ᠴᠠᠬᠠᠷ  ᠵᠠᠩ ᠦᠢᠯᠡ  — ᠰᠦᠨ ᠬᠤᠷᠣᠳ
ᠨᠡᠶᠢᠲᠡᠯᠡᠭᠰᠡᠨ ᠴᠠᠭ᠄
2019/11/19
      ᠰᠦᠨ ᠬᠤᠷᠣᠳ ᠢ ᠬᠢᠬᠦ ᠳᠤ ᠰᠦ ᠪᠠᠨ ᠰᠢᠭᠦᠵᠦ᠂ ᠴᠡᠪᠡᠷ ᠰᠠᠪᠠᠨ ᠳᠤ ᠬᠢᠭᠡᠳ ᠵᠣᠨ ᠨᠠᠮᠣᠷ ᠪᠣᠯ1 ᠠᠴᠠ2 ᠡᠳᠦᠷ᠂ ᠡᠪᠦᠯ ᠪᠣᠯ 3 ᠠᠴᠠ 5 ᠡᠳᠦᠷ ᠲᠠᠯᠪᠢᠵᠤ ᠡᠭᠡᠳᠡᠭᠦᠯᠦᠨ᠎ᠡ᠃ ᠡᠭᠡᠳᠡᠭᠰᠡᠨ ᠰᠦ ᠪᠠᠨ ᠲᠣᠭᠤᠭᠠᠨ ᠳᠤ ᠬᠢᠵᠦ᠂ ᠠᠷᠭᠠᠯ ᠤᠨ ᠭᠠᠯ ᠢᠶᠠᠷ ᠬᠥᠰᠢᠭᠡᠵᠦ ᠡᠭᠡᠳᠡᠮᠰᠢᠭᠦᠯᠦᠭᠡᠳ ᠰᠢᠭᠦᠰᠦ ᠶᠢ ᠨᠢ ᠢᠳᠡᠭ ᠢᠳᠡᠭ ᠪᠠᠷ ᠢᠯᠭᠠᠷᠠᠭᠤᠯᠵᠤ ᠠᠪᠣᠨ᠎ᠠ᠃ ᠰᠢᠷ᠎ᠠ ᠰᠢᠭᠦᠰᠦ ᠨᠢ ᠪᠠᠷᠠᠭᠳᠠᠵᠤ ᠴᠠᠭᠠᠪᠳᠣᠷ ᠰᠢᠭᠦᠰᠦ ᠭᠠᠷᠬᠤ ᠦᠶᠡᠰ ᠰᠢᠭᠦᠰᠦ ᠶᠢ ᠨᠢ ᠠᠪᠬᠤ ᠪᠠᠨ ᠪᠣᠯᠢᠵᠤ ᠡᠭᠡᠳᠡᠮ  ᠢᠶᠠᠨ ᠨᠣᠬᠤᠵᠤ ᠡᠬᠢᠯᠡᠨ᠎ᠡ᠃ ᠡᠭᠡᠳᠡᠮ ᠨᠢ ᠵᠣᠩᠭᠠᠷᠠᠯᠳᠣᠨ ᠤᠨᠵᠢᠯᠳᠤᠬᠤ ᠦᠶ᠎ᠡ ᠰᠠᠶᠢᠳᠦᠷ ᠨᠡᠶᠢᠴᠡᠭᠦᠯᠦᠨ ᠨᠣᠬᠤᠵᠤ᠂ ᠴᠠᠭᠠᠨ ᠰᠢᠭᠦᠰᠦ ᠶᠢ ᠨᠢ ᠪᠡᠶ᠎ᠡ ᠳᠤ ᠨᠢ ᠰᠢᠩᠭᠡᠲᠡᠯ᠎ᠡ ᠪᠥᠭᠡᠮᠨᠡᠷᠡᠭᠦᠯᠦᠨ ᠡᠭᠰᠢᠭᠦᠯᠦᠭᠰᠡᠨ ᠤ ᠳᠠᠷᠠᠭ᠎ᠠ᠂ ᠬᠡᠪᠯᠡᠨ ᠭᠠᠷᠭᠠᠵᠤ ᠬᠠᠲᠠᠭᠠᠨ᠎ᠠ᠃ ᠥᠪᠡᠷ ᠤᠨ ᠳᠤᠷᠠᠰᠢᠯ ᠠᠴᠠ ᠰᠢᠯᠲᠠᠭᠠᠯᠠᠨ ᠡᠯᠡᠰᠦᠨ ᠰᠢᠬᠢᠷ ᠪᠣᠶᠤ ᠪᠣᠷᠠᠮ ᠵᠡᠷᠭᠡ ᠶᠢ ᠬᠢᠵᠦ᠂ ᠠᠳᠠᠯᠢ ᠪᠣᠰᠤ  ᠶᠢᠨ ᠬᠡᠯᠪᠡᠷᠢ ᠶᠠᠩᠵᠤ ᠬᠡᠪ ᠲᠤ ᠬᠡᠪᠯᠡᠨ ᠭᠠᠷᠭᠠᠳᠠᠭ᠃ ᠴᠠᠬᠠᠷ ᠨᠣᠳᠤᠭ ᠲᠤ ᠭᠤᠣᠯᠳᠠᠭᠤ ᠣᠶᠢᠷ᠎ᠠ ᠲᠥᠷᠦᠯ᠂ ᠨᠠᠰᠣᠲᠠᠨ ᠠᠬᠠᠮᠠᠳ ᠪᠣᠶᠤ ᠬᠥᠨᠳᠦᠲᠦ ᠵᠤᠴᠢᠳ ᠲᠠᠭᠠᠨ ᠪᠡᠯᠡᠭ ᠪᠣᠯᠭᠠᠨ ᠬᠦᠷᠭᠡᠬᠦ᠂ ᠡᠰᠡᠪᠡᠯ ᠵᠢᠯ ᠴᠠᠭᠠᠨ ᠰᠠᠷ᠎ᠠ ᠭᠠᠷᠭᠠᠵᠤ ᠰᠢᠨ᠎ᠡ  ᠶᠢᠨ ᠵᠤᠴᠢᠳ ᠲᠠᠭᠠᠨ ᠲᠠᠯᠪᠢᠳᠠᠭ᠃ ᠡᠶᠢᠮᠦ ᠮᠠᠶ᠋ᠢᠭ ᠤᠨ ᠬᠤᠷᠣᠳ ᠨᠢ ᠴᠠᠬᠠᠷᠴᠣᠳ ᠤᠨ ᠪᠥᠬᠦᠶᠢᠯᠡ ᠰᠦᠨ ᠢᠳᠡᠭᠡᠨ ᠤ ᠲᠥᠷᠦᠯ ᠤᠨ ᠳᠤᠮᠳᠠᠬᠢ ᠣᠬᠢ ᠱᠦᠯᠲᠦ ᠪᠥᠲᠦᠭᠡᠭᠳᠡᠭᠦᠨ ᠨᠢ ᠪᠣᠯᠬᠤ ᠶᠤᠮ᠃ ᠡᠶᠢᠮᠦ ᠠᠴᠠ ᠴᠠᠬᠠᠷᠴᠣᠳ ᠰᠦᠨ ᠬᠤᠷᠣᠳ  ᠢᠶᠠᠨ ᠬᠠᠭᠠᠨ ᠡᠵᠡᠨ᠂ ᠬᠠᠲᠤᠳ ᠳᠠᠲᠠᠪᠦᠷᠢ᠂ ᠡᠩᠡ ᠠᠪᠠᠭ᠋ᠠᠢ ᠨᠠᠷ ᠲᠤ ᠢᠳᠡᠭᠦᠯᠬᠦ ᠪᠠᠷ ᠪᠡᠯᠡᠳᠭᠡᠳᠡᠭ᠃ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号