ᠴᠠᠬᠠᠷ  ᠵᠠᠩ ᠦᠢᠯᠡ  — ᠴᠠᠭᠠᠨ ᠬᠤᠷᠣᠳ
ᠨᠡᠶᠢᠲᠡᠯᠡᠭᠰᠡᠨ ᠴᠠᠭ᠄
2019/11/19
         ᠴᠠᠭᠠᠨ ᠬᠤᠷᠣᠳ ᠪᠣᠯ ᠴᠠᠭᠠᠨ ᠢᠳᠡᠭᠡᠨ ᠤ ᠳᠣᠲᠣᠷᠠᠬᠢ ᠬᠠᠮᠤᠭ ᠤᠨ ᠳᠡᠭᠡᠳᠦ ᠢᠳᠡᠭᠡᠨ ᠶᠣᠮ᠃ ᠴᠠᠭᠠᠨ ᠬᠤᠷᠣᠳ ᠪᠣᠯ ᠠᠮᠲᠠᠲᠠᠢ᠂ ᠵᠥᠭᠡᠯᠡᠨ ᠪᠥᠭᠡᠳ ᠤᠳᠠᠭᠠᠨ ᠬᠠᠳᠠᠭᠠᠯᠠᠬᠤ ᠳᠤ ᠡᠪᠳᠡᠷᠡᠬᠦ ᠦᠭᠡᠢ᠃ ᠡᠶᠢᠮᠦ ᠠᠴᠠ ᠬᠠᠶᠢᠷᠴᠠᠭᠯᠠᠭᠰᠠᠨ ᠴᠠᠭᠠᠨ ᠬᠤᠷᠣᠳ ᠢ ᠴᠢᠩ ᠤᠯᠤᠰ ᠤᠨ ᠦᠶ᠎ᠡ ᠳᠤ ᠳᠣᠰᠠᠬᠠᠶᠢᠯᠠᠨ ᠬᠠᠭᠠᠨ ᠣᠷᠳᠣᠨ ᠳᠤ ᠬᠥᠷᠭᠡᠵᠦ ᠬᠠᠭᠠᠳ ᠨᠣᠶᠠᠳ ᠤᠨ ᠴᠠᠢ ᠶᠢᠨ ᠵᠣᠭᠤᠭ ᠪᠣᠯᠭᠠᠳᠠᠭ᠃          ᠴᠠᠭᠠᠨ ᠬᠤᠷᠣᠳ ᠢ ᠬᠢᠬᠦ ᠳᠡᠭᠡᠨ ᠡᠭᠡᠳᠡᠭᠰᠡᠨ ᠰᠦ ᠪᠠᠨ ᠬᠥᠰᠢᠭᠡᠵᠦ᠂ ᠰᠢᠷᠠᠰᠤ ᠶᠢ ᠢᠯᠭᠠᠷᠠᠭᠤᠯᠣᠭᠠᠳ ᠮᠥᠰᠦᠨ ᠰᠢᠬᠢᠷ᠂ ᠴᠠᠭᠠᠨ ᠰᠢᠬᠢᠷ᠂ ᠪᠠᠯ ᠢ ᠵᠣᠬᠢᠬᠤ ᠬᠠᠷᠢᠴᠠᠯ ᠢᠶᠠᠷ ᠬᠤᠯᠢᠵᠤ ᠨᠡᠶᠢᠴᠡᠲᠡᠯ᠎ᠡ ᠰᠠᠶᠢᠨ ᠨᠣᠬᠤᠵᠤ ᠳᠣᠰᠬᠠᠢ ᠬᠡᠪ ︵ᠭᠠᠤᠯᠢ ᠪᠣᠶᠤ ᠽᠠᠨᠳᠠᠨ ᠮᠣᠳᠤ ᠪᠠᠷ ᠬᠢᠭᠰᠡᠨ ᠶᠠᠩᠵᠤ ᠪᠦᠷᠢ ᠶᠢᠨ ᠬᠡᠯᠪᠡᠷᠢᠲᠡᠢ᠂ ᠶᠠᠩᠵᠤ ᠪᠦᠷᠢ ᠶᠢᠨ ᠬᠡ ᠤᠭᠠᠯᠵᠠ ᠪᠥᠬᠦᠢ ᠬᠡᠪ︶᠎ ᠲᠤ ᠬᠢᠵᠦ ᠳᠡᠭᠰᠢ ᠴᠡᠪᠡᠷ ᠬᠠᠪᠲᠠᠰᠣᠨ ᠳᠡᠭᠡᠷ᠎ᠡ ᠲᠠᠯᠪᠢᠨ ᠬᠡᠪᠰᠢᠭᠦᠯᠳᠡᠭ᠃ ᠬᠡᠪᠰᠢᠭᠰᠡᠨ ᠴᠠᠭᠠᠨ ᠬᠤᠷᠣᠳ ᠎ ᠢᠶᠠᠨ ᠰᠡᠭᠦᠳᠡᠷ ᠭᠠᠵᠠᠷ ᠲᠠᠯᠪᠢᠵᠤ᠂ ᠳᠠᠬᠢᠨ ᠳᠠᠪᠲᠠᠨ ᠡᠷᠭᠢᠭᠦᠯᠵᠦ ᠴᠡᠪᠡᠷ ᠣᠷᠴᠢᠨ ᠳᠤ ᠰᠠᠶᠢᠬᠠᠨ ᠬᠠᠲᠠᠭᠠᠳᠠᠭ᠃ ᠬᠠᠲᠠᠭᠰᠠᠨ ᠬᠤᠷᠣᠳ ᠢᠶᠠᠨ ᠮᠣᠳᠣᠨ ᠬᠠᠶᠢᠷᠴᠠᠭ ᠲᠤ ᠰᠠᠪᠠᠯᠠᠵᠤ ᠭᠠᠳᠠᠭᠤᠷ ᠨᠢ ᠯᠡ ᠳᠦᠷᠬᠢᠪᠡᠯ ᠬᠡᠳᠦᠢ ᠣᠳᠠᠭᠠᠨ ᠬᠠᠳᠠᠭᠠᠯᠠᠪᠠᠴᠤ ᠸᠠᠯᠠᠬᠤ ᠦᠭᠡᠢ᠃          ︽ᠪᠣᠭᠤᠮᠲᠠ ᠶᠢᠨ ᠭᠠᠳᠠᠨᠠᠬᠢ ᠭᠤᠷᠪᠠᠨ ᠲᠠᠩᠬᠢᠮ ᠤᠨ ᠲᠡᠮᠳᠡᠭᠯᠡᠯ︾ ᠭᠡᠰᠡᠨ ᠨᠣᠮ ᠳᠤ ︽ᠭᠤᠷᠪᠠᠨ ᠬᠤᠰᠢᠭᠤ ᠦᠬᠡᠷᠴᠢᠨ ᠰᠦᠷᠦᠭ ︵ᠳᠠᠷᠣᠢ ᠰᠢᠯᠣᠭᠤᠨ ᠴᠠᠭᠠᠨ ᠦᠬᠡᠷᠴᠢᠨ᠂ ᠰᠢᠯᠣᠭᠤᠨ ᠰᠢᠷ᠎ᠠ ᠦᠬᠡᠷᠴᠢᠨ᠂ ᠬᠥᠪᠡᠭᠡᠲᠦ ᠰᠢᠷ᠎ᠠ ᠦᠬᠡᠷᠴᠢᠨ︶᠎ ᠠᠴᠠ ᠵᠢᠯ ᠪᠦᠷᠢ ᠳᠣᠲᠣᠭᠠᠳᠤ ᠵᠣᠭᠤᠭ ᠤᠨ ᠭᠡᠷ ᠲᠤ ᠪᠦᠳᠦᠭᠦᠨ ᠬᠡᠪ ᠴᠠᠭᠠᠨ ᠬᠤᠷᠣᠳ ᠨᠢᠭᠡ ᠮᠢᠩᠭᠠᠨ ᠵᠢᠩ ︵ᠳᠣᠬᠠᠢ ᠶᠢᠨ ᠦᠶ᠎ᠡ ᠳᠤ ᠠᠷᠪᠠᠨ ᠵᠢᠷᠭᠤᠭᠠᠨ ᠯᠠᠩ ᠢ ᠨᠢᠭᠡ ᠵᠢᠩ ᠢᠶᠠᠷ ᠲᠣᠭᠠᠴᠠᠳᠠᠭ︶᠂ ᠵᠢᠵᠢᠭ ᠬᠡᠪ ᠴᠠᠭᠠᠨ ᠬᠤᠷᠣᠳ ᠨᠢᠭᠡ ᠵᠠᠭᠤ ᠲᠠᠪᠢᠨ ᠨᠠᠢᠮᠠᠨ ᠵᠢᠩ ᠢ ᠳᠣᠭᠲᠠᠭᠠᠯ ᠶᠣᠰᠤ ᠪᠠᠷ ᠳᠣᠰᠢᠶᠠᠬᠤ ᠠᠯᠪᠠ ᠲᠠᠢ ᠪᠠᠶᠢᠵᠠᠢ᠃ ᠡᠭᠦᠨ ᠠᠴᠠ ᠭᠠᠳᠠᠨ᠎ᠠ᠂ ᠰᠢᠷ᠎ᠠ ᠲᠣᠰᠤ ᠨᠢᠭᠡ ᠲᠥᠮᠡ ᠪᠥᠭᠡᠳ ᠶᠢᠰᠦᠨ ᠵᠠᠭᠤᠨ ᠵᠢᠩ᠂ ᠰᠠᠭᠠᠯᠢ ᠶᠢᠨ ᠠᠷᠢᠬᠢ ᠳᠥᠷᠪᠡᠨ ᠮᠢᠩᠭ᠎ᠠ ᠶᠢᠰᠦᠨ ᠵᠠᠭᠤ ᠬᠤᠷᠢᠨ ᠳᠣᠯᠣᠭᠠᠨ ᠵᠢᠩ ᠨᠠᠢᠮᠠᠨ ᠯᠠᠩ ᠳᠣᠰᠢᠶᠠᠬᠤ ᠠᠯᠪᠠ ᠶᠢ ᠭᠦᠢᠴᠡᠳᠭᠡᠳᠡᠭ︾ ᠭᠡᠵᠦ ᠲᠡᠮᠳᠡᠭᠯᠡᠵᠡᠢ᠃ ᠵᠠᠷᠢᠮ ᠪᠣᠭᠤᠷᠣᠯᠴᠣᠳ ᠤᠨ ᠬᠡᠯᠡᠬᠦ ᠪᠠᠷ ︽ᠪᠣᠷᠣ ᠶᠢᠨ ᠰᠦᠮ᠎ᠡ ︵ᠣᠳᠣᠬᠢ ᠾᠧᠪᠸᠢ ᠮᠣᠵᠢ ᠶᠢᠨ ᠵᠠᠩᠪᠸᠢ ᠰᠢᠶᠠᠨ ᠤ ᠪᠣᠷᠣ ᠶᠢᠨ ᠰᠦᠮ᠎ᠡ ᠶᠢᠨ ᠰᠢᠶᠠᠩ︶᠎ ᠶᠢᠨ ᠪᠣᠷᠬᠠᠨ ᠳᠤ ᠭᠤᠴᠢᠨ ᠵᠢᠯ ᠳᠠᠬᠢᠵᠤ ᠲᠠᠯᠪᠢᠭᠠᠳ ᠨᠢᠭᠡ ᠣᠳᠠᠭ᠎ᠠ ᠰᠣᠯᠢᠵᠤ ᠳᠠᠬᠢᠬᠤ ᠶᠢᠨ ᠦᠶ᠎ᠡ ᠳᠤ ᠠᠮᠰᠠᠵᠤ ᠦᠵᠡᠭᠰᠡᠨ ᠳᠤ ᠴᠠᠭᠠᠨ ᠥᠩᠭᠡ ᠨᠢ ᠪᠠᠭᠤᠷᠠᠭᠰᠠᠨ ᠦᠭᠡᠢ᠂ ᠭᠠᠰᠢᠯᠵᠤ ᠡᠪᠳᠡᠷᠡᠭᠰᠡᠨ ᠦᠭᠡᠢ᠂ ᠳᠣᠰᠣᠯᠢᠭ ᠵᠥᠭᠡᠯᠡᠨ᠂ ᠰᠢᠬᠢᠷᠯᠢᠭ ᠠᠮᠲᠠᠲᠠᠢ᠂ ᠣᠭ ᠤᠨ ᠰᠢᠨ᠎ᠡ ᠬᠡᠪ ᠢᠶᠠᠷ ᠪᠠᠶᠢᠪᠠ︾ ᠭᠡᠵᠡᠢ᠃          ᠴᠠᠭᠠᠨ ᠬᠤᠷᠣᠳ ᠪᠣᠯ ᠴᠠᠬᠠᠷ ᠨᠣᠲᠤᠭ ᠲᠤ ᠯᠡ ᠬᠢᠳᠡᠭ᠂ ᠬᠠᠭᠠᠨ ᠣᠷᠳᠣᠨ ᠳᠤ ᠳᠣᠰᠢᠶᠠᠳᠠᠭ᠂ ᠨᠠᠷᠢᠯᠢᠭ ᠬᠢᠴᠡᠲᠡᠢ᠂ ᠵᠥᠭᠡᠯᠡᠨ ᠠᠮᠲᠠᠲᠠᠢ᠂ ᠤᠳᠠᠭᠠᠨ ᠵᠢᠯ ᠬᠠᠳᠠᠭᠠᠯᠠᠬᠤ ᠳᠤ ᠴᠢᠨᠠᠷ ᠬᠤᠪᠢᠷᠠᠬᠤ ᠦᠭᠡᠢ ᠥᠪᠡᠷᠮᠢᠴᠡ ᠳᠡᠭᠡᠳᠦ ᠢᠳᠡᠭᠡᠨ ᠪᠣᠯᠬᠤ ᠨᠢ ᠳᠠᠮᠵᠢᠭ ᠦᠭᠡᠢ᠃ ᠨᠡᠩ ᠴᠦ ᠡᠶᠢᠮᠦ ᠳᠡᠭᠡᠳᠦ ᠢᠳᠡᠭᠡᠨ ᠶᠢ ᠵᠣᠬᠢᠶᠠᠨ ᠪᠥᠲᠦᠭᠡᠭᠰᠡᠨ ᠴᠠᠬᠠᠷ ᠤᠨ ᠳᠣᠯᠣᠭᠠᠨ ᠰᠦᠷᠦᠭ ᠤᠨ ᠮᠠᠯᠴᠢᠳ ᠤᠨ ᠣᠶᠣᠨ ᠬᠥᠳᠡᠯᠮᠦᠷᠢ ᠦᠨᠡᠬᠡᠷ ᠦᠨᠡᠯᠡᠭᠦᠰᠢᠲᠡᠢ ᠪᠢᠯᠡ᠃         ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号