠢ ᠡᠬᠡ ᠬᠦᠮᠦᠨ ᠲᠠᠢ ᠬᠤᠯᠪᠣᠬᠤ ᠡᠷᠲᠡᠨ  ᠤ  ᠰᠡᠷᠡᠯ  ᠰᠡᠳᠬᠡᠬᠦᠢ  ᠎ ᠶᠢᠨ  ᠢᠯᠡᠷᠡᠯ  ᠶᠠᠭᠠᠬᠢᠬᠤ  ᠠᠷᠭ᠎ᠠ  ᠦᠬᠡᠢ‌ᠮᠦ᠋ᠨ᠃ ᠬᠡᠪᠡᠴᠣ ᠦᠷ᠎ᠡ ᠶᠢᠨ ᠬᠤᠳᠤᠭ ᠭᠤᠶᠤᠬᠤ ᠵᠠᠩ ᠦᠢᠯᠨ ᠨᠢ ᠬᠦᠭᠵᠢᠯ ᠬᠤᠪᠢᠷᠠᠯ  ᠤᠨ ᠶᠠᠪᠣᠴᠨ ᠲᠣᠮᠳᠠ  ᠪᠠᠨ᠂ ᠯᠠᠮᠨ‌‍ᠬᠡᠬᠡᠨ᠂ ᠰᠦᠮ᠎ᠡ ᠬᠡᠶᠢᠳ  ᠲᠤ ᠳᠠᠭᠠᠳᠬᠠᠬᠤ᠂ ᠣᠨᠴᠠᠭᠠᠢ ᠰᠢᠨᠵᠢ ᠲᠡᠮᠳᠡᠭ ᠲᠠᠢ ᠪᠠᠶᠢᠭᠠᠯᠢ  ᠶᠢᠨ ᠦᠵᠡᠭᠳᠡᠯ  ᠳᠤ ᠰᠢᠳᠦᠬᠦ᠂ ᠠᠯᠢ‌ᠡᠰᠡᠬᠦᠯ᠎ᠡ ᠦᠷ᠎ᠡ ᠬᠡᠤᠬᠡᠳ ᠵᠠᠶᠠᠭᠠᠬᠤ ᠪᠣᠶᠠᠨ ᠬᠡᠰᠢᠭ  ᠢ ᠲᠡᠭᠡᠳᠦᠬᠦᠯ  ᠠᠴᠠ ᠬᠠᠶᠢᠷᠠᠯᠠᠬᠤ ᠭᠡᠵᠦ ᠦᠵᠡᠬᠦ ᠪᠣᠶᠣ ᠶᠡᠬᠡᠰ ᠲᠡᠭᠡᠳᠦᠰ ᠤᠨ ᠣᠷᠣᠰᠢᠭᠤᠯᠭ᠎ᠠ  ᠶᠢᠨ ᠭᠠᠵᠠᠷ ᠲᠠᠢ ᠬᠤᠯᠪᠣᠨ  ᠦᠬᠦᠯᠡᠳᠡᠭ  ᠵᠠᠩᠰᠢᠯ  ᠶᠠᠪᠣᠭᠠᠨ  ᠎ ᠳᠠᠭᠠᠨ  ᠨᠡᠯᠢᠶᠠᠳ  ᠲᠦᠭᠡᠮᠡᠯ  ᠪᠣᠯᠵᠦ‌ᠢᠷᠡᠭᠰᠡᠨ ᠰᠢᠭ᠋ ᠪᠠᠶᠢᠨ᠎ᠠ᠃ ᠰᠣᠷᠪᠣᠯᠵᠢ ᠪᠢᠴᠢᠭ  ᠢ ᠦᠨᠳᠦᠰᠣᠯᠠᠪᠠᠯ᠂15 ᠳ᠋ᠣᠭᠠᠷ ᠵᠠᠭᠤᠨ  ᠤ ᠦᠶ᠎ᠡ  ᠶᠢᠨ ᠠᠯᠳᠠᠷᠳᠣ ᠬᠠᠳᠣᠨ‌‍ᠪᠠᠭᠠᠳᠣᠷ ᠮᠠᠨᠳᠣᠬᠠᠢ ᠰᠡᠴᠡᠨ ᠬᠠᠳᠣᠨ᠂ ᠲᠡᠭᠡᠳᠦᠬᠦᠯ  ᠤᠨ ᠰᠢᠳᠦᠬᠡᠨ ᠪᠣᠯᠬᠤ ᠨᠠᠢᠮᠠᠨ ᠴᠠᠭᠠᠨ ᠣᠷᠳᠣᠨ  ᠤ ᠡᠮᠦᠨ᠎ᠡ  ᠣᠴᠢᠵᠦ᠂ᠪᠣᠭᠳᠠ ᠡᠵᠡᠨ ᠴᠢᠩᠬᠢᠰ ᠬᠠᠭᠠᠨ ᠪᠠ ᠬᠠᠳᠣᠨ  ᠤ ᠰᠦᠯᠳᠡ  ᠳᠤ ᠰᠠᠴᠦᠯᠢ ᠰᠠᠴᠤᠭᠤᠯᠤᠨ᠂ ᠬᠠᠷ᠎ᠠ ᠴᠠᠭᠠᠨ  ᠤ ᠵᠢᠰᠤᠨ  ᠦᠯᠦ‌ᠢᠯᠭᠠᠭᠳᠠᠬᠤ ᠬᠤᠯᠠ ᠭᠠᠵᠠᠷ᠎ᠠ ᠪᠠᠷᠠᠯᠠᠨ ᠵᠠᠯᠪᠠᠷᠢᠵᠦ᠄        ︽ᠡᠷᠬᠡᠲᠦ ᠬᠠᠭᠠᠨ ᠡᠴᠢᠭᠡ ᠮᠢᠨᠢ        ᠡᠰᠢ ᠬᠠᠳᠣᠨ ᠡᠬᠡ ᠮᠢᠨᠢ        ᠲᠣᠲᠣᠭᠠᠲᠦ ᠡᠩᠬᠡᠷ ᠲᠤᠷ ᠮᠢᠨᠢ        ᠲᠣᠯᠣᠭᠠᠨ ᠬᠦᠪᠡᠬᠦᠨ ᠲᠦᠷᠦᠬᠦᠯ᠃        ᠭᠠᠳᠠᠭᠠᠲᠣ ᠡᠩᠬᠡᠷ ᠲᠤᠷ ᠮᠢᠨᠢ        ᠭᠠᠭᠴᠠ ᠦᠬᠢᠨ ᠲᠦᠷᠦᠬᠦᠯ᠃        ᠲᠣᠣᠷᠠᠲᠦ ᠬᠠᠳᠣᠨ ᠨᠠᠳᠠ        ᠲᠤᠯᠤᠭᠠᠨ ᠨᠤᠭᠤᠨ ᠵᠠᠶᠠᠭᠠᠪᠠᠰᠣ        ᠲᠣᠯᠣᠭᠤᠯᠠ ᠳᠤᠷ ᠪᠣᠯᠣᠳ ᠨᠡᠷ᠎ᠡ ᠦᠭᠴᠦ        ᠭᠠᠯ ᠭᠤᠯᠤᠮᠳᠠ  ᠶᠢ ᠴᠢᠨᠢ ᠰᠠᠬᠢᠭᠤᠯᠤᠶ᠎ᠠ        ᠭᠠᠵᠠᠷ ᠨᠤᠳᠤᠭ  ᠢ ᠴᠢᠨᠢ ᠡᠵᠡᠯᠡᠬᠦᠯᠦᠶ᠎ᠡ︾  ᠬᠡᠵᠦ ᠦᠷ᠎ᠡ  ᠶᠢᠨ ᠬᠤᠳᠤᠭ ᠭᠤᠶᠤᠭᠰᠠᠨ  ᠤ ᠬᠦᠴᠦᠨ  ᠎ ᠢᠶᠠᠷ  ᠮᠠᠨᠳᠣᠬᠠᠢ  ᠰᠠᠴᠡᠨ  ᠬᠠᠳᠣᠨ  ᠎ ᠠᠴᠠ  ᠦᠨᠡᠭᠡᠷ‌‍ᠲ᠋ᠤᠯᠤᠭᠠᠨ ᠨᠤᠭᠤᠨ ᠭᠠᠭᠴᠠ ᠦᠬᠢᠨ ᠲᠦᠷᠦᠪᠡᠢ ᠬᠡᠮᠡᠳᠡᠭ ﹇3﹈᠃         16 —17 ᠳ᠋ᠣᠭᠠᠷ ᠵᠠᠭᠤᠨ  ᠤ ᠦᠶ᠎ᠡ  ᠪᠠᠷ ᠰᠢᠷ᠎ᠠ  ᠶᠢᠨ ᠱᠠᠰᠢᠨ ᠮᠤᠩᠭᠤᠯ  ᠳᠤ  ᠳᠡᠯᠭᠡᠷᠡᠬᠦ  ᠎ ᠶᠢ  ᠳᠠᠭᠠᠯᠳᠣᠨ᠂ᠣᠣᠯ  ᠤᠨ ᠵᠠᠩᠰᠢᠯ ᠪᠠ ᠦᠵᠡᠯ ᠪᠣᠳᠣᠯ  ᠳᠤ ᠬᠤᠪᠢᠷᠠᠯᠲᠠ ᠭᠠᠷᠴᠦ᠂ ᠠᠭᠠᠵᠢᠮ  ᠢᠶᠠᠷ ᠰᠦᠮ᠎ᠡ ᠬᠡᠶᠢᠳ  ᠤᠨ ᠪᠣᠷᠬᠠᠨ ᠭᠡᠭᠡᠨ᠂ᠬᠤᠲᠣᠭᠲᠣ ᠯᠠᠮ᠎ᠠ ᠨᠠᠷ  ᠠᠴᠠ ᠦᠷ᠎ᠡ  ᠶᠢᠨ ᠬᠤᠳᠤᠭ ᠭᠤᠶᠣᠳᠠᠭ  ᠪᠣᠯᠵᠠᠢ᠃  ᠵᠠᠷᠢᠮ  ᠎ ᠨᠢ  ᠲᠦᠪᠡᠳ  ᠣᠷᠣᠨ᠂  ᠯᠾᠰᠠ᠂ᠭᠦᠮᠪᠦᠮ᠂ ᠯᠠᠪᠠᠷᠠᠩ ᠪᠣᠶᠣ ᠣᠳᠠᠢ  ᠳᠤ ᠬᠦᠷᠴᠦ᠂ ᠣᠳᠠᠢ  ᠶᠢᠨ ᠠᠭᠤᠢ᠂  ᠭᠡᠭᠡᠨ  ᠬᠤᠪᠢᠯᠭᠠᠨ᠂  ᠬᠤᠳᠣᠭᠲᠦ  ᠯᠠᠮ᠎ᠠ  ᠡᠴᠡ‌ᠦᠷ᠎ᠡ  ᠶᠢᠨ ᠬᠤᠳᠤᠭ ᠭᠤᠶᠣᠵᠦ᠂ ᠦᠷ᠎ᠡ ᠬᠡᠣᠭᠡᠳ ᠵᠠᠶᠠᠭᠠᠬᠤ  ᠶᠢ ᠳᠠᠭᠠᠳᠬᠠᠬᠤ ᠪᠣᠯᠵᠡᠢ᠃  ᠵᠢᠷᠢᠮ  ᠠᠶᠢᠮᠠᠭ  ᠎ ᠤᠨ  ᠺᠠᠶᠢᠯᠦ‌‍ᠰᠢᠶᠠᠨ  ᠤ ᠱᠤᠸᠠᠩ ᠴᠢᠤᠸᠠᠨ ᠰᠧ ᠰᠦᠮ᠎ᠡ  ᠳᠤ ᠦᠷ᠎ᠡ ᠬᠡᠤᠭᠡᠳ  ᠤᠨ ᠦᠬᠢᠨ ᠲᠡᠭᠷᠢ ᠬᠢᠭᠡᠳ ᠲᠦᠷᠦᠯ ᠣᠯᠭᠤᠭᠴᠢ  ᠡᠮᠡᠭᠡ‌‍ᠪᠡ ᠲᠦᠷᠦᠯ ᠣᠯᠭᠤᠭᠴᠢ ᠡᠪᠦᠭᠡ  ᠶᠢ ᠲᠠᠬᠢᠵᠦ ᠪᠠᠶᠢᠵᠠᠢ᠃ ᠰᠦᠰᠦᠭᠳᠡᠨ ᠲᠦᠮᠡᠨ ᠲᠦᠷᠦᠯ ᠣᠯᠭᠤᠭᠴᠢ ᠡᠪᠦᠭᠡ  ᠡᠮᠡᠭᠡ   ᠵᠢᠨ‌ᠡᠭᠦᠷᠴᠦ ᠲᠠᠪᠠᠷᠢᠵᠦ ᠪᠠᠶᠢᠭ᠎ᠠ ᠪᠢᠴᠢᠬᠠᠨ ᠬᠦᠪᠡᠭᠦᠨ  ᠢ ᠣᠳᠠᠰᠦ ᠪᠠᠷ ᠣᠶᠠᠵᠦ᠂ ᠬᠦᠣ ᠵᠠᠶᠠᠭᠠᠬᠤ  ᠶᠢ  ᠭᠤᠶᠤᠨ  ᠲᠠᠭᠠᠳᠬᠠᠳᠠᠭ‌‍ᠪᠠᠶᠢᠵᠡᠢ᠃ ᠡᠨᠡᠬᠦ ᠰᠦᠮ᠎ᠡ  ᠳᠤ ᠣᠯᠠᠨ ᠮᠣᠩᠭᠤᠯ ᠰᠦᠰᠦᠭᠳᠡᠨ ᠬᠤᠷᠠᠵᠦ᠂ ᠦᠷ᠎ᠡ  ᠶᠢᠨ ᠬᠤᠳᠤᠭ ᠭᠤᠶᠣᠵᠦ ᠪᠠᠶᠢᠭᠰᠠᠨ ﹇4﹈ᠲᠡᠮᠳᠡᠭᠯᠡᠯ ᠪᠣᠢ᠃        ᠦᠷ᠎ᠡ ᠬᠡᠤᠭᠡᠳ ᠬᠦᠰᠡᠭᠰᠡᠨ ᠡᠵᠢ ᠠᠪᠦ᠂ ᠡᠮᠡᠭᠡ ᠡᠪᠦᠭᠡ ᠨᠡᠷ ᠬᠤᠳᠣᠭᠲᠦ ᠬᠤᠪᠢᠯᠭᠠᠨ᠂ ᠯᠠᠮ᠎ᠠ ᠭᠡᠭᠡᠨ  ᠨᠠᠷ   ᠡᠴᠡ‌ᠦᠷ᠎ᠡ  ᠶᠢᠨ ᠬᠤᠳᠤᠭ ᠭᠤᠶᠤᠵᠦ ᠪᠠᠶᠢᠭᠰᠠᠨ ᠶᠠᠪᠣᠳᠠᠯ ᠨᠠᠯᠢᠶᠠᠳ ᠲᠦᠭᠡᠮᠡᠯ  ᠪᠦᠭᠡᠳ  ᠦᠢᠷ᠎ᠡ  ᠣᠷᠴᠢᠮ  ᠦᠶ᠎ᠡ  ᠬᠦᠷᠳᠡᠯ᠎ᠡ‌ᠣᠯᠠᠮᠵᠢᠯᠠᠵᠦ ᠪᠠᠶᠢᠵᠡᠢ᠃ 17 ᠳ᠋ᠣᠭᠠᠷ ᠵᠠᠭᠤᠨ  ᠤ ᠬᠤᠷᠢᠭᠠᠳ ᠣᠨ  ᠤ ᠰᠡᠬᠦᠯᠴᠢ ᠪᠠᠷ ᠨᠠᠶᠢᠴᠢ ᠲᠣᠶᠢᠨ ᠬᠤᠳᠣᠭᠲᠦ ᠦᠪᠦᠷ‌ᠮᠤᠩᠭᠤᠯ  ᠤᠨ ᠵᠡᠬᠦᠨ ᠣᠷᠣᠨ᠎ᠠ ᠱᠠᠰᠢᠨ ᠲᠡᠯᠭᠡᠷᠡᠬᠦᠯᠵᠦ ᠶᠠᠪᠣᠬᠤ  ᠳᠤ ᠮᠣᠩᠭᠤᠯᠴᠣᠳ ᠲᠡᠭᠦᠨ  ᠠᠴᠠ ᠦᠷ᠎ᠡ  ᠶᠢᠨ  ᠬᠤᠳᠤᠭ‌ᠭᠤᠶᠤᠭᠰᠠᠨ ᠲᠣᠬᠠᠢ ᠲᠡᠮᠳᠡᠭᠯᠡᠯ ᠣᠯᠠᠨ ᠪᠣᠢ᠃ ᠲᠡᠷᠨ ᠴᠣ᠋ ᠪᠠᠶᠢᠳᠦᠭᠠᠢ ᠰᠡᠬᠦᠯ  ᠤᠨ ᠦᠶ᠎ᠡ ᠪᠣᠯᠲᠠᠯ᠎ᠠ᠂  ᠴᠢᠨᠠᠭᠰᠢᠯᠠᠪᠠᠯ  ᠣᠳᠣ‌ᠦᠶ᠎ᠡ ᠪᠣᠯᠲᠠᠯ᠎ᠠ ᠰᠦᠮ᠎ᠡ ᠬᠡᠶᠢᠳ᠂ ᠬᠤᠳᠣᠭᠲᠦ ᠭᠡᠭᠡᠨ ᠳᠤ ᠮᠦᠷᠬᠦᠨ ᠳᠠᠭᠠᠳᠬᠠᠵᠦ᠂ ᠦᠷ᠎ᠡ  ᠶᠢᠨ  ᠬᠤᠳᠤᠭ  ᠭᠤᠶᠣᠭᠰᠠᠭᠠᠷ‌‍ᠪᠠᠶᠢᠨ᠎ᠠ᠃ ᠵᠠᠷᠢᠮ ᠠᠶᠢᠯ ᠬᠡᠣᠬᠡᠳ ᠭᠠᠷᠬᠤ ᠦᠬᠡᠢ ᠪᠣᠯᠬᠤᠷ ᠰᠦᠮ᠎ᠡ ᠭᠡᠶᠢᠳ  ᠲᠤ ᠬᠦᠷᠴᠦ ᠳ᠋ᠠᠷᠢ ᠡᠬᠡ ᠪᠣᠷᠬᠠᠨ  ᠢ ᠵᠠᠯᠠᠵᠦ  ᠭᠡᠷ‌‍ᠲ᠋ᠡᠬᠡᠨ ᠲᠠᠬᠢᠵᠦ ᠪᠠᠶᠢᠨ᠎ᠠ᠃1993 ᠣᠨ  ᠤ 8 ᠰᠠᠷ᠎ᠠ  ᠳᠤ ᠮᠣᠩᠭᠤᠯ ᠣᠯᠣᠰ  ᠤᠨ ᠰᠢᠨᠵᠢᠯᠡᠬᠦ  ᠣᠬᠠᠭᠠᠨ  ᠎ ᠤ  ᠠᠺᠠᠳᠧᠮᠢ ᠶᠢᠨ ᠨᠡᠷᠡᠲᠦ ᠡᠷᠳᠡᠮᠲᠡᠨ᠂ ᠮᠢᠨᠦ ᠪᠠᠭᠰᠢ ᠫ᠊᠂ ᠬᠤᠷᠯᠸ᠎ᠠ᠂ ᠨᠣᠣᠰᠣᠲᠦ ᠡᠵᠢ ᠬᠤᠶᠠᠭᠤᠯᠨ ᠪᠠᠨ ᠦᠪᠦᠷ ᠮᠣᠩᠭᠤᠯ  ᠳᠤ ᠢᠷᠡᠵᠦ᠂︽ᠭᠡᠰᠡᠷ︾ ᠎ ᠤᠨ ᠰᠣᠳᠣᠯᠭᠠᠨ  ᠤ ᠣᠯᠠᠨ ᠣᠯᠣᠰ  ᠤᠨ ᠬᠤᠷᠠᠯ ᠎ ᠳᠤ ᠣᠷᠣᠯᠴᠠᠭᠠᠳ᠂ ᠲᠡᠷᠠᠭ᠎ᠠ ᠨᠢ ᠬᠦᠬᠡᠨᠠᠭᠤᠷ  ᠮᠣᠵᠢ   ᠳ᠋ᠣ᠋‌ᠣᠴᠢᠵᠦ᠂ ᠲᠣᠰᠬᠠᠶᠢᠯᠠᠨ ᠬᠦᠮᠪᠦᠮ ᠬᠡᠶᠢᠳ  ᠢ ᠲᠣᠭᠤᠷᠢᠨ ᠦᠵᠡᠵᠦ᠂ ᠬᠡᠳᠦᠨ ᠡᠳᠦᠷ ᠮᠦᠷᠬᠦᠯ ᠬᠢᠭᠰᠡᠨ ᠶᠣᠮ᠃ ᠲᠡᠷᠨ ᠦᠶ᠎ᠡ‌‍ᠳᠡᠭᠡᠨ ᠲᠡᠳᠡᠨ  ᠤ ᠨᠢᠭᠡ ᠬᠡᠣᠬᠡᠨ ᠨᠢ ᠣᠷᠣᠭᠯᠠᠭᠠᠳ ᠬᠡᠴᠢᠨᠡᠨ ᠵᠢᠯ ᠪᠣᠯᠵᠦ᠂ ᠦᠷ᠎ᠡ  ᠬᠡᠣᠬᠡᠳ  ᠲᠦᠷᠦᠭᠰᠡᠨ  ᠦᠭᠡᠢ  ᠬᠡᠳ᠂ᠬᠦᠮᠪᠦᠮ ᠬᠡᠶᠢᠳ  ᠤᠨ  ᠨᠡᠷᠡᠲᠦ  ᠭᠡᠭᠡᠨ  ᠎ ᠠᠴᠠ  ᠬᠡᠣᠬᠡᠨ  ᠎ ᠳᠡᠭᠡᠨ  ᠦᠷ᠎ᠡ  ᠎ ᠶᠢᠨ  ᠬᠤᠳᠤᠭ  ᠭᠤᠶᠣᠵᠦ᠂  ᠪᠣᠷᠬᠠᠨ  ᠨᠣᠮ‌ᠣᠡᠭᠰᠢᠭᠤᠯᠣᠭᠠᠳ᠂ ᠳ᠋ᠠᠷᠢ ᠡᠬᠡ ᠪᠣᠷᠬᠠᠨ  ᠢ ᠵᠠᠯᠠᠵᠦ ᠶᠠᠪᠣᠭᠰᠠᠨ ᠶᠣᠮ᠃ ᠪᠠᠰᠠ ᠵᠠᠷᠢᠮ ᠮᠣᠩᠭᠤᠯᠴᠣᠳ ᠦᠵᠡᠭᠡᠴᠢ᠂  ᠪᠡᠯᠭᠡᠴᠢ᠂ᠲᠦᠯᠭᠡᠴᠢ  ᠳᠤ ᠬᠦᠷᠴᠣ᠂ ᠪᠡᠯᠭᠡ ᠲᠦᠯᠭᠡ ᠦᠵᠡᠬᠦᠯᠣᠨ ᠡᠷᠬᠦᠯ ᠮᠦᠷᠬᠦᠯ ᠬᠢᠳᠡᠭ ᠪᠠᠶᠢᠨ᠎ᠠ᠃        ᠮᠣᠩᠭᠤᠯᠴᠣᠳ ᠡᠷᠲᠡ ᠲᠡᠭᠡᠷ᠎ᠡ ᠦᠶ᠎ᠡ  ᠠᠴᠠ ᠦᠷ᠎ᠡ  ᠶᠢᠨ ᠬᠤᠳᠤᠭ ᠭᠤᠶᠤᠬᠤ ᠶᠣᠰᠣ ᠵᠠᠩᠰᠢᠯ  ᠎ ᠲᠠᠢ  ᠪᠠᠶᠢᠭᠰᠠᠨ ᠢᠶᠠᠷ ᠪᠠᠷᠠᠬᠤ ᠦᠭᠡᠢ᠂ ᠦᠷ᠎ᠡ ᠬᠡᠣᠭᠡᠳ ᠬᠦᠰᠡᠭᠰᠡᠨ ᠭᠤᠶᠣᠭᠰᠠᠨ ᠶᠠᠩᠵᠦ  ᠪᠦᠷᠢ  ᠎ ᠶᠢᠨ  ᠵᠠᠩ  ᠦᠢᠯᠡ  ᠎ ᠶᠢ  ᠦᠢᠯᠡᠳᠳᠡᠭ‌‍ᠪᠠᠶᠢᠵᠠᠢ᠃ ᠦᠷ᠎ᠡ ᠬᠡᠤᠬᠡᠳ ᠦᠭᠡᠢ ᠬᠦᠮᠦᠨ ᠦᠭᠡᠷ᠎ᠡ ᠪᠣᠰᠣᠳ  ᠠᠴᠠ ᠬᠡᠣᠭᠡᠳ  ᠦᠷᠡᠴᠢᠯᠡᠵᠦ  ᠠᠪᠣᠪᠠᠯ  ᠦᠷ᠎ᠡ  ᠬᠡᠣᠭᠡᠳ‌‍ᠲ᠋ᠠᠭᠠᠭᠤᠯᠵᠦ ᠢᠷᠡᠨ᠎ᠡ ᠭᠡᠳᠡᠭ ᠵᠠᠩᠰᠢᠯ ᠪᠠᠰᠠ ᠪᠠᠶᠢᠭ᠎ᠠ ᠪᠣᠯᠬᠤᠷ᠂ ᠪᠣᠰᠣᠳ  ᠎ ᠠᠴᠠ  ᠬᠡᠣᠭᠡᠳ  ᠡᠷᠬᠦᠨ  ᠦᠷᠡᠴᠢᠯᠡᠵᠦ  ᠠᠪᠬᠤ‌‍ᠶᠠᠪᠣᠳᠠᠯ ᠲᠣᠩ ᠣᠯᠠᠨ ᠪᠠᠶᠢᠪᠠ᠃ ᠲᠡᠭᠡᠭᠡᠳ ᠡᠷᠬᠦᠵᠦ ᠠᠪᠣᠭᠰᠠᠨ ᠭᠡᠣᠭᠡᠳ ᠲᠡᠭᠡᠨ ︽ᠳᠠᠭᠤᠯᠠᠢ︾ ᠪᠣᠶᠣ  ︽ᠳᠠᠭᠤᠯᠨ︾  ᠬᠡᠬᠦ‌ᠮᠡᠲᠦ ᠨᠡᠷ᠎ᠡ ᠦᠭᠴᠦ᠂ ᠦᠪᠡᠷ  ᠤᠨ ᠦᠷ᠎ᠡ ᠰᠢᠭ ᠡᠩᠬᠦᠷᠡᠶᠢᠯᠡᠨ ᠬᠠᠶᠢᠷᠠᠯᠠᠳᠠᠭ᠃ ᠦᠨᠡᠭᠡᠷ ᠬᠡᠣᠬᠡᠳ ᠡᠷᠬᠦᠵᠦ  ᠠᠪᠣᠭᠰᠠᠨ   ‍ᠣ‌‍ᠲ᠋ᠠᠷᠠᠭ᠎ᠠ ᠦᠪᠡᠷ  ᠠᠴᠠ ᠬᠡᠣᠬᠡᠳ ᠲᠦᠷᠦᠪᠡᠯ᠂ ᠡᠷᠬᠦᠵᠦ ᠠᠪᠣᠭᠰᠠᠨ ᠭᠡᠣᠭᠡᠳ  ᠢᠶᠠᠨ ︽ᠲᠣᠷᠭᠠᠨ ᠰᠡᠬᠦᠯᠲᠦ︾  ᠬᠡᠣᠭᠡᠳ  ᠬᠡᠵᠦ‌ᠣᠯᠠᠮ ᠡᠩᠬᠦᠷᠡᠶᠢᠯᠡᠨ᠎ᠡ ᠬᠡᠨ᠎ᠡ᠃ ᠪᠢᠳᠠᠨ  ᠤ ᠬᠡᠭᠡᠷ᠎ᠡ  ᠶᠢᠨ ᠰᠢᠨᠵᠢᠯᠡᠭᠡ ᠬᠢᠭᠰᠡᠨ ᠨᠣᠲᠤᠭ ᠣᠷᠣᠨ  ᠎ ᠨᠤᠭᠤᠳ  ᠎ ᠠᠴᠠ  ᠡᠵᠡᠨ᠎ᠡ ᠶᠢᠨ ᠲᠣᠷᠭᠤᠳ᠂ ᠪᠠᠶᠠᠨᠭᠤᠣᠯ  ᠤᠨ ᠬᠤᠱᠣᠳ᠂ ᠬᠦᠬᠡᠨᠠᠭᠤᠷ  ᠤᠨ ᠬᠤᠱᠣᠳ᠂ ᠬᠠᠯᠬ᠎ᠠ  ᠶᠢᠨ  ᠲᠤᠷᠤᠨᠠᠲᠦ  ᠠᠶᠢᠮᠠᠭ᠂  ᠲᠦᠪ‌ᠠᠶᠢᠮᠠᠭ  ᠤᠨ ᠵᠠᠷᠢᠮ ᠨᠣᠳᠤᠭ ᠵᠡᠷᠬᠡ ᠨᠠᠯᠢᠶᠠᠳ ᠨᠣᠳᠤᠭ  ᠲᠤ ᠦᠷ᠎ᠡ ᠬᠡᠤᠭᠡᠳ ᠦᠭᠡᠢ  ᠠᠶᠢᠯ  ᠪᠣᠰᠣᠳ  ᠠᠶᠢᠯ  ᠎ ᠤᠳ   ‍ᠣᠨ‌‍ᠬᠡᠤᠭᠡᠳ  ᠢ ᠭᠡᠷ  ᠳᠡᠭᠡᠨ ᠣᠷᠢᠵᠦ ᠴᠣᠭᠯᠠᠭᠤᠯᠤᠨ ᠪᠠᠶᠠᠷᠯᠠᠭᠤᠯᠳᠠᠭ ᠵᠠᠩᠰᠢᠯ ᠲᠠᠢ ᠪᠠᠶᠢᠵᠡᠢ᠃ ᠬᠡᠣᠬᠡᠳ  ᠤᠳ  ᠢ ᠴᠣᠭᠯᠠᠭᠤᠯᠵᠦ‌‍ᠲ᠋ᠠᠯᠦᠣ᠂ ᠱᠠᠭ᠎ᠠ ᠮᠡᠲᠦ  ᠶᠢᠨ ᠲᠤᠭᠯᠠᠭᠠᠮ ᠨᠠᠭᠠᠳᠣᠭᠤᠯᠵᠦ᠂ ᠬᠡᠣᠬᠡᠳ  ᠤᠨ ᠢᠳᠡᠬᠦ  ᠲᠣᠷᠠᠲᠡᠢ  ᠰᠠᠶᠢᠬᠠᠨ  ᠬᠤᠭᠤᠯᠨ  ᠪᠣᠳᠠᠭ᠎ᠠ‌‍ᠪᠡᠯᠡᠳᠬᠡᠬᠡᠳ ᠴᠠᠶᠢᠯᠠᠯᠭ᠎ᠠ ᠬᠢᠵᠦ᠂ ᠬᠡᠣᠭᠡᠳ  ᠲᠤ ᠲᠣᠰᠬᠠᠢ ᠪᠡᠯᠡᠭ  ᠰᠠᠯᠳᠠ  ᠦᠭᠬᠦ  ᠶᠤᠰᠤᠯᠠᠯ  ᠬᠢᠳᠡᠭ  ᠪᠠᠶᠢᠭᠰᠠᠨ  ᠬᠡᠨ᠎ᠡ᠃ᠡᠰᠡᠬᠦᠯ᠎ᠡ ᠣᠯᠠᠨ ᠰᠠᠶᠢᠬᠠᠨ ᠬᠡᠣᠬᠡᠳ ᠲᠠᠢ ᠠᠶᠢᠯ  ᠤᠨ ᠬᠡᠣᠬᠡᠳ  ᠤᠨ ᠮᠠᠨᠴᠦᠢ ᠠᠪᠴᠢᠷᠠᠵᠦ  ᠭᠡᠷ  ᠎ ᠲᠡᠭᠡᠨ  ᠬᠤᠨᠣᠭᠤᠯᠬᠤ  ᠬᠡᠬᠦ‌ᠮᠡᠲᠦ ᠪᠠᠷ᠂ ᠦᠷ᠎ᠡ ᠬᠡᠤᠭᠡᠳ ᠲᠠᠢ ᠪᠣᠯᠬᠤ ᠬᠡᠮᠡᠨ  ᠬᠦᠰᠡᠨ  ᠵᠠᠯᠪᠠᠷᠢᠵᠤ᠂  ᠶᠠᠩᠵᠦ  ᠪᠦᠷᠢ  ᠎ ᠶᠢᠨ  ᠠᠷᠭ᠎ᠠ  ᠬᠡᠮᠵᠢᠶ᠎ᠠ  ᠠᠪᠳᠠᠭ‌‍ᠪᠠᠶᠢᠭᠰᠠᠨ ᠭᠡᠨ᠎ᠡ᠃ ᠮᠣᠩᠭᠤᠯ ᠣᠯᠣᠰ  ᠤᠨ ᠡᠮᠤᠨ᠎ᠡ ᠭᠤᠪᠢ ᠠᠶᠢᠮᠠᠭ  ᠤᠨ ᠵᠠᠷᠢᠮ ᠨᠤᠳᠤᠭ  ᠲᠤ ︽ᠲᠣᠯᠣᠭᠠᠨ ᠬᠡᠤᠭᠡᠳ ‍ᠣᠨ‌ᠨᠠᠶᠢᠷ︾ ᠬᠢᠵᠦ ᠶᠡᠬᠡᠪᠴᠢᠯᠡᠨ ᠲᠣᠯᠣᠭᠠᠨ ᠬᠡᠤᠭᠡᠳ ᠣᠷᠣᠯᠴᠠᠭᠤᠯᠵᠦ ᠦᠷ᠎ᠡ ᠬᠡᠣᠭᠡᠳ  ᠬᠦᠰᠡᠭᠰᠡᠨ  ᠨᠠᠶᠢᠷ  ᠶᠣᠰᠣᠯᠠᠯ  ᠬᠢᠳᠡᠭ‌‍ᠪᠠᠶᠢᠭᠰᠠᠨ ᠲᠣᠬᠠᠢ ᠲᠡᠮᠳᠡᠭᠯᠡᠯ ᠪᠣᠢ ﹇5﹈᠃ ᠰᠢᠨᠵᠢᠶᠠᠩ ᠤᠨ ᠬᠤᠱᠣᠳ ᠮᠣᠩᠭᠤᠯᠴᠣᠳ ᠪᠠᠰᠠ ᠰᠢᠨ᠎ᠡ  ᠣᠷᠣᠭᠯᠭᠰᠠᠨ  ᠠᠶᠢᠯ᠂ᠦᠢᠷ᠎ᠡ ᠵᠡᠷᠭᠡᠯᠳᠡᠭᠡ ᠠᠶᠢᠯ  ᠤᠨ  ᠬᠡᠣᠬᠡᠳ  ᠎ ᠤᠳ  ᠎ ᠢ  ᠴᠣᠭᠯᠠᠭᠤᠯᠵᠦ᠂  ᠭᠡᠷ  ᠎ ᠲᠡᠭᠡᠨ  ᠨᠠᠭᠠᠳᠣᠭᠤᠯᠵᠦ᠂  ᠰᠢᠬᠢᠷ  ᠦᠵᠦᠮ‌‍ᠲ᠋ᠦ᠋ᠭᠡᠬᠡᠵᠦ᠂ ᠦᠷ᠎ᠡ ᠬᠡᠣᠬᠡᠳ ᠲᠠᠢ ᠪᠣᠯᠬᠤ  ᠶᠢ ᠪᠡᠯᠭᠡᠰᠢᠶᠠᠨ ᠪᠡᠯᠡᠭ ᠰᠠᠯᠲᠠ ᠦᠭᠳᠡᠭ ᠵᠠᠩᠰᠢᠯ  ᠪᠠᠶᠢᠭᠰᠠᠨ  ᠪᠠᠶᠢᠨ᠎ᠠ᠃  ᠡᠨ᠋ᠨ‌ᠦᠶ᠎ᠡ  ᠳᠤ ᠬᠡᠷᠪᠡ ᠠᠯᠢ ᠨᠢᠭᠡ ᠬᠡᠣᠬᠡᠳ ᠨᠢ ᠭᠡᠷ ᠲᠤᠨᠢ ᠰᠡᠷᠢᠬᠤ ᠪᠣᠶᠣ ᠲᠣᠩᠭᠠᠭᠯᠠᠪᠠᠯ᠂ ᠦᠷ᠎ᠡ  ᠬᠡᠣᠬᠡᠳ  ᠵᠠᠶᠠᠭᠠᠨ᠎ᠠ  ᠬᠡᠵᠦ‌‍ᠶᠡᠭᠡ  ᠪᠠᠷ ᠪᠡᠯᠭᠡᠰᠢᠶᠠᠵᠦ᠂ ᠲᠡᠷᠨ ᠬᠡᠣᠬᠡᠳ  ᠤᠨ ᠮᠠᠩᠯᠠᠢ  ᠳᠤ ᠲᠣᠰᠣ ᠲᠦᠷᠬᠡᠵᠦ ᠮᠢᠯᠢᠶᠠᠨ᠎ᠠ᠃ ᠡᠨᠡ ᠨᠢ ᠴᠦᠮ ᠮᠣᠩᠭᠤᠯᠴᠣᠳ ᠤᠨ ᠦᠷ᠎ᠡ ᠬᠡᠣᠭᠡᠳ ᠬᠦᠰᠡᠵᠦ᠂ ᠦᠷ᠎ᠡ  ᠶᠢᠨ ᠬᠤᠳᠤᠭ ᠭᠤᠶᠣᠬᠤ ᠵᠠᠩ ᠦᠢᠯᠡ  ᠶᠢᠨ ᠨᠢᠬᠡ ᠵᠦᠢᠯ ᠎ ᠤᠨ ᠬᠤᠪᠢᠷᠠᠯ ᠢᠯᠡᠷᠡᠯ‌‍ᠶᠣᠮ᠃ ᠮᠦᠨᠴᠦ ᠵᠦᠩ ᠪᠡᠯᠬᠡ  ᠶᠢ ᠢᠳᠡᠬᠡᠳᠡᠭ ᠪᠠᠶᠠᠯᠢᠭ ᠰᠠᠶᠢᠬᠠᠨ ᠬᠦᠰᠡᠯ ᠰᠡᠳᠬᠡᠯᠬᠡ ᠲᠠᠢ  ᠮᠣᠩᠭᠤᠯ  ᠲᠦᠮᠡᠨ  ᠎ ᠤ  ᠦᠨᠡᠨ‌‍ᠴᠠᠭᠠᠪᠣᠷᠢ ᠰᠠᠳᠬᠢᠯ ᠤᠨ ᠲᠣᠯᠢ ᠬᠡᠵᠦ ᠬᠡᠯᠡᠵᠦ ᠪᠣᠯᠣᠨ᠎ᠠ᠃        ᠶᠡᠷᠦᠨᠢ ᠦᠷ᠎ᠡ  ᠶᠢᠨ ᠬᠤᠳᠤᠭ ᠭᠤᠶᠣᠬᠤ ᠵᠠᠩᠰᠢᠯ ᠲᠡᠯᠡᠬᠡᠢ  ᠶᠢᠨ  ᠡᠯ᠎ᠡ  ᠦᠨᠳᠦᠰᠦᠳᠡᠨ  ᠎ ᠤ  ᠲᠣᠮᠲᠠ  ᠲᠦᠭᠡᠮᠡᠯ‌‍ᠪᠠᠶᠢᠭᠰᠠᠨ ᠪᠠᠶᠢᠨ᠎ᠠ᠃ ᠬᠢᠳᠡᠳ ᠦᠨᠳᠦᠰᠦᠳᠡᠨ ᠪᠠᠰᠠ ᠠᠭᠤᠢ᠂ ᠰᠦᠮ᠎ᠡ᠂ ᠬᠡᠣᠬᠡ ᠡᠵᠢ᠂ ᠬᠡᠣᠬᠡ ᠡᠪᠦᠭᠡ᠂ ᠸᠠᠩ  ᠮᠣ᠋  ᠨᠢᠶᠠᠩ‌ᠨᠢᠶᠠᠩ ᠵᠡᠷᠭᠡ  ᠳᠤ ᠳᠠᠭᠠᠳᠬᠠᠵᠦ ᠦᠷ᠎ᠡ  ᠶᠢᠨ ᠬᠤᠳᠤᠭ ᠭᠤᠶᠣᠬᠤ  ᠠᠴᠠ ᠭᠠᠳᠠᠨ᠎ᠠ ᠪᠠᠰᠠ  ︽ᠦᠷ᠎ᠡ  ᠦᠭᠬᠦ︾  ᠶᠤᠰᠤᠯᠡᠯ‌‍ᠬᠢᠳᠡᠭ ᠪᠠᠶᠢᠵᠡᠢ᠃ ᠬᠡᠣᠬᠡ ᠡᠵᠢ ᠪᠣᠶᠣ ᠬᠡᠣᠬᠡ ᠡᠪᠦᠭᠡ᠂ ᠠᠯᠢ ᠡᠰᠡᠬᠦᠯ᠎ᠡ ᠣᠯᠠᠨ ᠬᠡᠣᠬᠡᠳ ᠲᠠᠢ᠂  ᠡᠬᠦᠲᠠ  ᠰᠠᠶᠢᠲᠡᠢ᠂  ᠡᠯᠢᠬᠡ‌‍ᠪᠦ᠋ᠳᠦᠨ ᠡᠵᠢ ᠬᠦᠮᠦᠨ ᠵᠢᠵᠢᠭ ᠣᠭᠤᠲᠠ ᠰᠠᠪᠠ  ᠳᠤ ᠲᠠᠪᠣᠨ ᠲᠠᠷᠢᠶ᠎ᠠ  ᠶᠢᠨ ᠦᠷ᠎ᠡ  ᠪᠣᠶᠣ  ᠭᠤᠸ᠋ᠨ  ᠵᠢᠮᠢᠰ  ᠎ ᠤᠨ  ᠦᠷᠡᠰ‌‍ᠬᠢᠵᠦ᠂ ᠦᠷ᠎ᠡ ᠬᠦᠰᠡᠵᠦ ᠪᠠᠶᠢᠭ᠎ᠠ ᠬᠦᠮᠦᠨ  ᠳᠤ ᠬᠦᠷᠬᠡᠵᠦ ᠦᠭᠬᠦ᠂ ᠪᠠᠰᠠ ᠣᠯᠠᠨ ᠦᠷ᠎ᠡ ᠲᠠᠢ ᠭᠤᠸ᠋ᠨ ᠵᠢᠮᠢᠰ ᠦᠭᠬᠦ  ᠮᠡᠲᠦ‌‍ᠶᠣᠰᠣ ᠵᠠᠩᠰᠢᠯ ᠪᠠᠶᠢᠵᠡᠢ ﹇6﹈᠃ ᠮᠠᠨ  ᠤ ᠣᠯᠣᠰ  ᠤᠨ ᠡᠮᠦᠨᠡᠲᠦ ᠣᠷᠣᠨ  ᠤ ᠢ ᠦᠨᠳᠦᠰᠣᠳᠡᠨ  ᠤ ᠦᠷ᠎ᠡ  ᠶᠢᠨ ᠬᠤᠳᠤᠭ‌ᠭᠤᠶᠣᠬᠤ ᠶᠣᠰᠣ ᠵᠠᠩᠰᠢᠯ ᠨᠢ ᠪᠠᠰᠠ ᠶᠡᠭᠡ ᠣᠨᠴᠠᠯᠢᠭ ᠲᠠᠢ ᠪᠠᠶᠢᠳᠠᠭ᠃ ᠲᠡᠳᠡᠨ ᠎ ᠤ ᠦᠵᠡᠬᠦ  ᠪᠠᠷ  ᠡᠮᠡᠭᠲᠡᠢ  ᠬᠦᠮᠦᠨ  ᠪᠦᠬᠦᠨ ᠳᠤ ᠲᠣᠰᠬᠠᠢ ︽ᠦᠷ᠎ᠡ  ᠶᠢᠨ ᠰᠦᠨᠡᠰᠣ︾ ᠬᠡᠵᠦ ᠪᠠᠶᠢᠳᠠᠭ ᠠᠵᠢ᠃ ᠣᠷᠣᠭᠯᠠᠭᠠᠳ ᠣᠳᠠᠭᠠᠨ ᠵᠢᠯ ᠬᠡᠣᠬᠡᠳ ᠲᠦᠷᠦᠬᠦ ᠦᠬᠡᠢ‌‍ᠪᠣᠯ ︽ᠦᠷ᠎ᠡ  ᠶᠢᠨ ᠰᠦᠨᠡᠰᠣ︾᠎ ᠨᠢ ᠵᠠᠶᠢᠯᠠᠵᠡᠢ ᠬᠡᠵᠦ ᠦᠵᠡᠭᠡᠳ᠂ ᠰᠦᠨᠡᠰᠣ ᠳᠠᠭᠤᠳᠠᠬᠤ ᠶᠣᠰᠣᠯᠠᠯ ᠬᠢᠳᠡᠭ ᠪᠠᠶᠢᠨ᠎ᠠ  ﹇7﹈᠃ᠣᠯᠠᠨ ᠦᠨᠳᠦᠰᠣᠳᠡᠨ ᠶᠠᠰᠣᠳᠠᠨ  ᠤ ᠶᠠᠩᠵᠦ ᠪᠦᠷᠢ  ᠶᠢᠨ ᠦᠷ᠎ᠡ ᠶᠢᠨ ᠬᠤᠳᠤᠭ ᠭᠤᠶᠣᠬᠤ ᠶᠣᠰᠣ  ᠵᠠᠩᠰᠢᠯ  ᠪᠠ  ᠦᠢᠯᠨ‌‍ᠶᠣᠰᠣᠯᠠᠯ  ᠳᠤ ᠴᠦᠮ ᠡᠬᠡ ᠬᠦᠮᠦᠨ ᠢᠶᠠᠷ ᠭᠤᠣᠯ ᠲᠦᠪ ᠪᠣᠯᠭᠠᠭᠰᠠᠨ ᠣᠨᠴᠠᠭᠠᠢ ᠰᠢᠨᠵᠢ ᠪᠠᠶᠢᠳᠠᠭ᠃ ᠡᠨ᠋ᠨ ᠨᠢ ᠲᠡᠭᠡᠷ᠎ᠡ ᠬᠡᠯᠡᠭᠰᠡᠨ‌ᠮᠡᠲᠦ ᠨᠢᠬᠡ ᠶᠣᠰᠣᠨ ᠤ ᠡᠬᠡ  ᠶᠢᠨ ᠡᠷᠬᠡᠲᠦ ᠶᠣᠰᠣᠨ  ᠤ ᠣᠯᠠᠮᠵᠢᠯᠠᠯ ᠪᠠᠶᠢᠵᠦ᠂ ᠦᠷ᠎ᠡ ᠬᠡᠣᠬᠡᠳ ᠲᠦᠷᠦᠬᠦ  ᠎ ᠨᠢ  ᠭᠤᠣᠯᠳᠠᠭᠤ‌ᠡᠵᠢ ᠬᠦᠮᠦᠨ  ᠤ ᠠᠪᠢᠶᠠᠰ ᠴᠢᠳᠠᠪᠣᠷᠢ ᠬᠡᠵᠦ ᠦᠵᠡᠵᠦ ᠪᠠᠶᠢᠭᠰᠠᠨ ᠡᠷᠲᠡᠨ  ᠤ ᠨᠢᠯᠬᠠᠰᠠᠭ ᠦᠵᠡᠯ ᠪᠣᠳᠣᠯ  ᠤᠨ ᠢᠯᠡᠷᠡᠯ ᠬᠡᠵᠦ‌‍ᠬᠡᠯᠡᠵᠦ ᠪᠣᠯᠣᠨ᠎ᠠ᠃ ᠲᠡᠷᠨ ᠦᠶ᠎ᠡ ᠶᠢᠨ ᠬᠦᠮᠦᠰ ᠤᠨ ᠣᠢ  ᠣᠬᠠᠭᠠᠨ  ᠎ ᠳᠤ  ᠦᠷ᠎ᠡ  ᠬᠡᠣᠬᠡᠳ  ᠡᠵᠢ  ᠎ ᠶᠢᠨ  ᠬᠡᠪᠡᠯᠢ   ᠳ᠋ᠣ᠋‌‍ᠲ᠋ᠦ᠋ᠷᠦᠵᠦ ᠮᠡᠨᠳᠦᠯᠡᠬᠦ ᠬᠡᠳᠡᠭ᠂ ᠡᠵᠢ ᠬᠦᠮᠦᠨ ᠲᠠᠢ  ᠯᠨ  ᠬᠤᠯᠪᠣᠭᠠᠲᠡᠢ  ᠬᠡᠳᠡᠭ  ᠣᠬᠠᠭᠠᠭᠳᠠᠬᠤᠨ  ᠪᠠᠶᠢᠭᠰᠠᠨ ᠠᠴᠠ  ᠦᠷ᠎ᠡ‌ᠭᠤᠶᠣᠬᠤ᠂ ᠦᠷ᠎ᠡ ᠬᠦᠷᠬᠡᠬᠦ ᠶᠠᠩᠵᠦ ᠪᠦᠷᠢ  ᠶᠢᠨ ᠶᠣᠰᠣᠯᠠᠯ  ᠢ ᠴᠦᠮ ᠡᠵᠢ ᠬᠦᠮᠦᠨ᠂ ᠡᠬᠡ ᠬᠦᠮᠦᠨ ᠬᠦᠢᠴᠡᠳᠬᠡᠵᠦ ᠪᠠᠶᠢᠭᠰᠠᠨ‌‍ᠪᠠᠶᠢᠨ᠎ᠠ᠃ ᠬᠦᠮᠦᠨ  ᠤ ᠠᠮᠢ ᠨᠠᠰᠣᠨ  ᠤ ᠲᠣᠬᠠᠢ᠂ ᠲᠦᠷᠦᠯ ᠲᠦᠷᠦᠯᠬᠢ  ᠶᠢᠨ  ᠲᠣᠬᠠᠢ  ᠣᠬᠠᠭᠠᠷᠠᠯ᠂  ᠲᠠᠨᠢᠯᠲᠠ  ᠠᠯᠢ  ᠴᠣ᠋‌ᠦᠨᠳᠦᠰᠣᠲᠡᠨ ᠶᠠᠰᠣᠲᠠᠨ ᠤ ᠪᠠᠭ᠎ᠠ ᠪᠠᠯᠴᠢᠷ ᠦᠶ᠎ᠡ ᠶᠢᠨ ᠣᠢ ᠣᠬᠠᠭᠠᠨ ᠤ  ᠬᠦᠭᠵᠢᠯ  ᠎ ᠤᠨ  ᠶᠠᠪᠣᠴᠠ  ᠎ ᠳᠤ  ᠲᠣᠯᠭᠠᠷᠠᠵᠦ᠂ᠲᠣᠬᠢᠶᠠᠯᠳᠦᠵᠦ᠂ ᠰᠠᠷᠡᠭᠳᠡᠵᠦ᠂ ᠰᠡᠳᠬᠡᠭᠳᠡᠵᠦ ᠪᠠᠶᠢᠭᠰᠠᠨ ᠣᠨᠢᠰᠤᠭ᠎ᠠ ᠲᠠᠢ ᠠᠰᠠᠭᠤᠳᠠᠯ ᠠᠵᠢ᠃ ᠡᠨᠡᠬᠦ ᠣᠨᠢᠰᠣᠭᠠᠨ ᠠᠰᠠᠭᠤᠳᠠᠯ ᠢ ᠰᠡᠷᠡᠵᠦ ᠰᠡᠳᠬᠢᠬᠦ ᠠᠳᠠᠯᠢ ᠪᠣᠰᠣ ᠦᠨᠳᠣᠰᠣᠲᠠᠨ  ᠤ ᠠᠳᠠᠯᠢ ᠪᠣᠰᠣ ᠲᠠᠨᠢᠯᠳᠠ ᠲᠠᠶᠢᠯᠪᠣᠷᠢᠯᠠᠯᠲᠠ  ᠎ ᠠᠴᠠ  ᠪᠣᠯᠵᠦ᠂  ᠶᠠᠩᠵᠦ‌‍ᠪᠦ᠋ᠷᠢ  ᠶᠢᠨ ᠶᠣᠰᠣ ᠵᠠᠩᠰᠢᠯ᠂ ᠶᠠᠩᠵᠦ ᠪᠦᠷᠢ  ᠶᠢᠨ ᠲᠣᠮᠤᠭ ᠦᠯᠢᠬᠡᠷ ᠪᠣᠢ ᠪᠣᠯᠣᠭᠰᠠᠨ  ᠪᠠᠶᠢᠨ᠎ᠠ᠃  ᠦᠷ᠎ᠡ  ᠎ ᠶᠢᠨ  ᠬᠤᠳᠤᠭ‌ᠭᠤᠶᠣᠬᠤ ᠠᠷᠠᠳ  ᠤᠨ ᠰᠡᠳᠬᠢᠯᠬᠡ ᠲᠠᠢ ᠬᠤᠯᠪᠣᠭᠳᠠᠨ ᠡᠬᠦᠰᠦᠭᠰᠡᠨ  ᠪᠠᠰᠠ  ᠨᠢᠬᠡ  ᠰᠣᠨᠢᠷᠬᠠᠯᠲᠠᠢ  ᠰᠠᠯᠠᠭ᠎ᠠ  ᠰᠣᠶᠣᠯ  ᠬᠡᠪᠡᠯ︽ᠦᠨᠳᠡᠬᠡᠨ︾ ᠎ ᠠᠴᠠ ᠲᠦᠷᠦᠬᠦ᠂ ᠮᠣᠳᠣᠨ ᠰᠠᠯᠠᠭ᠎ᠠ  ᠠᠴᠠ ᠲᠦᠷᠦᠬᠦ᠂ ᠡᠰᠡᠬᠦᠯ᠎ᠡ ᠶᠠᠮᠠᠷ ᠨᠢᠬᠡᠨ ᠦᠷ᠎ᠡ ᠵᠢᠮᠢᠰ ᠢᠳᠡᠭᠰᠡᠨ ᠡᠴᠠ‌ᠵᠢᠷᠮᠦᠰᠣᠯᠡᠬᠦ᠂ ᠭᠡᠷᠡᠯ ᠭᠡᠭᠡ  ᠠᠴᠠ ᠵᠢᠷᠮᠦᠰᠦᠯᠡᠬᠦ ᠮᠡᠲᠦ ᠮᠠᠰᠢ ᠪᠠᠶᠢᠭᠠᠯᠢᠭ ᠪᠣᠷᠣᠭᠵᠢᠭᠤᠨ ᠦᠵᠡᠯ  ᠰᠡᠳᠬᠢᠯᠬᠡ  ᠪᠦᠬᠦᠢ  ᠲᠣᠮᠤᠭ‌‍ᠶᠠᠷᠢᠶ᠎ᠠ ᠪᠣᠢ ᠪᠣᠯᠣᠭᠰᠠᠨ ᠪᠠᠶᠢᠳᠠᠭ ᠶᠣᠮ᠃ ᠡᠨᠡᠬᠦ ᠲᠣᠮᠤᠭ ᠰᠡᠳᠬᠡᠯᠬᠡ ᠪᠠ ᠦᠷ᠎ᠡ ᠭᠤᠶᠣᠬᠤ ᠬᠡᠨᠡᠨ ᠴᠠᠭᠠᠪᠣᠷᠢ ᠵᠠᠩ ᠦᠢᠯᠨ  ᠨᠢ‌ᠢᠵᠢᠯ ᠨᠢᠬᠡᠨ ᠰᠡᠳᠬᠡᠯᠬᠡᠨ  ᠤ ᠰᠠᠭᠤᠷᠢ᠂ ᠢᠵᠢᠯ ᠨᠢᠬᠡᠨ ᠠᠮᠢ ᠠᠮᠢᠵᠢᠷᠠᠯ  ᠤᠨ ᠰᠠᠭᠤᠷᠢ᠂  ᠢᠵᠢᠯ  ᠨᠢᠬᠡᠨ  ᠰᠣᠶᠣᠯᠵᠢᠯ   ‍ᠣᠨ‌‍ᠲ᠋ᠦ᠋ᠪᠰᠢᠨ  ᠳᠤ ᠦᠨᠳᠦᠰᠣᠯᠡᠵᠦ ᠪᠠᠶᠢᠭ᠎ᠠ ᠬᠡᠳᠡᠭ  ᠢ ᠪᠢᠲᠠ ᠠᠳᠠᠯᠢ ᠪᠣᠰᠣ ᠣᠯᠣᠰ ᠦᠨᠳᠦᠰᠣᠲᠠᠨ  ᠤ  ᠢᠵᠢᠯ  ᠲᠦᠰᠦᠭᠡᠲᠡᠢ‌ᠵᠠᠩ ᠦᠢᠯᠨ  ᠶᠢᠨ ᠦᠯᠡᠳᠡᠭᠳᠡᠯ ᠣᠯᠨ ᠮᠦᠷ  ᠠᠴᠠ ᠶᠠᠮᠠᠷ ᠨᠢᠬᠡᠨ ᠬᠡᠮᠵᠢᠶ᠎ᠠ  ᠪᠠᠷ ᠣᠯᠵᠦ ᠬᠠᠷᠠᠵᠦ ᠪᠣᠯᠣᠨ᠎ᠠ᠃        ᠡᠶᠢᠮᠦ  ᠠᠴᠠ ᠮᠣᠩᠭᠤᠯᠴᠣᠳ ᠤᠨ ︽ᠦᠷ᠎ᠡ  ᠶᠢᠨ ᠬᠤᠳᠤᠭ ᠭᠤᠶᠣᠬᠤ︾ ᠶᠣᠰᠣ ᠵᠠᠩᠰᠢᠯ  ᠤᠨ ᠬᠦᠨ  ᠴᠠᠭᠠᠳᠣᠬᠢ‌‍ᠰᠣᠶᠣᠯ  ᠤᠨ ᠦᠨᠳᠦᠰᠣ ᠪᠠ ᠣᠳᠬ᠎ᠠ ᠰᠠᠨᠠᠭ᠎ᠠ  ᠶᠢ ᠨᠠᠷᠢᠪᠴᠢᠯᠠᠨ ᠰᠣᠳᠣᠯᠬᠤ ᠨᠢ ᠨᠡᠶᠢᠲᠠ ᠬᠦᠮᠦᠨ ᠲᠦᠷᠦᠯᠬᠢᠲᠠᠨ  ᠤ ᠰᠣᠶᠣᠯ‌‍ᠰᠣᠳᠣᠯᠭᠠᠨ  ᠳᠤ ᠴᠣ᠋ ᠴᠢᠬᠤᠯᠨ ᠠᠴᠢ ᠬᠤᠯᠪᠣᠭᠳᠠᠯ ᠲᠠᠢ ᠪᠦᠬᠡᠳ ᠬᠦᠨᠵᠡᠬᠡᠶᠢᠷᠡᠬᠦᠯᠣᠨ ᠰᠣᠳᠣᠯᠬᠤ ᠡᠵᠡᠨ  ᠎ ᠢᠶᠠᠨ  ᠬᠦᠯᠢᠶᠠᠵᠦ‌‍ᠪᠠᠶᠢᠭ᠎ᠠ ᠰᠣᠨᠢᠨ ᠰᠡᠳᠦᠪ ᠶᠣᠮ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号