ᠮᠤᠩᠭᠤᠯᠴᠤᠳ ᠤᠨ ᠭᠠᠯ ᠤᠨ ᠲᠠᠯᠠᠯᠭᠠᠨ
ᠨᠡᠶᠢᠲᠡᠯᠡᠭᠰᠡᠨ ᠴᠠᠭ᠄
2018/1/30
     ᠮᠤᠩᠭᠤᠯ ᠦᠨᠳᠦᠰᠦᠳᠡᠨ ᠡᠷᠳᠡ ᠤᠵᠤᠭᠤᠷ ᠠᠴᠠ ᠪᠠᠨ ᠭᠠᠯ ᠢ ᠬᠦᠨᠳᠦᠳᠬᠡᠨ᠂ ᠭᠠᠯ ᠢᠶᠠᠨ ᠤᠨᠳᠠᠷᠠᠭᠠᠬᠤ  ᠦᠬᠡᠢ ᠪᠠᠷ ᠮᠠᠨᠠᠵᠦ ᠬᠤᠨᠤᠳᠠᠭ ᠵᠠᠩᠰᠢᠯ ᠲᠠᠢ ᠪᠦᠭᠡᠳ ᠭᠤᠷᠪᠠᠨ ᠵᠢᠯ ᠭᠠᠯ ᠢᠶᠠᠨ ᠤᠨᠳᠠᠷᠠᠭᠠᠬᠤ ᠦᠬᠡᠢ ᠪᠤᠯ  ᠪᠡᠶᠡᠵᠢᠨ᠎ᠠ ᠬᠡᠮᠡᠳᠡᠭ᠃ ᠭᠠᠯ ᠨᠢ ᠦᠡᠭᠬᠡᠷᠡᠭᠰᠡᠨ ᠤᠳᠤ ᠢᠷᠡᠬᠡᠳᠦᠢ ᠳᠤ ᠬᠦᠮᠦᠨ ᠲᠦᠷᠦᠯᠬᠢᠳᠡᠨ ᠤ ᠰᠢᠳᠦᠨ ᠭᠡᠷᠡᠭᠯᠡᠬᠦ  ᠮᠦᠡᠭᠬᠡ ᠶᠢᠨ ᠰᠢᠳᠦᠬᠡᠨ ᠪᠤᠯᠤᠬᠰᠠᠨ ᠶᠤᠮ᠃ ᠮᠠᠨ ᠤ ᠮᠤᠩᠭᠤᠯᠴᠤᠳ ᠤᠯᠠᠨ ᠵᠠᠭᠤᠨ ᠵᠢᠯ ᠤᠨ ᠲᠤᠷᠰᠢ᠂ ᠵᠢᠯ  ᠪᠦᠷᠢ ᠶᠢᠨ ᠰᠡᠬᠦᠯ ᠰᠠᠷ᠎ᠠ ᠶᠢᠨ ᠬᠤᠷᠢᠨ ᠭᠤᠷᠪᠠᠨ ᠳᠤ ᠭᠠᠯ ᠢᠶᠠᠨ ᠲᠠᠬᠢᠵᠦ ᠲᠠᠯᠠᠯᠭ᠎ᠠ ᠠᠪᠴᠦ᠂ ᠭᠠᠯ ᠤᠨ  ᠪᠤᠷᠬᠠᠨ ᠳᠤ ᠪᠠᠨ ᠠᠯᠢᠪᠡ ᠰᠠᠶᠢᠨ ᠰᠠᠶᠢᠬᠠᠨ ᠢᠶᠠᠨ ᠲᠠᠭᠠᠳᠬᠠᠨ ᠮᠦᠷᠬᠦᠳᠡᠭ ᠤᠴᠢᠷᠳᠡᠢ᠃ ᠭᠠᠯ ᠤᠨ ᠲᠠᠯᠠᠯᠭᠠᠨ ᠤ  ᠭᠤᠷᠪᠠ ᠬᠤᠨᠤᠭ ᠲᠤ ᠪᠤᠰᠤᠳ ᠲᠤ ᠶᠠᠭᠤᠮ᠎ᠠ ᠦᠭᠳᠡᠭ ᠦᠬᠡᠢ ᠴᠡᠬᠡᠷᠯᠡᠯ ᠲᠠᠢ ᠪᠦᠭᠡᠳ ᠭᠠᠯ ᠤᠨ ᠲᠠᠯᠠᠯᠭᠠᠨ  ᠱᠸᠡᠭ ᠳᠤ ᠲᠠᠯᠠᠯᠭᠠᠨ ᠰᠤᠮᠤ ᠪᠠᠨ ᠬᠠᠳᠬᠤᠨ ᠭᠤᠷᠪᠠ ᠬᠤᠨᠤᠭ ᠲᠠᠬᠢᠭᠠᠳ᠂ ᠲᠦᠷᠪᠡᠳᠦᠬᠡᠷ ᠡᠳᠦᠷ ᠲᠤ ᠨᠢ  ᠬᠤᠷᠢᠶᠠᠨ ᠠᠪᠴᠦ ᠬᠠᠳᠠᠭᠠᠯᠠᠳᠠᠭ᠃       ᠲᠠᠯᠠᠯᠭᠠᠨ ᠱᠸᠡᠭ᠄ ᠠᠮᠠᠰᠡᠷ ᠲᠠᠯ᠎ᠠ ᠨᠢ ᠶᠢᠰᠦᠨ ᠢᠮᠠᠬᠤ ᠰᠢᠬᠠᠮ᠂ ᠢᠷᠤᠭᠠᠷ ᠨᠢ ᠵᠢᠷᠭᠤᠭᠠᠨ ᠢᠮᠠᠬᠤ ︵ ᠪᠤᠳᠠᠭᠠᠨ ᠱᠸᠡᠭ ᠮᠡᠳᠦ︶ ᠪᠠᠶᠢᠵᠦ ᠬᠠᠪᠬᠠᠭᠠᠰᠦ ᠲᠠᠢ᠂ ᠬᠠᠪᠬᠠᠭᠠᠰᠤᠨ ᠤ ᠭᠤᠤᠯ ᠳᠤ ᠪᠠᠨ ᠵᠤᠭᠤᠰᠤᠨ ᠭᠡ ᠪᠤᠶᠤ  ᠦᠯᠵᠡᠢ ᠦᠰᠦᠭ ᠤᠨ ᠬᠡ ᠲᠠᠢ ᠪᠦᠬᠡᠳ ᠲᠠᠯᠠᠯᠭᠠᠨ ᠰᠤᠮᠤ ᠬᠠᠳᠬᠤᠬᠤ ᠨᠦᠬᠡ ᠲᠠᠢ᠃ ᠲᠦᠷᠪᠡᠨ ᠲᠠᠯ᠎ᠠ ᠳᠤ ᠨᠢ  ᠴᠢᠨᠳᠠᠮᠤᠨᠢ᠂ ᠬᠤᠮᠬ᠎ᠠ᠂ ᠲᠤᠩ᠂ ᠬᠤᠤᠰ ᠵᠢᠭᠠᠰᠦ ᠶᠢᠨ ᠬᠡ ᠲᠠᠢ᠃ ᠬᠡᠷᠪᠡ ᠲᠠᠯᠠᠯᠭᠠᠨ ᠱᠸᠡᠭ ᠦᠬᠡᠢ ᠪᠤᠯ ᠠᠶᠠᠭ᠎ᠠ  ᠪᠤᠶᠤ ᠰᠠᠭᠤᠯᠠᠭ᠎ᠠ ᠬᠡᠷᠡᠭᠯᠡᠳᠡᠭ᠃ ᠲᠠᠯᠠᠯᠭᠠᠨ ᠱᠸᠡᠭ ᠪᠤᠶᠤ ᠲᠠᠯᠠᠯᠭᠠᠨ ᠰᠠᠭᠤᠯᠠᠭᠠᠨ ᠳᠤ ᠲᠠᠪᠤᠨ ᠬᠤᠰᠢᠭᠤ ᠮᠠᠯ ᠤᠨ  ᠢᠮ ᠵᠢᠰᠦ᠂ ᠲᠠᠪᠤᠨ ᠲᠠᠷᠢᠶᠠᠨ ᠤ ᠦᠷ᠎ᠠ᠂ ᠠᠯᠳᠠ ᠮᠦᠡᠭᠬᠦᠨ ᠵᠤᠭᠤᠰ ᠵᠡᠷᠬᠡ ᠶᠢ ᠬᠢᠵᠦ ᠠᠮᠠᠰᠡᠷ ᠢ ᠨᠢ ᠪᠦᠳᠡᠬᠡᠵᠦ  ᠲᠠᠯᠪᠢᠨ᠎ᠠ᠃       ᠲᠠᠯᠠᠯᠭᠠᠨ ᠰᠤᠮᠦ᠄ ᠲᠠᠯᠠᠯᠭᠠᠨ ᠰᠤᠮᠦ ᠨᠢ ᠬᠤᠯᠤᠰᠦ ᠪᠤᠶᠤ ᠵᠢᠮᠢᠰ ᠤᠨ ᠮᠤᠳᠤᠨ ᠡᠰᠢ ᠲᠠᠢ᠃ ᠡᠰᠢ ᠨᠢ  ᠬᠤᠶᠡᠷ ᠲᠤᠬᠤᠢ ᠬᠠᠭᠠᠰ ᠬᠢᠷᠢ ᠤᠷᠳᠦ᠃ ᠡᠰᠢᠨ ᠤ ᠲᠡᠬᠡᠷ᠎ᠠ ᠦᠵᠦᠬᠦᠷ ᠲᠤ ᠪᠢᠴᠢᠬᠠᠨ ᠱᠸᠡᠭ ᠲᠠᠢ᠂ ᠪᠢᠴᠢᠬᠠᠨ  ᠱᠸᠡᠭ ᠳᠤ ᠨᠠᠮᠳᠠᠭ ᠤᠨ ᠰᠠᠩ᠂ ᠵᠢᠷᠭᠤᠭᠠᠨ ᠠᠷᠢᠭᠤᠨ ᠵᠡᠷᠬᠡ ᠶᠢ ᠠᠬᠤᠭᠤᠯᠤᠨ ᠠᠮᠠᠰᠡᠷ ᠢ ᠪᠢᠳᠡᠬᠦᠮᠵᠢᠯᠠᠨ᠎ᠠ᠃  ᠡᠰᠢᠨ ᠤ ᠤᠭ ᠲᠤ ᠲᠡᠮᠦᠷ ᠵᠡᠪᠡ ᠲᠠᠢ᠂ ᠡᠬᠦᠨ ᠢᠶᠠᠷ ᠲᠠᠯᠠᠯᠭᠠᠨ ᠱᠸᠡᠭ ᠤᠨ ᠲᠡᠬᠡᠷᠡᠬᠢ ᠬᠡ ᠶᠢᠨ ᠲᠤᠮᠳᠡᠬᠢ  ᠨᠦᠬᠡᠨ ᠳᠤ ᠲᠠᠯᠠᠯᠭᠠᠨ ᠰᠤᠮᠤ ᠪᠠᠨ ᠬᠠᠳᠬᠤᠨ᠎ᠠ᠃ ᠲᠠᠯᠠᠯᠭᠠᠨ ᠰᠤᠮᠦ ᠶᠢᠨ ᠡᠰᠢᠨ ᠳᠤ᠂ ᠬᠦᠬᠡ᠂ ᠰᠢᠷ᠎ᠠ᠂  ᠤᠯᠠᠭᠠᠨ᠂ ᠨᠤᠭᠤᠭᠠᠨ᠂ ᠴᠠᠭᠠᠨ ᠲᠠᠪᠤᠨ ᠦᠡᠭᠬᠡ ᠶᠢᠨ ᠭᠭᠢᠪ ᠲᠠᠢ᠃ ᠭᠬᠢᠪ ᠤᠨ ᠪᠤᠯᠤᠩ ᠳᠤ ᠨᠢ ᠬᠦᠪᠤᠡᠭ ᠢᠶᠠᠷ  ᠪᠢᠴᠢᠬᠠᠨ ᠪᠦᠮᠪᠦᠭᠡ ᠭᠠᠷᠭᠠᠨ ᠪᠤᠭᠤᠵᠦ᠂ ᠤᠷᠤᠢ ᠶᠢᠨ ᠪᠢᠴᠢᠬᠠᠨ ᠱᠸᠡᠭ ᠠᠴᠠ ᠲᠤᠷᠤᠭᠰᠢ ᠪᠠᠨ ᠲᠠᠪᠤᠨ  ᠢᠮᠠᠬᠤ ᠶᠢᠨ ᠵᠠᠢ ᠳᠤ ᠰᠢᠷ᠎ᠠ ᠤᠳᠠᠰᠦ ᠪᠠᠷ ᠤᠷᠢᠶᠠᠨ ᠲᠤᠭᠳᠠᠭᠠᠬᠤ ᠪᠦᠭᠡᠳ ᠪᠠᠰᠠ ᠴᠠᠭᠠᠨ ᠪᠦᠰ ᠤᠨ ᠲᠡᠬᠡᠷ᠎ᠠ  ᠲᠠᠷᠨᠢ ᠨᠤᠮ ᠪᠢᠴᠢᠭᠡᠳ ᠤᠯᠠᠭᠠᠨ ᠲᠤᠷᠭ᠎ᠠ ᠪᠠᠷ ᠬᠦᠪᠡᠬᠡᠯᠡᠭᠰᠡᠨ ᠨᠢᠬᠡᠨ ᠭᠭᠢᠪ ᠤᠨ ᠬᠠᠮᠳᠦ ᠲᠤᠭᠳᠠᠭᠠᠨ᠎ᠠ᠃  ᠡᠬᠦᠨ ᠠᠴᠠ ᠪᠤᠰᠤᠳ ᠸᠴᠢᠷ᠂ ᠤᠭ᠍ᠶᠤ᠂ ᠱᠢᠷᠦ᠂ ᠶᠤᠸᠠᠮᠪᠤ ᠵᠢᠴᠢ ᠶᠢᠰᠦᠨ ᠮᠦᠡᠭᠬᠦᠨ ᠭᠠᠷᠠᠬ᠎ᠠ ᠵᠡᠷᠬᠡ ᠡᠳ᠋  ᠡᠷᠳᠡᠨᠢᠰ ᠢ ᠡᠰᠢᠨ ᠳᠤ ᠨᠢ ᠳᠡᠬᠦᠵᠢᠯᠡᠳᠡᠭ᠂ ᠡᠳᠡᠬᠡᠷ ᠢ ᠬᠦᠢᠴᠡᠳᠭᠡᠭᠰᠡᠨ ᠢ ᠲᠠᠷᠤᠢ ᠲᠠᠯᠠᠯᠭᠠᠨ ᠰᠤᠮᠦ ᠭᠡᠳᠡᠭ᠃  ᠲᠠᠯᠠᠯᠭᠠᠨ ᠱᠸᠡᠭ ᠠᠪᠬᠤ ᠳᠤ ᠪᠠᠨ ᠬᠡᠷ ᠤᠨ ᠡᠵᠡᠨ ᠨᠢ ᠲᠠᠯᠠᠯᠭᠠᠨ ᠠᠶᠠᠭ᠎ᠠ ᠲᠠᠢ ᠠᠮᠤᠰᠦ ᠪᠠᠨ ᠪᠠᠷᠢᠨ᠂  ᠬᠦᠤᠴᠤᠤᠯ ᠨᠢ ᠲᠠᠯᠠᠯᠭᠠᠨ ᠰᠤᠮᠤ ᠪᠠᠨ ᠪᠠᠷᠢᠵᠦ᠂ ᠦᠬᠢᠳ ᠪᠡᠷᠢᠶᠠᠳ ᠨᠢ ᠴᠠᠭᠠᠨ ᠢᠳᠡᠭᠡ ᠪᠡᠷᠢᠨ᠂ ᠨᠠᠷᠡᠠ ᠵᠦᠪ  ᠡᠷᠬᠢᠬᠦᠯᠦᠨ ᠲᠠᠯᠠᠯᠭ᠎ᠠ ᠠᠪᠴᠦ᠂ ᠭᠠᠯ ᠤᠨ ᠪᠤᠷᠬᠠᠨ ᠳᠤ ᠪᠠᠨ ᠮᠦᠷᠬᠦᠳᠡᠭ ᠵᠠᠩᠰᠢᠯ ᠲᠠᠢ᠃ ᠲᠠᠯᠠᠯᠭ᠎ᠠ  ᠠᠪᠬᠤ ᠳᠤ ᠪᠠᠨ ᠬᠦᠮᠦᠰ ᠡᠷᠡᠬᠦᠯ ᠡᠩᠭᠡ᠂ ᠠᠮᠦᠷ ᠲᠠᠶᠢᠪᠤᠡᠭ᠂ ᠰᠠᠶᠢᠨ ᠰᠠᠶᠢᠬᠠᠨ᠂ ᠪᠠᠶᠠᠨ ᠴᠢᠨᠡᠬᠡᠯᠢᠭ ᠠᠮᠢᠳᠤᠷᠠᠯ ᠢ  ᠪᠡᠯᠬᠡᠳᠡᠨ ᠲᠠᠭᠠᠳᠬᠠᠳᠠᠭ᠃ ᠭᠠᠯ ᠤᠨ ᠲᠠᠯᠠᠯᠭ᠎ᠠ ᠠᠪᠬᠤ ᠠᠭᠤᠯᠭ᠎ᠠ ᠪᠤᠯᠤᠨ ᠠᠯᠬᠤᠮ ᠲᠠᠷᠠᠭ᠎ᠠ ᠨᠢ ᠡᠯ᠎ᠠ  ᠨᠤᠳᠤᠭ ᠲᠤ ᠪᠠᠭ᠎ᠠ ᠵᠦᠷᠢᠶ᠎ᠠ ᠲᠠᠢ ᠪᠤᠯᠪᠠᠴᠦ ᠶᠡᠷᠦᠩᠬᠡᠢ ᠳᠤ ᠪᠠᠨ ᠠᠳᠠᠯᠢᠪᠳᠦᠷ ᠪᠠᠶᠢᠳᠠᠭ᠃    
 
ᠢᠷᠡᠯᠲᠡ᠄ ᠣᠷᠳᠣᠰ ᠮᠣᠩᠭᠣᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号