ᠴᠠᠬᠠᠷ  ᠵᠠᠩ ᠦᠢᠯᠡ  — ᠰᠦᠨ ᠬᠤᠷᠣᠳ
ᠨᠡᠶᠢᠲᠡᠯᠡᠭᠰᠡᠨ ᠴᠠᠭ᠄
2019/11/19
      ᠰᠦᠨ ᠬᠤᠷᠣᠳ ᠢ ᠬᠢᠬᠦ ᠳᠤ ᠰᠦ ᠪᠠᠨ ᠰᠢᠭᠦᠵᠦ᠂ ᠴᠡᠪᠡᠷ ᠰᠠᠪᠠᠨ ᠳᠤ ᠬᠢᠭᠡᠳ ᠵᠣᠨ ᠨᠠᠮᠣᠷ ᠪᠣᠯ1᠎ ᠠᠴᠠ2 ᠡᠳᠦᠷ᠂ ᠡᠪᠦᠯ ᠪᠣᠯ 3᠎ ᠠᠴᠠ 5 ᠡᠳᠦᠷ ᠲᠠᠯᠪᠢᠵᠤ ᠡᠭᠡᠳᠡᠭᠦᠯᠦᠨ᠎ᠡ᠃ ᠡᠭᠡᠳᠡᠭᠰᠡᠨ ᠰᠦ ᠪᠠᠨ ᠲᠣᠭᠤᠭᠠᠨ ᠳᠤ ᠬᠢᠵᠦ᠂ ᠠᠷᠭᠠᠯ ᠤᠨ ᠭᠠᠯ ᠢᠶᠠᠷ ᠬᠥᠰᠢᠭᠡᠵᠦ ᠡᠭᠡᠳᠡᠮᠰᠢᠭᠦᠯᠦᠭᠡᠳ ᠰᠢᠭᠦᠰᠦ ᠶᠢ ᠨᠢ ᠢᠳᠡᠭ ᠢᠳᠡᠭ ᠪᠠᠷ ᠢᠯᠭᠠᠷᠠᠭᠤᠯᠵᠤ ᠠᠪᠣᠨ᠎ᠠ᠃ ᠰᠢᠷ᠎ᠠ ᠰᠢᠭᠦᠰᠦ ᠨᠢ ᠪᠠᠷᠠᠭᠳᠠᠵᠤ ᠴᠠᠭᠠᠪᠳᠣᠷ ᠰᠢᠭᠦᠰᠦ ᠭᠠᠷᠬᠤ ᠦᠶᠡᠰ ᠰᠢᠭᠦᠰᠦ ᠶᠢ ᠨᠢ ᠠᠪᠬᠤ ᠪᠠᠨ ᠪᠣᠯᠢᠵᠤ ᠡᠭᠡᠳᠡᠮ ᠎ ᠢᠶᠠᠨ ᠨᠣᠬᠤᠵᠤ ᠡᠬᠢᠯᠡᠨ᠎ᠡ᠃ ᠡᠭᠡᠳᠡᠮ ᠨᠢ ᠵᠣᠩᠭᠠᠷᠠᠯᠳᠣᠨ ᠤᠨᠵᠢᠯᠳᠤᠬᠤ ᠦᠶ᠎ᠡ ᠰᠠᠶᠢᠳᠦᠷ ᠨᠡᠶᠢᠴᠡᠭᠦᠯᠦᠨ ᠨᠣᠬᠤᠵᠤ᠂ ᠴᠠᠭᠠᠨ ᠰᠢᠭᠦᠰᠦ ᠶᠢ ᠨᠢ ᠪᠡᠶ᠎ᠡ ᠳᠤ ᠨᠢ ᠰᠢᠩᠭᠡᠲᠡᠯ᠎ᠡ ᠪᠥᠭᠡᠮᠨᠡᠷᠡᠭᠦᠯᠦᠨ ᠡᠭᠰᠢᠭᠦᠯᠦᠭᠰᠡᠨ ᠤ ᠳᠠᠷᠠᠭ᠎ᠠ᠂ ᠬᠡᠪᠯᠡᠨ ᠭᠠᠷᠭᠠᠵᠤ ᠬᠠᠲᠠᠭᠠᠨ᠎ᠠ᠃ ᠥᠪᠡᠷ ᠤᠨ ᠳᠤᠷᠠᠰᠢᠯ ᠠᠴᠠ ᠰᠢᠯᠲᠠᠭᠠᠯᠠᠨ ᠡᠯᠡᠰᠦᠨ ᠰᠢᠬᠢᠷ ᠪᠣᠶᠤ ᠪᠣᠷᠠᠮ ᠵᠡᠷᠭᠡ ᠶᠢ ᠬᠢᠵᠦ᠂ ᠠᠳᠠᠯᠢ ᠪᠣᠰᠤ ᠎ ᠶᠢᠨ ᠬᠡᠯᠪᠡᠷᠢ ᠶᠠᠩᠵᠤ ᠬᠡᠪ ᠲᠤ ᠬᠡᠪᠯᠡᠨ ᠭᠠᠷᠭᠠᠳᠠᠭ᠃ ᠴᠠᠬᠠᠷ ᠨᠣᠳᠤᠭ ᠲᠤ ᠭᠤᠣᠯᠳᠠᠭᠤ ᠣᠶᠢᠷ᠎ᠠ ᠲᠥᠷᠦᠯ᠂ ᠨᠠᠰᠣᠲᠠᠨ ᠠᠬᠠᠮᠠᠳ ᠪᠣᠶᠤ ᠬᠥᠨᠳᠦᠲᠦ ᠵᠤᠴᠢᠳ ᠲᠠᠭᠠᠨ ᠪᠡᠯᠡᠭ ᠪᠣᠯᠭᠠᠨ ᠬᠦᠷᠭᠡᠬᠦ᠂ ᠡᠰᠡᠪᠡᠯ ᠵᠢᠯ ᠴᠠᠭᠠᠨ ᠰᠠᠷ᠎ᠠ ᠭᠠᠷᠭᠠᠵᠤ ᠰᠢᠨ᠎ᠡ ᠎ ᠶᠢᠨ ᠵᠤᠴᠢᠳ ᠲᠠᠭᠠᠨ ᠲᠠᠯᠪᠢᠳᠠᠭ᠃ ᠡᠶᠢᠮᠦ ᠮᠠᠶ᠋ᠢᠭ ᠤᠨ ᠬᠤᠷᠣᠳ ᠨᠢ ᠴᠠᠬᠠᠷᠴᠣᠳ ᠤᠨ ᠪᠥᠬᠦᠶᠢᠯᠡ ᠰᠦᠨ ᠢᠳᠡᠭᠡᠨ ᠤ ᠲᠥᠷᠦᠯ ᠤᠨ ᠳᠤᠮᠳᠠᠬᠢ ᠣᠬᠢ ᠱᠦᠯᠲᠦ ᠪᠥᠲᠦᠭᠡᠭᠳᠡᠭᠦᠨ ᠨᠢ ᠪᠣᠯᠬᠤ ᠶᠤᠮ᠃ ᠡᠶᠢᠮᠦ ᠠᠴᠠ ᠴᠠᠬᠠᠷᠴᠣᠳ ᠰᠦᠨ ᠬᠤᠷᠣᠳ ᠎ ᠢᠶᠠᠨ ᠬᠠᠭᠠᠨ ᠡᠵᠡᠨ᠂ ᠬᠠᠲᠤᠳ ᠳᠠᠲᠠᠪᠦᠷᠢ᠂ ᠡᠩᠡ ᠠᠪᠠᠭ᠋ᠠᠢ ᠨᠠᠷ ᠲᠤ ᠢᠳᠡᠭᠦᠯᠬᠦ ᠪᠠᠷ ᠪᠡᠯᠡᠳᠭᠡᠳᠡᠭ᠃ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号