| ᠵᠤᠬᠢᠶᠠᠭᠴᠢ᠄ ᠪᠠ᠊ · ᠤᠶᠤᠨᠳᠠᠯᠠᠢ | ᠮᠤᠩᠭᠤᠯᠴᠤᠳ ᠶᠠᠷᠤ ᠨᠢ ᠲᠤᠰᠬᠠᠶᠢᠯᠠᠨ ᠴᠠᠭ ᠭᠠᠷᠭᠠᠵᠤ ᠬᠡᠦᠬᠡᠳ ᠢᠶᠠᠨ ᠲᠦᠪ ᠰᠠᠭᠤᠯᠭᠠᠭᠠᠳ ᠶᠡᠭᠡ ᠶᠤᠰᠤ | ᠨᠤᠮᠯᠠᠵᠤ ᠰᠤᠷᠭᠠᠬᠤ ᠪᠢᠰᠢ᠂ ᠬᠠᠷᠢᠨ ᠬᠡᠦᠬᠡᠳ ᠢᠶᠠᠨ ᠳᠠᠭᠠᠭᠤᠯᠤᠨ ᠠᠵᠢᠯ ᠬᠦᠳᠡᠯᠮᠤᠷᠢ ᠬᠢᠬᠦ ᠪᠤᠶᠤ ᠠᠶᠠᠨ ᠵᠠᠮ᠂ ᠠᠳᠤᠭᠤ | ᠮᠠᠯ ᠳᠤ ᠶᠠᠪᠤᠬᠤ ᠦᠶ᠎ᠡ ᠳᠤ ᠠᠵᠢᠯ ᠤᠨ ᠶᠠᠪᠤᠴᠠ ᠪᠠ ᠬᠡᠦᠬᠡᠳ ᠤᠨ ᠢᠶᠠᠨ ᠤᠷᠮ᠎ᠠ ᠳᠤ ᠵᠤᠬᠢᠴᠠᠭᠤᠯᠤᠨ ᠳᠡᠭᠡᠳᠦᠰ ᠠᠴᠠ | ᠰᠤᠨᠤᠰᠤᠭᠰᠠᠨ᠂ ᠪᠡᠶ᠎ᠡ ᠪᠠᠷ ᠦᠭᠭᠡᠷᠡᠭᠡᠭᠰᠡᠨ ᠢᠶᠠᠨ ᠠᠶᠠᠷᠬᠠᠨ ᠶᠠᠷᠢᠵᠤ᠂ ᠭᠦᠮᠦᠨ ᠪᠤᠯᠬᠤ ᠶᠤᠰᠤ ᠵᠦᠢ᠂ ᠠᠮᠢᠳᠤᠷᠠᠯ | ᠡᠵᠡᠩᠨᠡᠬᠦ ᠤᠷ᠎ᠠ ᠤᠬᠠᠭᠠᠨ ᠢ ᠤᠢ ᠪᠢᠯᠢᠭ ᠲᠤᠨᠢ ᠪᠠᠲᠤ ᠰᠠᠭᠤᠯᠭᠠᠬᠤ ᠶᠢ ᠬᠢᠴᠢᠶᠡᠳᠡᠭ᠃ ᠴᠠᠭᠠᠨ ᠰᠠᠷ᠎ᠠ ᠶᠢᠨ ᠬᠤᠭᠤᠴᠠᠭ᠎ᠠ | ᠪᠤᠯ ᠮᠤᠩᠭᠤᠯ ᠤᠨ ᠤᠯᠠᠮᠵᠢᠯᠠᠯᠲᠤ ᠵᠠᠩ ᠦᠢᠯᠡ ᠶᠢᠨ ᠠᠵᠢᠯᠯᠠᠭ᠎ᠠ ᠬᠠᠮᠤᠭ ᠲᠦᠪᠯᠡᠷᠡᠩᠭᠦᠢ ᠬᠤᠭᠤᠴᠠᠭ᠎ᠠ ᠪᠤᠯᠬᠤᠷ | ᠮᠤᠩᠭᠤᠯᠴᠤᠳ ᠬᠡᠦᠬᠡᠳ ᠢᠶᠠᠨ ᠬᠦᠮᠦᠵᠢᠭᠦᠯᠬᠦ ᠬᠠᠮᠤᠭ ᠲᠤᠬᠢᠷᠠᠮᠵᠢᠲᠠᠢ ᠦᠶ᠎ᠡ ᠭᠡᠵᠦ ᠦᠵᠡᠳᠡᠭ ᠶᠤᠮ᠃ ᠭᠠᠯ ᠳᠠᠬᠢᠬᠤ | ᠠᠴᠠ ᠡᠬᠢᠯᠡᠨ ᠰᠢᠨ᠎ᠡ ᠬᠠᠭᠤᠴᠢᠷᠠᠲᠡᠯᠡᠬᠢ ᠬᠤᠭᠤᠴᠠᠭ᠎ᠠ ᠶᠢ ︽ᠰᠠᠷ᠎ᠠ ᠰᠢᠨ᠎ᠡ︾᠂ ︽ᠵᠢᠯ ᠰᠠᠷ᠎ᠠ︾᠂ ︽ᠵᠢᠯ ᠴᠠᠭᠠᠨ | ᠰᠠᠷ᠎ᠠ︾ ᠭᠡᠵᠤ ᠲᠤᠪᠴᠢᠯᠠᠨ᠂ ︽ᠰᠢᠨ᠎ᠡ ᠳᠡᠭᠡᠨ ᠶᠠᠮᠠᠷ ᠪᠤᠯ ᠵᠢᠯ ᠳᠡᠭᠡᠨ ᠲᠡᠶᠢᠮᠦ︾ ᠭᠡᠵᠦ ᠡᠨᠡᠬᠦ ᠬᠤᠭᠤᠴᠠᠭᠠᠨ ᠳᠤ | ᠬᠡᠦᠬᠡᠳ ᠢᠶᠠᠨ ᠶᠤᠰᠤ ᠨᠤᠮ ᠲᠠᠢ᠂ ᠦᠭᠡᠳᠡ ᠬᠡᠶᠢᠮᠤᠷᠢ ᠲᠠᠢ᠂ ᠪᠡᠯᠬᠡ ᠳᠡᠮᠪᠡᠷᠢᠯ ᠲᠠᠢ ᠪᠠᠶᠢᠬᠤ ᠶᠢ ᠨᠡᠩ ᠴᠢᠩᠭ᠎ᠠ | ᠱᠠᠭᠠᠷᠳᠠᠳᠠᠭ᠃ | ᠵᠢᠯ ᠴᠠᠭᠠᠨ ᠰᠠᠷ᠎ᠠ ᠤᠶᠢᠷᠠᠳᠬᠤ ᠳᠤ ᠬᠡᠦᠬᠡᠳ ᠲᠡᠭᠡᠨ ᠪᠢᠲᠡᠭᠦᠯᠡᠵᠤ ᠰᠢᠨᠡᠯᠡᠬᠦ ᠶᠤᠰᠤ ᠵᠠᠩᠰᠢᠯ ᠤᠨ ᠲᠤᠬᠠᠢ ᠶᠠᠷᠢᠵᠤ | ᠂ ᠡᠨᠡ ᠵᠢᠯ ᠵᠠᠪᠠᠯ ᠤᠴᠢᠵᠤ ᠵᠤᠯᠭᠠᠬᠤ ᠬᠦᠮᠦᠨ᠂ ᠵᠠᠪᠠᠯ ᠢᠷᠡᠬᠦ ᠬᠦᠮᠦᠨ ᠪᠠ ᠢᠷᠡᠬᠦ ᠪᠤᠯᠤᠮᠵᠢᠲᠠᠢ ᠬᠦᠮᠦᠨ ᠤ ᠲᠤᠬᠠᠢ | ᠲᠠᠨᠢᠯᠴᠠᠭᠤᠯᠵᠤ᠂ ᠶᠠᠭᠤᠨ ᠳᠤ ᠵᠠᠪᠠᠯ ᠢᠷᠡᠬᠦ ᠪᠤᠶᠤ ᠤᠴᠢᠵᠤ ᠵᠤᠯᠭᠠᠬᠤ ᠶᠢᠨ ᠤᠴᠢᠷ ᠢ ᠲᠤᠲᠤᠷᠬᠠᠶᠢᠯᠠᠨ ᠵᠢᠭᠠᠵᠤ᠂ | ᠢᠷᠡᠵᠦ ᠤᠴᠢᠬᠤ ᠶᠢᠨ ᠪᠡᠯᠡᠳᠬᠡᠯ ᠪᠠ ᠶᠤᠰᠤ ᠵᠠᠩᠰᠢᠯ ᠢ ᠶᠠᠷᠢᠵᠤ ᠦᠭᠭᠦᠨ᠎ᠡ᠃ ᠬᠤᠪᠴᠠᠰᠤ ᠬᠤᠨᠠᠷ ᠡᠰᠭᠡᠵᠤ ᠤᠶᠤᠬᠤ ᠪᠠ | ᠬᠡᠷ ᠲᠡᠷᠭᠡ᠂ ᠬᠦᠷᠢᠶ᠎ᠠ ᠬᠠᠰᠢᠶ᠎ᠠ᠂ ᠤᠶᠠᠭ᠎ᠠ ᠵᠠᠯ᠎ᠠ ᠪᠠᠨ ᠴᠡᠪᠡᠷᠯᠡᠵᠤ ᠴᠢᠮᠡᠬᠦ ᠵᠡᠷᠬᠡ ᠠᠵᠢᠯ ᠳᠤ ᠬᠡᠦᠬᠡᠳ ᠢᠶᠠᠨ ᠳᠠᠭᠠᠭᠤᠯᠤᠨ | ᠤᠷᠤᠯᠴᠠᠭᠤᠯᠵᠤ ᠶᠤᠰᠤ ᠬᠦᠳᠡᠯᠮᠤᠷᠢ ᠬᠤᠶᠠᠷ ᠢᠶᠠᠷ ᠤᠬᠠᠭᠠᠷᠠᠭᠤᠯᠤᠨ᠎ᠠ᠃ ᠡᠶᠢᠮᠦ ᠠᠶᠢᠯ ᠳᠤ ᠵᠤᠴᠢᠨ ᠪᠠᠭᠤᠬᠤ ᠳᠤ ᠶᠠᠭᠤ | ᠪᠦᠬᠦᠨ ᠨᠢ ᠲᠦᠪᠬᠢᠨᠡᠭᠦᠨ ᠲᠠᠭᠠᠯᠠᠮᠵᠢᠲᠠᠢ ᠰᠠᠨᠠᠭᠳᠠᠵᠤ᠂ ᠠᠷᠪᠠ ᠭᠠᠷᠴᠤ ᠪᠠᠶᠢᠭ᠎ᠠ ᠬᠡᠦᠬᠡᠳ ᠨᠢ ᠭᠠᠭᠴᠠᠭᠠᠷ ᠪᠠᠶᠢᠭᠰᠠᠨ ᠴᠤ | ᠤᠶᠠᠭᠠᠨ ᠳᠡᠭᠡᠷ᠎ᠡ ᠳᠤᠰᠬᠤ ᠡᠵᠡᠨ ᠲᠠᠢ᠂ ᠤᠤᠭᠤᠭᠠᠳ ᠮᠤᠷᠳᠠᠬᠤ ᠴᠠᠢ ᠲᠠᠢ᠂ ᠶᠤᠰᠤᠨ ᠤ ᠬᠠᠷᠢᠭᠤ ᠵᠦᠢ ᠲᠠᠢ᠂ ᠪᠡᠯᠡᠭ | ᠤᠨ ᠬᠠᠷᠢᠭᠤ ᠬᠠᠳᠠᠭ ᠲᠠᠢ ᠪᠠᠶᠢᠵᠤ ᠤᠳᠤᠮ ᠤᠨ ᠰᠤᠷᠭᠠᠯ ᠭᠠᠵᠢᠬᠤ ᠤᠴᠢᠷ ᠦᠬᠡᠢ᠃ | ᠪᠢᠲᠡᠭᠦᠨ ᠤᠶᠢᠷᠠᠳᠬᠤ ᠲᠤᠰᠤᠮ ᠨᠠᠰᠤᠲᠠᠶᠢᠴᠤᠳ᠄ ︽ᠦᠷᠯᠦᠭᠡ ᠡᠷᠲᠡ ᠪᠤᠰᠪᠠᠯ ᠢᠯᠡᠭᠦᠦ ᠨᠢᠭᠡ ᠶᠢ ᠬᠠᠷᠠᠵᠤ᠂ | ᠦᠳᠡᠰᠢ ᠤᠷᠤᠢ ᠤᠨᠲᠠᠪᠠᠯ ᠢᠯᠡᠭᠦᠦ ᠨᠢᠭᠡ ᠶᠢ ᠰᠤᠨᠤᠰᠤᠨ᠎ᠠ︾ ᠬᠡᠮᠡᠨ ᠬᠡᠦᠬᠡᠳ ᠢᠶᠠᠨ ᠶᠡᠷᠦ ᠶᠢᠨ ᠦᠶ᠎ᠡ ᠠᠴᠠ ᠡᠷᠲᠡ | ᠪᠤᠰᠬᠠᠵᠤ ᠤᠷᠤᠢ ᠤᠨᠲᠠᠭᠤᠯᠤᠨ᠎ᠠ᠃ ᠦᠷᠯᠦᠭᠡ ᠨᠢ ᠬᠤᠷᠤᠭ᠎ᠠ ᠬᠠᠰᠢᠶ᠎ᠠ ᠴᠡᠪᠡᠷᠯᠡᠵᠤ ᠬᠤᠭ ᠬᠦᠯᠳᠡᠭᠦᠰᠦ ᠵᠦᠭᠡᠭᠡᠬᠦ ᠳᠡᠭᠡᠨ | ᠬᠡᠦᠬᠡᠳ ᠢᠶᠠᠨ ᠳᠠᠭᠠᠭᠤᠯᠵᠤ ᠱᠦᠭᠦᠷ ᠬᠦᠷᠵᠡ᠂ ᠠᠷᠤᠭ ᠰᠠᠪᠠᠷ ᠲᠤ ᠡᠪᠰᠢᠭᠦᠯᠦᠨ᠂ ᠮᠤᠷᠢ ᠪᠠᠷᠢᠵᠤ᠂ ᠦᠬᠡᠷ ᠤᠰᠤᠯᠠᠬᠤ | ᠵᠠᠭᠤᠷ᠎ᠠ ᠲᠡᠭᠷᠢ ᠶᠢᠨ ᠴᠢᠷᠠᠢ ᠰᠢᠨᠵᠢᠵᠤ᠂ ᠴᠠᠭ ᠠᠭᠠᠷ ᠤᠨ ᠪᠠᠶᠢᠳᠠᠯ᠂ ᠮᠠᠯ ᠭᠠᠷᠬᠤ ᠵᠦᠭ ᠤᠨ ᠲᠤᠬᠠᠢ ᠦᠪᠡᠷ ᠤᠨ | ᠲᠤᠷᠰᠢᠯᠭ᠎ᠠ ᠪᠠᠨ ᠦᠯᠢᠭᠡᠷ ᠲᠤᠤᠯᠢ ᠰᠢᠭ᠋ ᠶᠠᠷᠢᠨ᠎ᠠ᠃ ᠦᠳᠡᠰᠢ ᠨᠢ ᠤᠶᠤᠳᠠᠯ ᠤᠲᠠᠰᠤ᠂ ᠢᠳᠡᠭᠡᠨ ᠰᠢᠭᠦᠰᠤ ᠶᠢᠨ ᠠᠵᠢᠯ | ᠦᠷᠭᠦᠯᠵᠢᠯᠡᠬᠦ ᠳᠤ ᠤᠳᠤᠮ ᠭᠠᠷᠪᠠᠯᠢ᠂ ᠤᠭ ᠨᠤᠲᠤᠭ᠂ ᠨᠠᠭᠦᠳᠡᠯ ᠪᠠᠭᠤᠳᠠᠯ ᠤᠨ ᠢᠶᠠᠨ ᠲᠤᠬᠠᠢ ᠬᠠᠭᠤᠴᠢᠯᠠᠵᠤ᠂ ᠤᠷᠤᠨ | ᠨᠤᠲᠤᠭ᠂ ᠤᠪᠤᠭ ᠤᠭᠰᠠᠭ᠎ᠠ ᠪᠠᠨ ᠮᠡᠳᠡᠳᠡᠭ ᠬᠦᠮᠦᠨ ᠪᠤᠯᠬᠤ ᠶᠢ ᠰᠠᠨᠠᠭᠤᠯᠳᠠᠭ᠃ ᠲᠡᠷᠡ ᠪᠦᠬᠦᠨ ᠤ ᠤᠬᠠᠭᠠᠨ ᠤᠯᠪᠠᠭ᠎ᠠ | ᠶᠢ ᠤᠯᠬᠤ ᠠᠷᠠᠢ ᠪᠤᠯᠤᠭ᠎ᠠ ᠦᠭᠡᠢ ᠪᠠᠯᠴᠢᠷ ᠬᠡᠦᠬᠡᠳ ᠲᠤ ᠪᠤᠯ ᠦᠯᠢᠭᠡᠷ ᠶᠠᠷᠢᠵᠤ᠂ ᠤᠨᠢᠰᠤᠭ᠎ᠠ ᠲᠠᠭᠠᠯᠭᠠᠵᠤ᠂ ᠵᠦᠢᠷ | ᠰᠡᠴᠡᠨ ᠦᠭᠡ ᠴᠡᠭᠡᠵᠢᠯᠡᠭᠦᠯᠵᠦ᠂ ᠤᠢ ᠪᠢᠯᠢᠭ ᠢ ᠨᠢ ᠨᠡᠭᠡᠭᠡᠳᠡᠭ᠃ | ᠭᠠᠯ ᠳᠠᠬᠢᠬᠤ ᠠᠴᠠ ᠡᠬᠢᠯᠡᠨ᠂ ᠪᠢᠲᠡᠭᠦᠯᠡᠬᠦ᠂ ᠰᠢᠨᠡᠯᠡᠬᠦ ᠪᠦᠬᠦ ᠶᠠᠪᠤᠴᠠ ᠳᠤ ᠬᠡᠦᠬᠡᠳ ᠢᠶᠠᠨ ᠤᠷᠤᠯᠴᠠᠭᠤᠯᠤᠨ | ᠵᠤᠯᠠ ᠪᠠᠷᠢᠬᠤ᠂ ᠭᠠᠯ ᠳᠠᠬᠢᠬᠤ᠂ ᠲᠡᠭᠷᠢ ᠳᠤ ᠮᠦᠷᠭᠦᠬᠦ᠂ ᠳᠠᠯᠠᠯᠭ᠎ᠠ ᠠᠪᠬᠤ᠂ ᠳᠡᠭᠡᠵᠢ ᠡᠷᠭᠦᠬᠦ᠂ ᠮᠦᠷ ᠭᠠᠷᠭᠠᠬᠤ᠂ | ᠬᠤᠪᠴᠠᠰᠤ ᠮᠢᠯᠢᠶᠠᠬᠤ᠂ ᠮᠠᠯ ᠰᠢᠨᠡᠯᠡᠭᠦᠯᠬᠦ ᠵᠡᠷᠭᠡ ᠵᠠᠩ ᠦᠢᠯᠡ ᠶᠢ ᠦᠬᠡ ᠪᠠᠷ ᠲᠠᠶᠢᠯᠠᠵᠤ ᠦᠢᠯᠡ ᠪᠠᠷ ᠲᠠᠨᠢᠭᠤᠯᠤᠨ᠎ᠠ᠃ | ᠬᠤᠳᠠ ᠤᠰᠤ ᠪᠠ ᠤᠷᠤᠭ ᠡᠯᠢᠭᠡᠨ ᠤ ᠰᠢᠨᠡᠯᠡᠵᠤ ᠪᠢᠲᠡᠭᠦᠯᠡᠬᠦ ᠶᠠᠪᠤᠯᠴᠠᠭ᠎ᠠ ᠪᠠᠷ ᠳᠠᠮᠵᠢᠭᠤᠯᠤᠨ ᠰᠠᠳᠤᠨ ᠲᠦᠷᠦᠯ ᠢᠶᠠᠨ | ᠲᠠᠨᠢᠭᠤᠯᠵᠣ᠂ ᠮᠡᠨᠳᠦᠯᠡᠬᠦ᠂ ᠬᠦᠨᠳᠦᠯᠡᠬᠦ᠂ ᠵᠤᠯᠭᠠᠬᠤ᠂ ᠵᠤᠴᠢᠯᠠᠬᠤ᠂ ᠦᠳᠡᠬᠦ ᠶᠢᠨ ᠨᠠᠷᠢᠨ ᠶᠤᠰᠤ ᠶᠢ ᠮᠡᠳᠡᠭᠦᠯᠦᠭᠰᠡᠨ | ᠪᠠᠶᠢᠳᠠᠭ᠃ ᠪᠢᠲᠡᠭᠦᠯᠡᠬᠦ ᠠᠴᠠ ᠡᠮᠦᠨ᠎ᠡ ᠡᠬᠢᠯᠡᠭᠰᠡᠨ ᠢᠶᠠᠨ ᠳᠠᠭᠤᠰᠬᠠᠵᠤ᠂ ᠵᠡᠭᠡᠯᠡᠭᠰᠡᠨ ᠢᠶᠠᠨ ᠪᠤᠴᠠᠭᠠᠵᠤ᠂ ᠦᠩᠭᠡᠷᠡᠭᠰᠡᠨ | ᠨᠢᠭᠡ ᠵᠢᠯ ᠢᠶᠠᠨ ᠡᠳ᠋ ᠤᠨ ᠦᠷᠢ ᠦᠭᠡᠢ᠂ ᠰᠡᠳᠬᠢᠯ ᠤᠨ ᠦᠷᠢ ᠦᠭᠡᠢ᠂ ᠦᠷ᠎ᠡ ᠳᠡᠭᠡᠨ ᠶᠠᠷᠢᠬᠤ ᠤᠬᠠᠭᠠᠷᠠᠯ ᠳᠤᠷᠠᠳᠬᠠᠯ | ᠤᠨ ᠦᠯᠢᠭᠡᠷ ᠲᠠᠢ ᠰᠡᠪ ᠦᠭᠡᠢ ᠰᠠᠶᠢᠬᠠᠨ ᠪᠢᠲᠡᠭᠦᠯᠡᠵᠤ ᠲᠠᠯᠪᠢᠨ᠎ᠠ᠃ ᠰᠠᠷ᠎ᠠ ᠰᠢᠨ᠎ᠡ ᠶᠢᠨ ᠴᠠᠭ ᠲᠤ ᠪᠡᠯᠭᠡ ᠦᠭᠡᠢ ᠦᠭᠡ᠂ | ᠪᠤᠬᠢᠷ ᠦᠭᠡ ᠶᠠᠷᠢᠬᠤ ᠦᠭᠡᠢ᠂ ᠬᠡᠯᠡ ᠠᠮᠠ ᠲᠠᠲᠠᠬᠤ ᠦᠭᠡᠢ᠂ ᠤᠷᠤᠭᠤ ᠴᠢᠷᠠᠶᠢᠯᠠᠬᠤ ᠶᠢ ᠴᠡᠭᠡᠷᠯᠡᠨ᠂ ᠠᠭᠤᠷ ᠤᠴᠠᠭᠠᠷ ᠢ | ᠲᠡᠪᠴᠢᠵᠤ᠂ ᠲᠦᠯᠦᠪ ᠲᠦᠪᠰᠢᠨ᠂ ᠦᠭᠡᠳᠡ ᠪᠠᠶᠠᠰᠤᠩᠭᠤᠢ᠂ ᠦᠯᠵᠡᠢ ᠪᠡᠯᠭᠡ ᠲᠠᠢ ᠪᠠᠶᠢᠬᠤ ᠶᠢ ᠤᠨᠴᠠ ᠬᠢᠴᠢᠶᠡᠳᠡᠭ᠃ | ᠬᠡᠦᠬᠡᠳ ᠨᠢ ᠳᠠᠩᠳᠠ ᠯᠠ ᠨᠠᠰᠤᠲᠠᠨ ᠲᠤᠮᠤᠭᠠᠳᠠᠨ ᠤ ᠪᠠᠨ ᠬᠠᠭᠤᠴᠢᠨ ᠤᠨ ᠤ ᠠᠴᠢ ᠪᠤᠶᠠᠨ ᠢ ᠳᠤᠷᠠᠰᠴᠤ᠂ ᠰᠢᠨ᠎ᠡ ᠵᠢᠯ | ᠤᠨ ᠠᠵᠠ ᠬᠡᠶᠢᠮᠤᠷᠢ ᠶᠢ ᠵᠦᠩᠨᠡᠭᠰᠡᠨ ᠰᠠᠶᠢᠨ ᠰᠠᠶᠢᠬᠠᠨ ᠢᠷᠦᠭᠡᠯ ᠰᠤᠷᠭᠠᠯ ᠤᠨ ᠳᠤᠮᠳᠠ ᠤᠷᠮ᠎ᠠ ᠪᠠᠲᠠᠷᠠᠵᠤ ᠤᠬᠠᠭᠠᠨ | ᠲᠡᠯᠡᠳᠡᠭ ᠪᠢᠯᠡ᠃ | ᠴᠠᠭᠠᠨ ᠰᠠᠷ᠎ᠠ ᠶᠢᠨ ᠬᠤᠭᠤᠴᠠᠭᠠᠨ ᠳᠤ ᠤᠷᠤᠭ ᠰᠠᠳᠤᠨ᠂ ᠡᠯᠢᠭᠡᠨ ᠲᠦᠷᠦᠯ ᠢᠶᠠᠷ ᠢᠶᠠᠨ ᠴᠤᠭᠯᠠᠵᠤ ᠨᠠᠶᠢᠷᠯᠠᠬᠤ | ᠳᠠᠭᠠᠨ ᠴᠤ ᠦᠶ᠎ᠡ ᠨᠠᠰᠤᠨ ᠤ ᠳᠠᠷᠠᠭᠠᠯᠠᠯ ᠢᠶᠠᠷ ᠰᠠᠭᠤᠵᠠᠭᠠᠵᠤ᠂ ᠴᠠᠭᠠᠨ ᠢᠳᠡᠭᠡᠨ ᠠᠴᠠ ᠡᠬᠢᠯᠡᠨ᠂ ᠱᠦᠯᠦ ᠰᠢᠭᠦᠰᠦ | ᠬᠦᠷᠲᠡᠯ᠎ᠡ ᠲᠤᠭᠲᠠᠭᠰᠠᠨ ᠵᠢᠷᠤᠮ ᠢᠶᠠᠷ ᠤᠷᠤᠭᠤᠯᠵᠤ᠂ ᠨᠠᠶᠢᠷ ᠲᠡᠭᠦᠰᠬᠦ ᠳᠤ ᠮᠦᠨ ᠴᠠᠭᠠᠨ ᠢᠳᠡᠭᠡ ᠲᠠᠯᠪᠢᠨ ᠴᠠᠢ | ᠠᠶᠠᠭᠠᠯᠠᠵᠤ᠂ ᠶᠤᠰᠤ ᠶᠢ ᠬᠦᠨᠳᠦᠯᠡᠬᠦ ᠠᠴᠠ ᠪᠢᠰᠢ ᠠᠷᠢᠬᠢ ᠦᠢᠮᠡᠭᠡᠨ ᠢ ᠴᠢᠬᠤᠯᠠᠴᠢᠯᠠᠬᠤ ᠦᠭᠡᠢ᠃ ᠤᠷᠤᠭᠯᠠᠭ᠎ᠠ ᠦᠭᠡᠢ | ᠬᠡᠦᠬᠡᠳ ᠪᠤᠶᠤ ᠰᠢᠨᠡᠬᠡᠨ ᠤᠷᠤᠭᠯᠠᠭᠠᠳ ᠠᠪᠤ ᠡᠵᠢ ᠪᠤᠯᠵᠤ ᠠᠮᠵᠢᠭ᠎ᠠ ᠦᠬᠡᠢ ᠵᠠᠯᠠᠭᠤᠰ ᠢ ᠶᠡᠷᠦ ᠠᠴᠠ ᠨᠠᠶᠢᠷ ᠤᠨ ᠰᠢᠷᠡᠭᠡᠨ | ᠳᠤ ᠰᠠᠭᠤᠯᠭᠠᠳᠠᠭ ᠦᠭᠡᠢ᠂ ᠨᠠᠰᠤ ᠬᠢᠵᠢᠶᠡᠯᠢᠰᠢᠵᠦ ᠦᠷ᠎ᠡ ᠠᠴᠢᠷ ᠲᠠᠢ ᠪᠤᠯᠤᠭᠰᠠᠨ ᠬᠦᠮᠦᠨ ᠨᠠᠰᠤᠲᠠᠶᠢᠴᠤᠳ ᠲᠠᠢ ᠪᠠᠨ | ᠨᠢᠭᠡ ᠰᠢᠷᠡᠭᠡᠨ ᠳᠤ ᠰᠠᠭᠤᠬᠤ ᠳᠤᠬᠢᠶᠠᠯᠳᠤᠯ ᠪᠠᠶᠢᠳᠠᠭ ᠴᠤ ᠳᠤᠭᠤᠤᠷ ᠰᠠᠭᠤᠳᠠᠯ ᠳᠤ ᠰᠠᠭᠤᠭᠠᠳ ᠦᠢᠯᠡᠴᠢᠯᠡᠬᠦ ᠪᠠ | ᠰᠤᠷᠭᠠᠯ ᠰᠤᠨᠤᠰᠬᠤ ᠪᠠᠷ ᠭᠤᠤᠯ ᠪᠤᠯᠭᠠᠳᠠᠭ᠃ ᠵᠠᠯᠠᠭᠤ ᠪᠠᠭᠠᠴᠤᠳ ᠨᠢ ᠮᠤᠷᠢ ᠤᠨᠤᠭ᠎ᠠ ᠡᠪᠡᠰᠦᠯᠡᠬᠦ᠂ ᠮᠠᠯ ᠬᠤᠲᠠᠯᠠᠬᠤ | ᠵᠡᠷᠭᠡ ᠭᠠᠳᠠᠨ᠎ᠠ ᠠᠵᠢᠯ ᠢ ᠡᠭᠦᠷᠭᠡᠯᠡᠬᠦ ᠶᠢᠨ ᠬᠠᠮᠲᠤ ᠴᠠᠢ ᠠᠶᠠᠭᠠᠯᠠᠬᠤ᠂ ᠠᠷᠢᠬᠢ ᠪᠠᠷᠢᠬᠤ᠂ ᠰᠢᠭᠦᠰᠤ ᠳᠡᠪᠰᠢᠭᠦᠯᠬᠦ ᠵᠡᠷᠭᠡ | ᠠᠵᠢᠯ ᠢ ᠬᠢᠵᠦ᠂ ᠠᠵᠢᠯ ᠤᠨ ᠳᠤᠮᠳᠠ ᠶᠤᠰᠤ ᠵᠦᠢ ᠶᠢ ᠰᠤᠷᠳᠠᠭ᠃ ᠡᠷᠦᠬᠡ ᠶᠢᠨ ᠡᠵᠡᠨ ᠪᠤᠶᠤ ᠳᠠᠶᠢᠯᠠᠯᠭ᠎ᠠ ᠡᠷᠬᠢᠯᠡᠭᠴᠢ | ᠨᠢ ᠪᠡᠯᠭᠡ ᠲᠠᠢ ᠦᠭᠡ ᠪᠠᠷ ᠨᠠᠶᠢᠷ ᠡᠬᠢᠯᠡᠭᠦᠯᠵᠦ᠂ ᠤᠯᠠᠨ ᠢᠶᠠᠷ ᠢᠶᠠᠨ ᠠᠵᠤ ᠠᠮᠢᠳᠤᠷᠠᠯ᠂ ᠦᠷ᠎ᠡ ᠬᠡᠦᠬᠡᠳ᠂ ᠮᠠᠯ ᠰᠦᠷᠦᠭ | ᠂ ᠤᠰᠤ ᠪᠡᠯᠴᠢᠭᠡᠷ ᠤᠨ ᠢᠶᠠᠨ ᠲᠤᠬᠠᠢ ᠵᠤᠭᠤᠭ ᠳᠡᠯᠭᠡᠨ᠎ᠡ᠃ ᠵᠠᠷᠢᠮ ᠳᠠᠭᠠᠨ ᠳᠠᠭᠤᠤ ᠬᠤᠭᠤᠷ ᠡᠭᠦᠰᠬᠡᠵᠦ ᠨᠢᠵᠢᠭᠡᠷ ᠶᠡᠭᠡ | ᠨᠠᠶᠢᠷ ᠪᠤᠯᠳᠠᠭ ᠴᠤ᠂ ᠠᠷᠢᠬᠢᠨ ᠤ ᠳᠠᠭᠠᠭᠠᠴᠠ ᠪᠠᠨ ᠠᠳᠠᠯᠢᠳᠬᠠᠬᠤ ᠮᠡᠲᠤ ᠤᠤᠭᠤᠵᠤ᠂ ᠬᠤᠭᠤᠯᠠᠢ ᠶᠢᠨ ᠲᠡᠩᠬᠡ ᠪᠠᠨ | ᠰᠢᠯᠭᠠᠬᠤ ᠮᠡᠲᠤ ᠪᠠᠷᠬᠢᠷᠠᠳᠠᠭ ᠦᠭᠡᠢ᠃ ᠨᠠᠰᠤ ᠦᠨᠳᠦᠷ᠂ ᠦᠶ᠎ᠡ ᠳᠡᠭᠡᠷ᠎ᠡ ᠨᠢᠭᠡ ᠨᠢ ᠨᠠᠶᠢᠷ ᠤᠨ ᠳᠤᠬᠢᠶᠠᠯ ᠢ ᠠᠰᠢᠭᠯᠠᠵᠤ | ᠰᠠᠳᠤᠨ ᠳᠦᠷᠦᠯ ᠳᠤᠮᠳᠠᠬᠢ ᠵᠠᠷᠢᠮ ᠠᠩᠬᠠᠷᠴᠤ ᠬᠢᠴᠢᠶᠡᠭᠦᠰᠢᠲᠡᠢ ᠵᠦᠢᠯ ᠶᠢ ᠦᠭᠡ ᠶᠢᠨ ᠵᠠᠪᠰᠠᠷ ᠲᠤ ᠤᠷᠠᠨ ᠢᠶᠠᠷ | ᠳᠤᠬᠢᠭᠠᠳ ᠠᠪᠬᠤ ᠳᠤ ᠯᠡ ᠤᠯᠠᠨ ᠤ ᠰᠡᠳᠬᠢᠯ ᠳᠤ ᠨᠠᠰᠤᠳᠠᠨ ᠤ ᠰᠤᠷᠭᠠᠯ ᠭᠢᠯᠠᠰᠴᠤ᠂ ᠪᠡᠶ᠎ᠡ ᠪᠠᠨ ᠵᠠᠰᠠᠵᠤ ᠶᠠᠪᠤᠬᠤ ᠶᠢᠨ | ᠲᠤᠯᠢ ᠪᠤᠯᠳᠠᠭ᠃ ᠬᠠᠶᠠ ᠨᠢᠭᠡ ᠨᠢ ᠰᠠᠷᠬᠤᠳ ᠲᠤ ᠬᠠᠯᠠᠰᠴᠤ ᠰᠠᠨᠠᠭ᠎ᠠ ᠬᠦᠭᠰᠡᠭᠰᠡᠨ ᠬᠠᠷᠠᠭᠳᠠᠳᠠᠭ ᠴᠤ ᠠᠬᠠᠮᠠᠳ ᠨᠢᠭᠡ ᠨᠢ | ᠦᠭᠡ ᠪᠠᠷ ᠳᠤᠬᠢᠬᠤ ᠪᠤᠶᠤ ᠬᠤᠭᠤᠯᠠᠢ ᠵᠠᠰᠠᠭᠠᠳ ᠠᠪᠬᠤ ᠳᠤ ᠯᠡ ᠪᠡᠶ᠎ᠡ ᠪᠠᠨ ᠪᠠᠷᠢᠵᠤ ᠰᠠᠭᠤᠳᠠᠯ ᠢᠶᠠᠨ ᠵᠠᠰᠠᠨ ᠲᠦᠯᠦᠪ | ᠲᠦᠪᠰᠢᠨ ᠪᠠᠶᠢᠳᠠᠯ ᠳᠤ ᠤᠷᠤᠳᠠᠭ᠃ ᠨᠠᠶᠢᠷ ᠤᠨ ᠶᠠᠪᠤᠴᠠ ᠳᠤ ᠦᠰᠪᠦᠷᠢ ᠬᠡᠦᠬᠡᠳ ᠢ ᠤᠷᠤᠭᠤᠯᠵᠤ ᠨᠠᠶᠢᠷ ᠲᠤ ᠰᠠᠭᠤᠭ᠎ᠠ | ᠨᠠᠰᠤᠲᠠᠶᠢᠴᠤᠳ ᠤᠨ ᠦᠶ᠎ᠡ ᠳᠠᠭᠤᠳᠠᠯᠭ᠎ᠠ ᠶᠢ ᠲᠠᠨᠢᠭᠤᠯᠤᠨ ᠠᠷᠢᠬᠢ ᠪᠠᠷᠢᠭᠤᠯᠬᠤ ᠳᠤ ᠤᠯᠠᠨ ᠢᠶᠠᠷ ᠢᠶᠠᠨ ᠬᠡᠦᠬᠡᠳ ᠤᠨ | ᠵᠢᠰᠦᠯᠢᠭ᠂ ᠰᠡᠷᠭᠦᠯᠡᠩ᠂ ᠬᠢᠷᠠᠬᠠᠢ᠂ ᠴᠤᠪᠤᠭᠤ ᠶᠢ ᠮᠠᠭᠲᠠᠵᠤ ᠰᠠᠶᠢᠨ ᠰᠠᠶᠢᠬᠠᠨ ᠢ ᠨᠢ ᠢᠷᠦᠭᠡᠳᠡᠭ᠃ ᠨᠠᠶᠢᠷ ᠤᠨ ᠰᠢᠷᠡᠭᠡᠨ | ᠳᠤ ᠨᠠᠷᠬᠢᠶᠠᠨ ᠬᠦᠭᠵᠢᠶᠠᠨ ᠲᠠᠢ ᠪᠠᠶᠢᠭᠰᠠᠨ ᠴᠤ ᠬᠡᠦᠬᠡᠳ ᠤᠷᠤᠭᠠᠳ ᠢᠷᠡᠬᠦ ᠳᠤ ᠯᠡ ᠨᠠᠮ ᠪᠤᠯᠵᠤ᠂ ᠨᠠᠰᠤ ᠨᠠᠮᠪᠠ ᠬᠤᠶᠠᠷ | ᠨᠢ ᠶᠠᠭ ᠲᠡᠩᠴᠡᠭᠰᠡᠨ ᠰᠠᠶᠢᠬᠠᠨ ᠰᠠᠶᠢᠬᠠᠨ ᠲᠤᠮᠤᠭᠠᠲᠠᠳ ᠰᠠᠭᠤᠵᠤ ᠯᠡ ᠪᠠᠶᠢᠳᠠᠭ᠃ ᠴᠤᠬᠤᠮ ᠬᠦᠮᠦᠨ ᠪᠤᠯᠵᠤ | ᠠᠮᠢᠳᠤᠷᠠᠬᠤ ᠶᠢᠨ ᠮᠡᠷᠭᠡᠨ ᠵᠠᠮᠴᠢ ᠬᠦᠮᠦᠰ ᠳ᠋ᠠ︕ | ᠠᠶᠢᠯ ᠠᠮᠢᠳᠤᠷᠠᠯ ᠤᠨ ᠪᠠᠶᠢᠳᠠᠯ ᠤᠨᠳᠤᠤ᠂ ᠪᠠᠶᠠᠨ ᠶᠠᠳᠠᠭᠤ ᠶᠢᠨ ᠵᠦᠷᠢᠶ᠎ᠡ ᠪᠠᠶᠢᠳᠠᠭ ᠴᠤ ᠪᠢᠲᠡᠭᠦᠯᠡᠵᠦ ᠰᠢᠨᠡᠯᠡᠬᠦ | ᠵᠠᠩᠰᠢᠯ ᠨᠢ ᠦᠨᠳᠦᠰᠦᠨ ᠳᠡᠭᠡᠨ ᠠᠳᠠᠯᠢ ᠪᠠᠶᠢᠵᠤ ᠦᠶ᠎ᠡ ᠨᠠᠰᠤ ᠬᠤᠶᠠᠷ ᠢ ᠬᠦᠨᠳᠦᠯᠡᠵᠦ᠂ ᠬᠦᠳᠡᠯᠮᠤᠷᠢ ᠵᠢᠷᠤᠮ ᠬᠤᠶᠠᠷ ᠢ | ᠳᠡᠭᠡᠳᠦᠯᠡᠵᠦ ᠪᠠᠶᠢᠳᠠᠭ᠃ ᠠᠶᠢᠯ ᠰᠠᠭᠠᠬᠠᠯᠲᠠ ᠳᠤᠨᠢ ᠡᠪᠡᠳᠴᠢᠨ ᠬᠠᠭᠤᠴᠢᠨ ᠲᠠᠢ ᠬᠦᠮᠦᠨ ᠪᠤᠶᠤ ᠭᠤᠨᠢ ᠪᠡᠶ᠎ᠡ ᠨᠠᠰᠤᠳᠠᠨ | ᠲᠠᠢ ᠪᠤᠯ ᠪᠢᠲᠡᠭᠦᠨ ᠠᠴᠠ ᠤᠷᠢᠳᠠᠭᠤᠷᠬᠠᠨ ᠭᠡᠷ ᠲᠡᠷᠬᠡ ᠶᠢ ᠨᠢ ᠬᠠᠪᠰᠤᠷᠤᠨ ᠴᠡᠪᠡᠷᠯᠡᠵᠤ ᠠᠷᠭᠠᠯ ᠲᠦᠯᠡᠰᠢ ᠶᠢ ᠨᠢ | ᠤᠶᠢᠷᠠᠲᠤᠭᠤᠯᠵᠤ᠂ ᠬᠤᠭᠰᠢᠯ ᠨᠢᠮᠭᠡᠨ ᠨᠢᠭᠡ ᠳᠤᠨᠢ ᠫᠢᠯᠠᠨ ᠤ ᠬᠤᠷᠤᠳ᠂ ᠱᠦᠯᠦᠨ ᠤ ᠮᠢᠬ᠎ᠠ ᠬᠦᠷᠭᠡᠵᠤ ᠦᠭᠳᠡᠭ᠃ | ᠲᠤᠰᠬᠠᠢ ᠮᠠᠯ ᠤᠨ ᠬᠦᠮᠦᠨ ᠲᠠᠢ ᠠᠶᠢᠯ ᠪᠤᠯ ᠪᠢᠲᠡᠭᠦᠯᠡᠵᠦ ᠰᠢᠨᠡᠯᠡᠬᠦ ᠳᠡᠭᠡᠨ ᠮᠠᠯ ᠤᠨ ᠬᠦᠮᠦᠨ ᠢᠶᠠᠨ ᠵᠤᠴᠢᠯᠠᠨ ᠬᠦᠨᠳᠦᠯᠡᠵᠦ | ᠂ ︽ᠰᠢᠨ᠎ᠡ︾ ᠬᠠᠭᠤᠴᠢᠷᠠᠬᠤ ᠠᠴᠠ ᠡᠮᠦᠨ᠎ᠡ ᠵᠠᠪᠠᠯ ᠬᠤᠶᠠᠷ ᠡᠳᠦᠷ ᠠᠮᠠᠷᠠᠭᠤᠯᠵᠤ ᠭᠡᠷ ᠤᠨ ᠡᠵᠡᠨ ᠦᠪᠡᠷ ᠢᠶᠠᠨ ᠪᠤᠶᠤ | ᠭᠤᠤᠯ ᠬᠦᠳᠡᠯᠮᠤᠷᠢ ᠬᠦᠴᠦᠨ ᠪᠤᠯᠬᠤ ᠨᠢᠭᠡ ᠨᠢ ᠦᠰᠴᠦ ᠪᠤᠢ ᠬᠡᠦᠬᠡᠳ ᠳᠡᠭᠦᠦᠨᠡᠷ ᠢᠶᠠᠨ ᠳᠠᠭᠠᠭᠤᠯᠵᠤ ᠮᠠᠯ ᠳᠤ ᠶᠠᠪᠤᠨ᠎ᠠ᠃ | ᠬᠡᠨ ᠨᠢᠭᠡ ᠨᠢ ᠦᠪᠡᠷ ᠤᠨ ᠪᠤᠶᠤ ᠪᠤᠰᠤᠳ ᠤᠨ ᠮᠠᠯ ᠢ ᠬᠠᠷᠢᠭᠤᠯᠳᠠᠭ ᠪᠤᠯ ᠮᠦᠨ ᠰᠢᠨ᠎ᠡ ᠬᠠᠭᠤᠴᠢᠷᠠᠬᠤ ᠠᠴᠠ ᠡᠮᠦᠨ᠎ᠡ | ᠠᠬ᠎ᠠ ᠳᠡᠬᠦᠦ ᠨᠢ ᠪᠤᠶᠤ ᠬᠡᠦᠬᠡᠳ ᠨᠢ ᠤᠷᠤᠨ ᠳᠤᠨᠢ ᠮᠠᠯ ᠳᠤ ᠶᠠᠪᠤᠵᠤ ᠬᠤᠨᠢᠴᠢᠨ ᠦᠬᠡᠷᠴᠢᠨ ᠢᠶᠠᠨ ᠠᠮᠠᠷᠠᠭᠤᠯᠤᠨ᠎ᠠ᠃ | ᠬᠤᠨᠢᠴᠢᠨ ᠦᠬᠡᠷᠴᠢᠨ ᠵᠡᠷᠭᠡ ᠠᠵᠢᠯ ᠤᠨ ᠬᠦᠮᠦᠰ ᠨᠢ ᠭᠡᠷ ᠤᠨ ᠬᠦᠮᠦᠨ ᠪᠤᠶᠤ ᠡᠵᠡᠨ ᠠᠶᠢᠯ ᠤᠨ ᠢᠶᠠᠨ ᠬᠠᠯᠠᠮᠵᠢ ᠪᠠᠷ | ᠬᠡᠳᠦᠨ ᠡᠳᠦᠷ ᠬᠦᠯ ᠠᠮᠠᠷᠠᠨ ᠴᠠᠭᠠᠨ ᠰᠠᠷ᠎ᠠ ᠶᠢᠨ ᠬᠦᠷ ᠪᠠᠶᠠᠷ ᠢ ᠪᠤᠰᠤᠳ ᠲᠠᠢ ᠠᠳᠠᠯᠢᠬᠠᠨ ᠬᠦᠷᠳᠡᠳᠡᠭ᠃ ᠬᠡᠦᠬᠡᠳ | ᠳᠡᠭᠦᠦ ᠨᠡᠷ ᠢᠶᠠᠨ ᠳᠠᠭᠠᠭᠤᠯᠤᠨ ᠬᠤᠨᠢ ᠮᠠᠯ ᠬᠠᠷᠢᠭᠤᠯᠵᠦ ᠶᠠᠪᠤᠬᠤ ᠳᠠᠭᠠᠨ ᠤᠪᠤᠭ᠎ᠠ ᠪᠤᠯᠠᠭ᠂ ᠤᠰᠤ ᠪᠡᠯᠴᠢᠭᠡᠷ᠂ ᠤᠯᠠᠭ᠎ᠠ | ᠵᠠᠮ ᠢᠶᠠᠨ ᠲᠠᠨᠢᠭᠤᠯᠵᠤ᠂ ᠲᠡᠭᠷᠢ ᠶᠢᠨ ᠪᠠᠶᠢᠳᠠᠯ᠂ ᠮᠠᠯ ᠤᠨ ᠠᠷᠠᠨᠰᠢ ᠳᠤ ᠬᠦᠷᠲᠠᠯ᠎ᠠ ᠶᠠᠷᠢᠵᠤ ᠶᠠᠪᠤᠳᠠᠭ ᠲᠡᠶᠢᠮᠦ ᠬᠤᠯᠠ ᠶᠢᠨ | ᠤᠬᠠᠭᠠᠨ ᠲᠠᠢ ᠵᠢᠷ ᠤᠨ ᠮᠠᠯᠴᠢᠨ ᠮᠠᠨᠠᠶᠢᠬᠢᠨ ᠳᠤ ᠵᠦᠩᠳᠡᠭᠡᠨ ᠯᠡ ᠪᠠᠶᠢᠭᠰᠠᠨ ᠳ᠋ᠠ᠃ ᠲᠡᠶᠢᠨᠬᠦ ᠰᠠᠷ᠎ᠠ ᠰᠢᠨ᠎ᠡ ᠶᠢᠨ ᠴᠠᠭ | ᠢᠶᠠᠷ ᠡᠴᠢᠭᠡ ᠪᠠᠨ ᠳᠠᠭᠠᠵᠤ ᠪᠤᠰᠤᠳ ᠤᠨ ᠤᠷᠤᠨ ᠳᠤ ᠮᠠᠯ ᠳᠤ ᠶᠠᠪᠤᠭᠰᠠᠨ ᠬᠡᠦᠬᠡᠳ᠂ ᠡᠰᠡᠪᠡᠯ ᠡᠴᠢᠭᠡ᠂ ᠠᠬ᠎ᠠ ᠪᠠᠨ | ᠤᠷᠤᠯᠠᠨ ᠬᠡᠭᠡᠷ᠎ᠡ ᠶᠢᠨ ᠵᠢᠪᠠᠷ ᠲᠤ ᠮᠠᠯ ᠲᠠᠭᠤᠭᠰᠠᠨ ᠬᠡᠦᠬᠡᠳ ᠰᠠᠶ᠋ᠢ ᠬᠦᠳᠡᠯᠮᠤᠷᠢ ᠶᠢ ᠡᠷᠬᠢᠮᠯᠡᠳᠡᠭ ᠰᠠᠶᠢᠬᠠᠨ ᠰᠤᠷᠲᠠᠯ᠂ | ᠪᠤᠰᠤᠳ ᠢ ᠬᠠᠯᠠᠮᠵᠢᠯᠠᠳᠠᠭ ᠠᠷᠢᠭᠤᠨ ᠰᠡᠳᠬᠢᠯ᠂ ᠠᠮᠢᠳᠤᠷᠠᠯ ᠢ ᠨᠠᠨᠳᠢᠩᠨᠠᠳᠠᠭ ᠮᠡᠷᠭᠡᠨ ᠤᠬᠠᠭᠠᠨ ᠲᠠᠢ ᠬᠦᠮᠦᠨ ᠪᠤᠯᠵᠤ | ᠦᠰᠳᠡᠭ ᠠᠵᠠᠢ᠃ | ᠰᠢᠨ᠎ᠡ ᠶᠢᠨ ᠴᠠᠭ ᠲᠤ ︽ᠰᠢᠪᠠᠭᠠᠰᠤ ᠲᠠᠢ ᠠᠷᠭᠠᠯ ᠳᠡᠭᠡᠷ᠎ᠡ ᠴᠤ ᠪᠠᠭᠤᠵᠤ᠂ ᠱᠠᠯᠳᠠᠩ ᠬᠦᠮᠦᠨ ᠲᠠᠢ ᠴᠤ | ᠵᠤᠯᠭᠠᠨ᠎ᠠ︾ ᠭᠡᠵᠦ ᠬᠡᠯᠡᠳᠡᠭ ᠪᠤᠯᠪᠠᠴᠤ ᠴᠠᠭ᠎ᠠ ᠭᠠᠰᠢᠭᠤ ᠲᠠᠢ ᠠᠶᠢᠯ ᠳᠤ ᠬᠦᠷᠴᠦ ᠪᠢᠲᠡᠭᠦᠯᠡᠵᠦ ᠰᠢᠨᠡᠯᠡᠳᠡᠭ ᠦᠭᠡᠢ᠂ | ᠬᠠᠷᠢᠨ ᠨᠠᠰᠤ ᠲᠤᠮᠤᠭ᠎ᠠ ᠲᠠᠢ ᠬᠦᠮᠦᠰ ᠨᠢ ᠪᠢᠲᠡᠭᠦᠨ ᠠᠴᠠ ᠤᠷᠢᠳᠠᠭᠤᠷᠬᠠᠨ ᠪᠤᠶᠤ ᠰᠢᠨ᠎ᠡ ᠶᠢᠨ ᠨᠢᠭᠡᠨ ᠬᠤᠶᠠᠷ ᠠᠴᠠ | ᠬᠤᠶᠢᠰᠢ ᠴᠭᠠ ᠭᠠᠰᠢᠭᠤ ᠲᠠᠢ ᠠᠶᠢᠯ ᠳᠤ ᠬᠦᠷᠴᠤ ᠪᠤᠯᠭᠤᠭᠠᠨ ᠲᠤᠬᠢᠨᠠᠭᠤᠯᠳᠠᠭ᠃ ᠬᠡᠴᠢᠨᠡᠨ ᠪᠠᠶᠠᠷ ᠭᠦᠷ ᠲᠠᠢ ᠪᠠᠶᠢᠭᠰᠠᠨ | ᠴᠤ ᠴᠠᠭ᠎ᠠ ᠲᠠᠢ ᠰᠢᠨᠡᠯᠡᠬᠦ ᠬᠦᠮᠦᠨ ᠤ ᠳᠡᠷᠭᠡᠳᠡ ᠳᠦᠯᠬᠡᠨ ᠳᠠᠷᠤᠤ ᠪᠠᠶᠢᠵᠤ᠂ ᠪᠤᠰᠤᠳ ᠤᠨ ᠤᠢ ᠭᠠᠰᠢᠭᠤ ᠶᠢ ᠬᠦᠨᠳᠡᠵᠦ | ᠰᠡᠳᠬᠢᠯ ᠢ ᠨᠢ ᠡᠮᠵᠢᠭᠯᠡᠭᠦᠯᠬᠦ ᠠᠴᠠ ᠪᠤᠯᠭᠤᠮᠵᠢᠯᠠᠳᠠᠭ᠃ ᠬᠡᠦᠬᠡᠳ ᠪᠠᠭᠠᠴᠤᠤᠯ ᠳᠠᠭᠠᠨ ᠴᠠᠭ᠎ᠠ ᠴᠡᠭᠡᠷ ᠤᠨ ᠤᠴᠢᠷ ᠢ | ᠲᠠᠨᠢᠭᠤᠯᠵᠤ᠂ ᠮᠡᠳᠡᠭᠡ ᠦᠭᠡᠢ ᠪᠠᠷ ᠪᠤᠰᠤᠳ ᠲᠤ ᠶᠤᠰᠤ ᠠᠯᠳᠠᠬᠤ ᠠᠴᠠ ᠰᠡᠷᠭᠡᠶᠢᠯᠡᠳᠡᠭ᠃ ᠴᠠᠭ᠎ᠠ ᠴᠡᠭᠡᠷ ᠲᠠᠢ ᠠᠶᠢᠯ ᠤᠨ | ᠬᠦᠮᠦᠰ ᠨᠢ ᠪᠤᠷᠬᠠᠨ ᠲᠡᠭᠷᠢ ᠪᠠ ᠲᠠᠯᠠᠶᠢᠭᠠᠴᠢ ᠳᠠᠭᠠᠨ ᠬᠦᠵᠢ ᠵᠤᠯᠠ ᠪᠠᠷᠢᠵᠤ᠂ ᠢᠳᠡᠭᠡᠨ ᠤ ᠳᠡᠭᠡᠵᠢ ᠡᠷᠭᠦᠳᠡᠭ ᠴᠤ | ᠪᠤᠰᠤᠳ ᠤᠨ ᠠᠮᠤᠷ ᠢ ᠡᠷᠢᠨ ᠵᠤᠯᠭᠠᠬᠤ ᠦᠭᠡᠢ᠂ ᠨᠠᠶᠢᠷ ᠬᠦᠭᠵᠢᠶᠡᠨ ᠳᠤ ᠤᠷᠤᠯᠴᠠᠬᠤ ᠦᠭᠡᠢ ᠪᠠᠶᠢᠵᠤ ᠶᠤᠰᠤ ᠴᠡᠭᠡᠷ | ᠢᠶᠠᠨ ᠴᠢᠩᠭ᠎ᠠ ᠰᠠᠬᠢᠳᠠᠭ᠃ | ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠷ ᠳᠤᠷᠤᠢ ᠮᠠᠯ ᠪᠠ ᠲᠦᠯ ᠰᠠᠶᠢᠲᠠᠢ ᠡᠴᠢᠬᠡ ᠡᠬᠡ ᠮᠠᠯ ᠢ ᠶᠡᠷᠦ ᠶᠢᠨ | ᠴᠠᠭ ᠠᠴᠠ ᠢᠯᠡᠭᠦᠦ ᠬᠠᠷᠠᠭᠠᠯᠵᠠᠵᠤ᠂ ᠲᠠᠷᠬᠠᠯᠠᠭᠰᠠᠨ᠂ ᠰᠡᠲᠡᠷᠯᠡᠭᠰᠡᠨ ᠮᠠᠯ ᠢ ᠬᠦᠮᠦᠨ ᠤ ᠦᠪᠡᠷ ᠤᠨ ᠢᠯᠭᠠᠯ ᠦᠭᠡᠢ | ᠬᠠᠮᠢᠭ᠎ᠠ ᠪᠤᠯᠪᠠᠴᠤ ᠮᠠᠭᠲᠠᠵᠤ ᠢᠷᠦᠭᠡᠵᠦ ᠯᠡ ᠪᠠᠶᠢᠳᠠᠭ᠃ ᠤᠯᠠᠩᠬᠢ ᠠᠶᠢᠯ ᠴᠠᠭᠠᠨ ᠰᠠᠷ᠎ᠠ ᠶᠢᠨ ᠠᠷᠪᠠᠨ ᠲᠠᠪᠤᠨ ᠳᠤ ᠪᠤᠶᠤ | ᠠᠷᠪᠠᠨ ᠲᠠᠪᠤᠨ ᠤ ᠡᠮᠦᠨ᠎ᠡ ᠬᠤᠶᠢᠨᠠᠬᠢ ᠡᠳᠦᠷ ᠠᠴᠠ ᠰᠤᠩᠭᠤᠵᠤ ᠮᠠᠯ ᠢᠶᠠᠨ ᠰᠢᠨᠡᠯᠡᠭᠦᠯᠦᠨ᠎ᠡ᠃ ᠮᠠᠯ ᠰᠢᠨᠡᠯᠡᠭᠦᠯᠬᠦ ᠡᠳᠦᠷ | ᠪᠤᠯ ᠬᠡᠦᠬᠡᠳ ᠪᠠᠭᠠᠴᠤᠤᠯ ᠤᠨ ᠪᠠᠶᠠᠷ ᠲᠠᠢ ᠪᠦᠭᠡᠳ ᠬᠦᠷᠲᠡᠭᠡᠯ ᠲᠠᠢ ᠨᠢᠭᠡᠨ ᠡᠳᠦᠷ ᠪᠤᠯᠤᠨ᠎ᠠ᠃ ᠲᠡᠳᠡ ᠠᠬᠠᠮᠠᠳ ᠢᠶᠠᠨ | ᠳᠠᠭᠠᠵᠤ ᠮᠤᠷᠢᠨ ᠤᠶᠠᠭ᠎ᠠ᠂ ᠬᠤᠳᠳᠤᠭ ᠤᠰᠤ᠂ ᠬᠠᠰᠢᠶ᠎ᠠ ᠰᠠᠷᠠᠪᠴᠢ ᠵᠡᠷᠭᠡ ᠮᠠᠯ ᠤᠨ ᠠᠮᠢᠳᠤᠷᠠᠯ ᠤᠨ ᠤᠷᠴᠢᠨ ᠢ | ᠴᠡᠪᠡᠷᠯᠡᠬᠦ ᠠᠵᠢᠯ ᠳᠤ ᠬᠠᠮᠵᠢᠯᠴᠠᠨ᠎ᠠ᠃ ᠠᠳᠤᠭᠤᠨ ᠲᠠᠮᠠᠭ᠎ᠠ᠂ ᠲᠦᠯ ᠤᠨ ᠤᠭᠤᠲᠠ ᠵᠡᠷᠭᠡ ᠮᠠᠯᠵᠢᠯ ᠤᠨ ᠴᠢᠬᠤᠯᠠ | ᠬᠡᠷᠡᠭᠰᠡᠯ ᠢ ᠪᠡᠯᠭᠡᠰᠢᠶᠡᠨ ᠮᠢᠯᠢᠶᠠᠬᠤ᠂ ᠬᠤᠳᠳᠤᠭ ᠤᠰᠤᠨ ᠳᠡᠭᠡᠷ᠎ᠡ ᠬᠡᠰᠢᠭ ᠬᠤᠷᠤᠶᠢᠯᠠᠬᠤ ᠵᠢᠴᠢ ᠮᠠᠯ ᠤᠨ ᠴᠤᠪᠤᠭ᠎ᠠ ᠪᠠ | ᠬᠤᠷᠤᠭ᠎ᠠ ᠬᠡᠪᠲᠡᠷᠢ ᠶᠢᠨ ᠡᠭᠦᠳᠡᠨ ᠳᠤ ᠠᠬᠢ ᠭᠠᠩᠭ᠎ᠠ ᠠᠷᠴᠠ ᠦᠨᠦᠷᠲᠡᠨ ᠢ ᠡᠭᠦᠰᠬᠡᠨ ᠰᠦᠷᠦᠭ ᠢᠶᠠᠨ ᠠᠷᠢᠭᠤᠯᠠᠬᠤ ᠶᠢ | ᠬᠠᠷᠠᠵᠤ ᠡᠴᠢᠨ᠎ᠡ ᠭᠦᠨ ᠤᠴᠢᠷ ᠤᠳᠬ᠎ᠠ ᠶᠢ ᠨᠢ ᠭᠠᠶᠢᠬᠠᠨ ᠠᠰᠠᠭᠤᠵᠠᠭᠠᠨᠠ᠃ ᠪᠡᠯᠴᠢᠭᠡᠷ ᠲᠤ ᠭᠠᠷᠤᠭ᠎ᠠ ᠦᠭᠡᠢ | ᠲᠡᠵᠢᠭᠡᠪᠦᠷᠢ ᠪᠠ ᠡᠷᠲᠡ ᠶᠢᠨ ᠲᠦᠯ ᠢ ᠡᠩ ᠤᠨ ᠡᠳᠦᠷ ᠠᠴᠠ ᠢᠯᠡᠭᠦᠦ ᠬᠠᠷᠠᠭᠠᠯᠵᠠᠬᠤ ᠡᠭᠦᠷᠭᠡ ᠬᠦᠯᠢᠶᠡᠵᠦ ᠬᠤᠷᠠᠭ᠎ᠠ | ᠤᠭᠵᠢᠵᠦ᠂ ᠲᠡᠵᠢᠭᠡᠪᠦᠷᠢ ᠤᠰᠤᠯᠠᠨ᠎ᠠ᠃ ᠨᠠᠰᠤᠲᠠᠨ ᠲᠤᠮᠤᠭᠠᠳᠠᠨ ᠨᠢ ᠰᠦᠷᠦᠭ ᠤᠨ ᠲᠦᠷᠦᠭᠦᠦ ᠪᠠ ᠭᠠᠪᠢᠶᠠᠲᠤ ᠮᠠᠯ ᠢᠶᠠᠨ | ᠮᠢᠯᠢᠶᠡᠨ ᠮᠠᠯ ᠰᠦᠷᠦᠭ ᠤᠨ ᠢᠶᠠᠨ ᠦᠨᠢᠷ ᠦᠰᠴᠤ ᠠᠶᠢᠯ ᠠᠮᠢᠳᠤᠷᠠᠯ ᠤᠨ ᠢᠶᠠᠨ ᠦᠭᠡᠳᠡ ᠬᠡᠶᠢᠮᠤᠷᠢ ᠲᠠᠢ ᠪᠠᠶᠢᠬᠤ ᠶᠢ | ᠢᠷᠦᠬᠡᠨ ᠵᠦᠩᠨᠠᠵᠡᠭᠡᠬᠦ ᠳᠤ ᠪᠠᠯᠴᠢᠷ ᠪᠠᠭᠠᠴᠤᠤᠯ ᠨᠢ ︽ᠰᠢᠨ᠎ᠡ ᠶᠢᠨ ᠨᠢᠭᠡᠨ ᠰᠢᠷᠡᠭᠡᠨ ᠳᠡᠭᠡᠷ᠎ᠡ᠂ ᠱᠢᠷᠦᠮᠡᠨ ᠱᠠᠬᠤᠤ ᠴᠤᠭ | ᠳᠡᠭᠡᠷ᠎ᠡ᠂ ᠬᠤᠷᠤᠢ ᠬᠤᠷᠤᠢ ᠬᠤᠳᠳᠤᠭ ᠳᠡᠭᠡᠷ᠎ᠡ᠂ ᠬᠤᠷᠠᠭᠠᠨ ᠮᠠᠯᠠᠭᠠᠢ ᠲᠤᠬᠤᠨ ᠳᠡᠭᠡᠷ᠎ᠡ︾ ᠭᠡᠵᠤ ᠠᠮᠠᠨ ᠨᠠᠶᠢᠷᠠᠭ | ᠤᠩᠰᠢᠨ ᠬᠦᠭᠡᠷᠦᠯᠳᠡᠵᠦ᠂ ᠬᠦᠳᠡᠯᠮᠤᠷᠢ ᠶᠢᠨ ᠳᠤᠮᠳᠠ ᠠᠴᠠ ᠬᠦᠳᠡᠯᠮᠤᠷᠢ ᠶᠢ᠂ ᠠᠮᠢᠳᠤᠷᠠᠯ ᠤᠨ ᠳᠤᠮᠳᠠ ᠠᠴᠠ ᠠᠮᠢᠳᠤᠷᠠᠯ | ᠢ ᠰᠤᠷᠤᠨ᠎ᠠ᠃ ᠡᠶᠢᠨᠬᠦ ᠠᠮᠢ ᠠᠮᠢᠳᠤᠷᠠᠯ ᠤᠨ ᠢᠷᠡᠯᠲᠡ ᠪᠤᠯᠤᠭᠰᠠᠨ ᠮᠠᠯ ᠰᠦᠷᠦᠭ ᠲᠡᠭᠡᠨ ᠡᠭᠡᠯᠢᠲᠡᠢ᠂ ᠮᠠᠯᠴᠢᠨ ᠠᠮᠢᠳᠤᠷᠠᠯ | ᠳᠠᠭᠠᠨ ᠬᠠᠶᠢᠷᠠᠲᠠᠢ᠂ ᠮᠠᠯᠵᠢᠯ ᠤᠨ ᠰᠤᠶᠤᠯ ᠤᠨ ᠢᠶᠠᠨ ᠨᠠᠷᠢᠨ ᠠᠭᠤᠯᠭ᠎ᠠ ᠶᠢ ᠮᠡᠳᠡᠳᠡᠭ ᠦᠩᠰᠢᠭ ᠰᠠᠶᠢᠬᠠᠨ ᠰᠡᠳᠬᠢᠯ ᠲᠠᠢ | ᠰᠢᠨ᠎ᠡ ᠦᠶ᠎ᠡ ᠶᠢᠨ ᠮᠤᠩᠭᠤᠯ ᠬᠦᠮᠦᠨ ᠭᠤᠯᠤᠮᠲᠠ ᠵᠠᠯᠭᠠᠨ ᠦᠰᠦᠨ᠎ᠡ᠃ | ᠮᠤᠩᠭᠤᠯᠴᠤᠳ ᠰᠢᠨᠡᠬᠡᠨ ᠠᠶᠢᠯ ᠪᠤᠯᠤᠭᠰᠠᠨ ᠪᠤᠶᠤ ᠰᠠᠶ᠋ᠢᠬᠠᠨ ᠭᠠᠯ ᠭᠤᠯᠤᠮᠲᠠ ᠰᠠᠯᠭᠠᠭᠰᠠᠨ ᠵᠠᠯᠠᠭᠤᠰ ᠤᠨ ᠢᠶᠠᠨ | ᠠᠮᠢᠳᠤᠷᠠᠯ ᠤᠨ ᠤᠬᠠᠭᠠᠨ ᠳᠡᠮ ᠢ ᠰᠢᠯᠭᠠᠬᠤ ᠳᠠᠭᠠᠨ ︽ᠵᠢᠯ ᠰᠠᠷ᠎ᠠ︾ ᠪᠠᠨ ᠶᠠᠭᠠᠬᠢᠵᠦ ᠦᠩᠭᠡᠷᠡᠬᠡᠬᠦ ᠶᠢ ᠨᠢ ᠬᠠᠷᠠᠭᠠᠳ | ᠮᠡᠳᠡᠴᠢᠬᠡᠳᠡᠭ᠃ ᠰᠤᠷᠭᠠᠯ ᠲᠠᠢ ᠠᠶᠢᠯ ᠤᠨ ᠤᠬᠠᠭᠠᠯᠢᠭ ᠵᠠᠯᠠᠭᠤᠰ ᠪᠤᠯ ᠰᠢᠨᠡᠬᠡᠨ ᠠᠶᠢᠯ ᠪᠤᠯᠤᠭᠰᠠᠨ ᠠᠩᠬᠠᠳᠠᠭᠴᠢ ᠴᠠᠭᠠᠨ | ᠰᠠᠷ᠎ᠠ ᠳᠠᠭᠠᠨ ᠠᠪᠤ ᠡᠵᠢ ᠪᠠᠨ ᠦᠯᠢᠭᠡᠷᠯᠡᠨ ᠮᠦᠷᠳᠡᠵᠦ᠂ ᠭᠠᠯ ᠳᠠᠬᠢᠬᠤ᠂ ᠪᠢᠳᠡᠭᠦᠯᠡᠭᠦ᠂ ᠰᠢᠨᠡᠯᠡᠬᠦ ᠪᠦᠬᠦ ᠶᠠᠪᠤᠴᠠ ᠳᠤ ᠶᠠᠭ | ᠯᠠ ᠬᠠᠭᠤᠴᠢᠨ ᠠᠶᠢᠯ ᠰᠢᠭ᠋ ᠡᠶ᠎ᠡ ᠨᠠᠶᠢᠷ᠂ ᠡᠮᠬᠢ ᠳᠦᠷᠢᠮ᠂ ᠶᠤᠰᠤ ᠵᠦᠢ ᠲᠠᠢ ᠪᠠᠶᠢᠵᠤ᠂ ︽ᠰᠢᠪᠠᠭᠤᠨ ᠤ ᠪᠠᠭ᠎ᠠ ᠨᠢ | ᠵᠢᠷᠬᠢᠳᠡᠭ ᠪᠢᠯᠡ︾ ᠭᠡᠳ ᠬᠠᠭᠤᠴᠢᠨ ᠠᠶᠢᠯ ᠠᠴᠠ ᠤᠷᠢᠳᠠᠵᠤ ᠳᠦᠪᠬᠢᠨᠡᠭᠡᠳ ᠪᠤᠰᠤᠳ ᠠᠴᠠ ᠲᠡᠷᠢᠭᠦᠯᠡᠵᠦ ᠶᠤᠰᠤ ᠵᠦᠢ | ᠪᠠᠨ ᠬᠦᠢᠴᠡᠬᠡᠬᠦ ᠶᠢ ᠬᠢᠴᠢᠶᠡᠵᠦ ᠪᠠᠶᠢᠳᠠᠭ᠃ ᠰᠢᠨᠡᠯᠡᠬᠦ ᠶᠢᠨ ᠡᠮᠦᠨ᠎ᠡ ᠬᠤᠶᠢᠨᠠᠬᠢ ᠰᠠᠷ᠎ᠠ ᠭᠠᠷᠤᠢ ᠶᠢᠨ ᠬᠤᠭᠤᠴᠠᠭᠠᠨ ᠳᠤ | ᠠᠪᠤ ᠡᠵᠢ᠂ ᠠᠪᠠᠭ᠎ᠠ ᠨᠠᠭᠠᠴᠤ᠂ ᠠᠶᠢᠯ ᠰᠠᠭᠠᠬᠠᠯᠲᠠ ᠪᠦᠬᠦᠨ ᠳᠡᠭᠡᠨ ᠳᠡᠭᠡᠲᠤ ᠠᠴᠠ ᠤᠳᠤᠮᠯᠠᠭᠰᠠᠨ ᠶᠤᠰᠤ ᠶᠢ ᠳᠠᠷᠠᠭᠠᠯᠠᠨ | ᠭᠦᠢᠴᠡᠳᠬᠡᠵᠦ᠂ ︽ᠡᠨᠡ ᠨᠤᠲᠤᠭ ᠲᠤ ᠡᠨᠡ ᠤᠳᠤᠮ ᠤᠨ ᠨᠢᠭᠡᠨ ᠠᠶᠢᠯ ᠨᠡᠮᠡᠭᠳᠡᠭᠰᠡᠨ ᠰᠢᠦ︾ ᠭᠡᠳᠡᠭ ᠢ ᠴᠢᠨᠢ ᠠᠭᠠᠰᠢ | ᠠᠵᠢᠯ ᠬᠤᠶᠠᠷ ᠢᠶᠠᠷ ᠢᠶᠠᠨ ᠨᠡᠶᠢᠬᠡᠮ ᠨᠡᠶᠢᠲᠡ ᠳᠤ ᠬᠡᠯᠡᠭᠡᠳ ᠦᠭᠭᠦᠴᠢᠬᠡᠨᠡ᠃ ᠪᠠᠯᠴᠢᠷ ᠪᠠᠭ᠎ᠠ ᠬᠡᠦᠬᠡᠳ ᠴᠤ ᠰᠢᠨᠡᠯᠡᠭᠡᠳ | ᠯᠡ ᠦᠩᠭᠡᠷᠡᠬᠦ ᠳᠤ ᠨᠠᠰᠤ ᠨᠡᠮᠡᠵᠤ᠂ ᠪᠡᠶ᠎ᠡ ᠦᠰᠴᠦ᠂ ᠲᠤᠮᠤᠭ᠎ᠠ ᠰᠠᠭᠤᠵᠤ᠂ ᠤᠬᠠᠭ᠎ᠠ ᠤᠷᠤᠭᠰᠠᠨ ᠨᠢ ᠪᠡᠶ᠎ᠡ ᠳᠤᠨᠢ | ᠮᠡᠳᠡᠭᠳᠡᠬᠦ ᠰᠢᠭ ᠪᠤᠯᠵᠤ᠂ ᠨᠠᠰᠤ ᠳᠠᠭᠠᠵᠤ ᠢᠷᠡᠬᠦ ᠠᠶᠢᠯ ᠠᠮᠢᠳᠤᠷᠠᠯ ᠤᠨ ᠡᠭᠦᠷᠬᠡ ᠬᠠᠷᠢᠭᠤᠴᠠᠯᠭ᠎ᠠ ᠶᠢ ᠬᠡᠨ ᠢᠶᠠᠷ ᠴᠤ | ᠠᠯᠪᠠᠲᠠᠭᠤᠯᠤᠯ ᠦᠬᠡᠢ ᠪᠠᠷ ᠬᠦᠯᠢᠶᠡᠭᠡᠳ ᠠᠪᠴᠢᠬᠠᠭᠰᠠᠨ ᠪᠠᠶᠢᠳᠠᠭ᠃ ᠢᠩᠬᠢᠭᠡᠳ ᠯᠡ ᠵᠢᠯ ᠵᠢᠯ ᠤᠨ ︽ᠰᠠᠷ᠎ᠠ ᠰᠢᠨ᠎ᠡ︾ | ᠪᠠᠷ ᠤᠬᠠᠭ᠎ᠠ ᠨᠡᠮᠡᠭᠦᠯᠵᠦ ᠦᠰᠦᠭᠰᠡᠨ ᠴᠡᠴᠡᠨ ᠮᠤᠩᠭᠤᠯ ᠤᠨ ᠬᠦᠪᠡᠭᠦᠳ ᠦᠬᠢᠳ ᠮᠢᠨᠢ ᠠᠪᠤ ᠡᠵᠢ ᠶᠢᠨ ᠢᠶᠠᠨ ᠭᠠᠯ | ᠭᠤᠯᠤᠮᠲᠠ ᠶᠢ ᠤᠯᠠᠰᠢᠷᠠᠭᠤᠯᠤᠨ ᠳᠠᠬᠢᠵᠤ ᠰᠢᠨ᠎ᠡ ᠠᠴᠠ ᠰᠢᠨ᠎ᠡ ᠶᠢ ᠳᠠᠮᠵᠢᠭᠰᠠᠭᠠᠷ ᠦᠨᠦᠳᠦᠷ ᠤᠨ ᠨᠠᠷᠠ ᠶᠢ ᠤᠭᠳᠤᠭᠰᠠᠨ | ᠪᠢᠯᠡ᠃ | ᠮᠤᠩᠭᠤᠯᠴᠤᠳ ᠤᠨ ᠴᠠᠭᠠᠨ ᠰᠠᠷ᠎ᠠ ᠭᠡᠳᠡᠭ ᠶᠡᠷᠦ ᠠᠴᠠ ᠨᠠᠷᠬᠢᠵᠦ ᠨᠠᠭᠠᠳᠬᠤ ᠶᠢᠨ ᠰᠢᠯᠲᠠᠭ ᠳᠡᠳᠦᠢ ᠶᠠᠭᠤᠮ᠎ᠠ | ᠪᠠᠶᠢᠭ᠎ᠠ ᠦᠭᠡᠢ᠂ ᠬᠠᠷᠢᠨ ᠠᠮᠢᠳᠤᠷᠠᠯ ᠤᠨ ᠬᠠᠮᠤᠭ ᠤᠨ ᠰᠠᠶᠢᠬᠠᠨ᠂ ᠰᠤᠶᠤᠯ ᠰᠤᠷᠲᠠᠬᠤᠨ ᠤ ᠬᠠᠮᠤᠭ ᠤᠨ ᠡᠷᠬᠢᠮ ᠢ | ᠲᠦᠪᠯᠡᠷᠡᠭᠦᠯᠦᠨ ᠢᠯᠡᠷᠬᠡᠶᠢᠯᠡᠵᠦ᠂ ᠲᠡᠷᠡᠬᠦ ᠬᠠᠮᠤᠭ ᠠᠴᠠ ᠡᠷᠬᠢᠮ ᠰᠠᠶᠢᠬᠠᠨ ᠤ ᠳᠤᠮᠳᠠ ᠬᠡᠦᠬᠡᠳ ᠢᠶᠠᠨ ᠬᠦᠮᠦᠵᠢᠭᠦᠯᠵᠦ᠂ | ᠬᠠᠮᠤᠭ ᠠᠴᠠ ᠡᠷᠬᠢᠮ ᠰᠠᠶᠢᠬᠠᠨ ᠢ ᠬᠡᠦᠬᠡᠳ ᠲᠡᠭᠡᠨ ᠤᠳᠤᠮᠰᠢᠭᠤᠯᠤᠨ ᠦᠭᠬᠦ ᠶᠤᠰᠤᠯᠠᠯ ᠪᠠᠶᠠᠷ ᠪᠠᠶᠢᠭᠰᠠᠨ ᠶᠤᠮ᠃ ᠴᠠᠭ | ᠨᠡᠶᠢᠭᠡᠮ ᠤᠨ ᠬᠤᠪᠢᠷᠠᠯ ᠭᠦᠭᠵᠢᠯ ᠢ ᠲᠠᠭᠠᠨ ᠪᠢᠳᠡᠨ ᠤ ᠪᠤᠳᠠᠰ ᠤᠨ ᠠᠮᠢᠳᠤᠷᠠᠯ ᠪᠠᠶᠠᠯᠢᠭᠵᠢᠭᠰᠠᠨ ᠴᠤ ᠤᠳᠤᠮᠳᠤ ᠰᠤᠶᠤᠯ | ᠤᠨ ᠮᠢᠨᠢ ᠨᠠᠨᠳᠢᠨ ᠵᠦᠢᠯᠡᠰ ᠪᠠᠯᠠᠷᠠᠨ ᠪᠦᠳᠡᠬᠢᠷᠡᠵᠦ ᠪᠠᠶᠢᠭ᠎ᠠ ᠨᠢ ᠳᠠᠩᠴᠤ ᠬᠠᠷᠠᠮᠰᠠᠯ ᠲᠠᠢ᠃ ᠵᠢᠯ ᠴᠠᠭᠠᠨ ᠰᠠᠷ᠎ᠠ ᠶᠢᠨ | ᠬᠤᠭᠤᠴᠠᠭ᠎ᠠ ᠶᠢ ᠬᠤᠶᠢᠴᠢ ᠦᠶ᠎ᠡ ᠪᠠᠨ ᠬᠦᠮᠦᠵᠢᠭᠦᠯᠬᠦ ᠬᠠᠮᠤᠭ ᠰᠠᠶᠢᠨ ᠳᠤᠬᠢᠶᠠᠯ ᠭᠡᠵᠦ ᠤᠶᠢᠯᠠᠭᠠᠨ ᠬᠡᠦᠬᠡᠳ ᠢᠶᠠᠨ | ᠳᠠᠭᠠᠭᠤᠯᠵᠤ ᠤᠳᠤᠮᠰᠢᠯᠲᠤ ᠵᠠᠩ ᠦᠢᠯᠡ ᠶᠢᠨ ᠦᠢᠯᠡᠳᠦᠯᠭᠡ ᠳᠤᠮᠳᠠ ᠬᠦᠮᠦᠵᠢᠬᠦᠯᠬᠦ ᠬᠦᠮᠦᠨ ᠴᠦᠭᠡᠷᠡᠵᠦ᠂ ᠦᠪᠡᠷ ᠢᠶᠠᠨ | ᠴᠤ ᠶᠤᠰᠤ ᠵᠠᠩᠰᠢᠯ ᠢᠶᠠᠨ ᠮᠡᠳᠡᠬᠦ ᠦᠭᠡᠢ ᠠᠪᠤ ᠡᠵᠢ ᠤᠯᠠᠰᠢᠷᠠᠵᠠᠢ᠃ ᠵᠤᠯᠠ ᠶᠢᠨ ᠭᠤᠤᠯ ᠤᠷᠢᠶᠠᠬᠤ᠂ ᠭᠠᠯ ᠤᠨ | ᠡᠪᠴᠢᠭᠦᠦ ᠴᠢᠮᠡᠬᠦ᠂ ᠴᠠᠰᠤᠨ ᠢᠨᠳᠡᠷ ᠲᠤ ᠮᠦᠷᠭᠦᠬᠦ᠂ ᠶᠢᠰᠦᠨ ᠬᠦᠰᠡᠯ ᠢᠶᠠᠨ ᠵᠦᠩᠨᠡᠬᠦ ᠁ ᠲᠡᠷᠡ ᠤᠯᠠᠨ ᠵᠢᠷ ᠤᠨ | ᠠᠵᠢᠯ ᠶᠡᠷᠦ ᠶᠢᠨ ᠵᠠᠩᠰᠢᠯ ᠤᠳ ᠬᠡᠳᠦᠶᠢᠪᠡᠷ ᠢᠨᠲ᠋ᠧᠷᠨᠧᠲ᠂ ᠪᠢᠴᠢᠭ ᠬᠡᠪᠯᠡᠯ ᠳᠤ ᠳᠤᠷᠠᠶᠢᠵᠤ ᠪᠠᠶᠢᠭ᠎ᠠ ᠪᠤᠯᠪᠠᠴᠤ ᠶᠠᠰᠤ | ᠴᠢᠰᠤ ᠪᠠᠷ ᠲᠠᠮᠵᠢᠨ ᠤᠳᠤᠮᠰᠢᠬᠤ ᠨᠢᠭᠡᠨ ᠬᠡᠯᠪᠡᠷᠢ ᠨᠢ ᠡᠪᠳᠡᠭᠳᠡᠭᠰᠡᠨ ᠪᠤᠯᠬᠤᠷ ᠳᠡᠭᠡᠳᠦᠰ ᠤᠨ ᠮᠢᠨᠢ ᠶᠤᠰᠤ ᠵᠠᠩᠰᠢᠯ ᠤᠨ | ᠵᠡᠮᠳᠡᠭ ᠲᠠᠮᠲᠤᠭ ᠦᠭᠡᠳᠡᠰᠦ ᠨᠦᠭᠦᠳ ᠮᠠᠨ ᠤ ᠠᠮᠢᠳᠤᠷᠠᠯ ᠳᠤ ᠰᠤᠶᠤᠯ ᠬᠡᠮᠡᠨ ᠨᠡᠷᠡᠯᠡᠭᠳᠡᠬᠦ ᠪᠤᠯᠵᠠᠢ᠃ ᠠᠯᠳᠠᠬᠤ ᠶᠢᠨ ᠢᠶᠠᠨ | ᠦᠶ᠎ᠡ ᠳᠤ ᠯᠡ ᠰᠠᠶ᠋ᠢ ᠨᠠᠨᠳᠢᠩᠨᠠᠬᠤ ᠪᠠᠨ ᠰᠠᠨᠠᠵᠤ ᠤᠯᠳᠠᠭ ᠨᠢ ᠬᠦᠮᠦᠨ ᠪᠢᠳᠡᠨ ᠤ ᠲᠡᠨᠡᠭ ᠠᠷᠠᠨᠰᠢ ᠴᠤ ᠪᠤᠯᠪᠠᠦ︖ ᠶᠠᠭᠤ | ᠴᠤ ᠪᠤᠯᠲᠤᠭᠠᠢ᠂ ᠦᠨᠦᠳᠦᠷ ᠤᠨ ᠪᠢᠳᠡ ᠪᠤᠯ ᠦᠨᠳᠦᠰᠦᠨ ᠰᠤᠶᠤᠯ ᠤᠨ ᠢᠶᠠᠨ ᠰᠡᠮᠡᠷᠡᠨ ᠭᠡᠭᠡᠭᠳᠡᠬᠦ ᠶᠢ ᠨᠢᠳᠤ ᠪᠠᠷ ᠢᠶᠠᠨ | ᠬᠠᠷᠠᠵᠤ ᠪᠠᠶᠢᠭ᠎ᠠ ᠬᠦᠮᠦᠨ᠂ ᠳᠡᠭᠡᠳᠦᠰ ᠤᠨ ᠢᠶᠠᠨ ᠶᠤᠰᠤ ᠵᠠᠩᠰᠢᠯ ᠢ ᠲᠠᠰᠤᠭ ᠪᠤᠰᠤᠭ ᠴᠤ ᠪᠤᠯᠤᠭ ᠤᠶᠢᠯᠠᠭᠠᠬᠤ ᠬᠦᠮᠦᠨ᠂ | ᠰᠢᠨ᠎ᠡ ᠴᠠᠭ ᠤᠨ ᠰᠤᠶᠤᠯ ᠤᠨ ᠵᠢᠭᠤᠴᠢᠯᠠᠭᠤᠷ ᠪᠦᠬᠦᠨ ᠢ ᠠᠰᠢᠭᠯᠠᠵᠤ ᠴᠢᠳᠠᠬᠤ ᠬᠦᠮᠦᠨ᠂ ᠦᠪᠡᠷ ᠤᠨ ᠢᠶᠠᠨ ᠰᠤᠶᠤᠯ ᠳᠤ | ᠲᠤᠯᠭᠠᠷᠠᠵᠤ ᠪᠠᠶᠢᠭ᠎ᠠ ᠠᠰᠠᠭᠤᠳᠠᠯ ᠢ ᠬᠠᠮᠤᠭ ᠲᠤᠳᠤᠷᠬᠠᠢ ᠮᠡᠳᠡᠳᠡᠭ ᠬᠦᠮᠦᠨ᠃ ᠪᠢᠳᠡ ᠯᠡ ᠳᠡᠭᠡᠳᠦᠰ ᠢᠶᠠᠨ ᠳᠠᠭᠤᠷᠢᠶᠠᠵᠤ᠂ | ᠦᠷᠡᠰ ᠢᠶᠠᠨ ᠳᠠᠭᠤᠷᠢᠶᠠᠯᠭᠠᠵᠤ ᠴᠢᠳᠠᠳᠠᠭ ᠪᠤᠯ ᠮᠠᠨ ᠤ ᠶᠤᠰᠤ ᠵᠠᠩᠰᠢᠯ ᠮᠢᠩᠭ᠎ᠠ ᠮᠢᠩᠭᠠᠨ ︽ᠰᠠᠷ᠎ᠠ ᠰᠢᠨ᠎ᠡ︾ ᠶᠢ | ᠳᠠᠮᠵᠢᠨ ᠠᠷᠢᠭᠤᠨ ᠢᠶᠠᠷ ᠦᠪᠰᠢᠬᠦ ᠪᠤᠯᠤᠨ᠎ᠠ᠃ | ᠰᠢᠷ᠎ᠠ ᠨᠤᠬᠠᠢ ᠵᠢᠯ ᠤᠨ ᠴᠠᠭᠠᠨ ᠰᠠᠷ᠎ᠠ ᠶᠢ ᠤᠭᠳᠤᠵᠤ᠂ ᠭᠠᠵᠠᠷ ᠮᠦᠩᠬᠡᠯᠡᠭᠰᠡᠨ ᠭᠠᠯ ᠭᠤᠯᠤᠮᠲᠠ ᠳᠠᠭᠠᠨ | ᠮᠦᠷᠭᠦᠮᠦ︕ ᠲᠡᠭᠷᠢ ᠳᠠᠬᠢᠭᠰᠠᠨ ᠢᠨᠳᠡᠷ ᠵᠤᠯᠠ ᠳᠠᠭᠠᠨ ᠮᠦᠷᠭᠦᠮᠦ︕ ᠴᠠᠭᠠᠨ ᠰᠠᠷ᠎ᠠ ᠶᠢ ᠭᠡᠷ ᠤᠨ ᠬᠦᠮᠦᠵᠢᠯ ᠤᠨ | ᠤᠨᠴᠠᠭᠠᠢ ᠬᠤᠭᠤᠴᠠᠭ᠎ᠠ ᠪᠤᠯᠭᠠᠵᠤ᠂ ᠵᠠᠩ ᠦᠢᠯᠡ ᠶᠢ ᠬᠢᠴᠢᠶᠡᠯ ᠳᠠᠳᠤᠯᠭ᠎ᠠ ᠶᠢᠨ ᠤᠨᠴᠠᠭᠠᠢ ᠲᠠᠯᠠᠪᠤᠷ ᠪᠤᠯᠭᠠᠵᠤ᠂ ᠠᠶᠢᠯ | ᠢᠶᠠᠷ ᠤᠳᠤᠮᠯᠠᠬᠤ ᠶᠢ ᠭᠡᠭᠡᠷᠡᠭᠦᠯᠦᠨ ᠰᠤᠷᠭᠠᠬᠤ ᠶᠢᠨ ᠤᠨᠴᠠᠭᠠᠢ ᠬᠡᠯᠪᠡᠷᠢ ᠪᠤᠯᠭᠠᠭᠰᠠᠨ ᠪᠤᠭᠤᠷᠤᠯ ᠳᠡᠭᠡᠳᠦᠰ ᠤᠨ | ᠭᠠᠶᠢᠬᠠᠮᠰᠢᠭᠲᠤ ᠤᠬᠠᠭᠠᠨ ᠳᠤ ᠰᠢᠳᠦᠨ ᠮᠦᠷᠭᠦᠮᠦ︕ ᠮᠢᠩᠭ᠎ᠠ ᠮᠢᠩᠭᠠᠨ ︽ᠴᠠᠭᠠᠨ ᠰᠠᠷ᠎ᠠ︾ ᠮᠤᠩᠭᠤᠯ ᠰᠤᠶᠤᠯ ᠤᠨ | ᠭᠠᠯ ᠪᠠᠮᠪᠠᠷ ᠢ ᠳᠠᠮᠵᠢᠭᠤᠯᠬᠤ ᠦᠷᠲᠡᠭᠡ ᠪᠤᠯᠵᠤ ᠲᠡᠦᠬᠡ ᠶᠢᠨ ᠤᠷᠲᠤ ᠳᠤ ᠳᠠᠰᠤᠷᠠᠭᠠᠨ ᠦᠭᠡᠢ ᠦᠷᠭᠦᠯᠵᠢᠯᠡᠬᠦ ᠪᠤᠯᠲᠤᠭᠠᠢ︕ | | | |