ᠴᠠᠬᠠᠷ  ᠵᠠᠩ ᠦᠢᠯᠡ  —ᠠᠭᠠᠷᠴᠠᠨ ᠬᠤᠷᠣᠳ
ᠨᠡᠶᠢᠲᠡᠯᠡᠭᠰᠡᠨ ᠴᠠᠭ᠄
2019/11/19
         ᠲᠣᠭᠤᠭ᠎ᠠ ᠨᠡᠷᠡᠵᠦ ᠭᠠᠷᠭᠠᠭᠰᠠᠨ ᠴᠠᠭ᠎ᠠ ᠪᠠᠨ ᠰᠡᠶᠢᠮᠡᠬᠡᠢ ᠪᠥᠰ ᠤᠭᠤᠲᠠᠨ ᠳᠤ ᠬᠢᠵᠦ᠂ ᠴᠢᠯᠠᠭᠤ ᠪᠠᠷ ᠪᠣᠶᠤ ᠶᠠᠭᠤᠮᠠᠨ ᠠᠴᠠ ᠳᠡᠭᠦᠵᠢᠯᠡᠵᠦ ᠰᠢᠭᠦᠰᠦ ᠶᠢ ᠨᠢ ᠭᠠᠷᠭᠠᠨ ᠡᠭᠰᠢᠭᠡᠪᠡᠯ ᠠᠭᠠᠷᠴᠠ ᠪᠣᠯᠳᠠᠭ᠃ ᠡᠪᠡᠷᠡᠭᠡᠭᠰᠡᠨ ᠤ ᠳᠠᠷᠠᠭ᠎ᠠ ᠬᠢᠯᠭᠠᠰᠤ ᠪᠠᠷ ᠵᠦᠰᠦᠬᠦ ᠪᠣᠶᠤ ᠭᠠᠷ ᠢᠶᠠᠷ ᠪᠠᠵᠠᠮᠠᠭ ᠪᠣᠯᠭᠠᠨ ᠬᠢᠵᠦ ᠭᠠᠷᠭᠠᠭᠰᠠᠨ ᠢ ᠠᠭᠠᠷᠴᠠᠨ ᠬᠤᠷᠣᠳ ᠭᠡᠨ᠎ᠡ᠃ ᠴᠠᠬᠠᠷᠴᠣᠳ ᠠᠯᠢ ᠡᠷᠲᠡ ᠭᠤᠯᠢᠷ ᠪᠣᠳᠠᠭ᠎ᠠ ᠬᠤᠪᠣᠷ ᠪᠠᠶᠢᠭᠰᠠᠨ ᠦᠶ᠎ᠡ ᠳᠤ ᠠᠭᠠᠷᠴᠠᠨ ᠬᠤᠷᠣᠳ ᠢᠶᠠᠨ ᠪᠣᠯᠣᠭᠰᠠᠨ ᠰᠦ  ᠲᠠᠢ ᠵᠢᠭᠤᠷᠠᠵᠤ ᠬᠤᠭᠤᠷᠮᠠᠭ ᠭᠡᠵᠦ ᠨᠡᠷᠡᠯᠡᠨ ᠲᠡᠭᠦᠨ ᠢᠶᠠᠨ ᠬᠤᠨᠤᠭ ᠤᠨ ᠬᠤᠭᠤᠯᠠ ᠪᠣᠯᠭᠠᠳᠠᠭ ᠪᠠᠶᠢᠵᠠᠢ᠃ ᠠᠭᠠᠷᠴᠠ ᠨᠢ ᠣᠳᠠᠭᠠᠨ ᠬᠠᠳᠠᠭᠠᠯᠠᠬᠤ ᠳᠣᠲᠣᠮ ᠳᠣᠰᠤ ᠨᠢ ᠳᠠᠭᠠᠭᠠᠪᠦᠷᠢᠯᠠᠨ ᠭᠠᠷᠴᠤ᠂ ᠭᠠᠳᠠᠨᠠᠬᠢ ᠨᠢ ᠸᠠᠯᠠᠩᠭᠤᠢ ᠪᠠᠶᠢᠭᠰᠠᠨ ᠴᠦ ᠳᠣᠲᠣᠷᠠᠬᠢ ᠨᠢ ᠬᠤᠪᠢᠷᠠᠳᠠᠭ ᠦᠭᠡᠢ᠃ ᠨᠡᠷᠡᠵᠦ ᠭᠠᠷᠭᠠᠭᠰᠠᠨ ᠰᠠᠭᠠᠯᠢ ᠶᠢᠨ ᠠᠷᠢᠬᠢ ᠨᠢ ᠬᠦᠴᠦ ᠶᠡᠬᠡᠲᠡᠢ ᠳᠣᠷᠪᠢᠯᠢᠭ ᠪᠠᠶᠢᠪᠠᠯ ᠠᠭᠠᠷᠴᠠᠨ ᠤ ᠬᠦᠴᠢᠯᠢᠭ ᠨᠢ ᠭᠠᠶᠢᠭᠤᠢ ᠪᠠᠶᠢᠳᠠᠭ᠃ ᠠᠷᠢᠬᠢ ᠨᠢ ᠤᠰᠤᠪᠬᠢ ᠰᠢᠭ᠋ ᠭᠠᠷᠪᠠᠯ ᠠᠭᠠᠷᠴᠠ ᠨᠢ ᠰᠢᠳᠦ ᠣᠶᠢᠷᠠᠮᠠᠷ ᠬᠦᠴᠢᠯᠢᠭ ᠪᠣᠯᠳᠠᠭ᠃          ᠠᠭᠠᠷᠴᠠᠨ ᠬᠤᠷᠣᠳ ᠲᠤ ᠵᠠᠷᠢᠮ ᠭᠠᠵᠠᠷ ᠨᠢ ᠡᠯᠡᠰᠦᠨ ᠰᠢᠬᠢᠷ᠂ ᠮᠥᠰᠦᠨ ᠰᠢᠬᠢᠷ᠂ ᠪᠣᠷᠠᠮ ᠵᠡᠷᠭᠡ ᠶᠢ ᠬᠤᠯᠢᠨ ᠬᠢᠵᠦ᠂ ᠵᠦᠰᠦᠮᠡᠯ ᠪᠣᠯᠭᠠᠨ ᠬᠠᠲᠠᠭᠠᠭᠠᠳ ᠢᠳᠡᠳᠡᠭ᠃ ᠬᠦᠴᠢᠲᠡᠢ ᠠᠭᠠᠷᠴᠠᠨ ᠬᠤᠷᠣᠳ ᠨᠢ ᠭᠡᠳᠡᠰᠦ ᠬᠤᠳᠣᠭᠤᠳᠣᠨ ᠤ ᠬᠦᠷᠪᠡᠯᠵᠢᠨ ᠢ ᠴᠢᠩᠭᠠᠷᠠᠭᠤᠯᠵᠤ᠂ ᠰᠢᠩᠭᠡᠭᠡᠯᠲᠡ ᠶᠢᠨ ᠰᠢᠰᠲ᠋ᠧᠮ ᠤᠨ ᠠᠵᠢᠯᠯᠠᠭ᠎ᠠ ᠶᠢ ᠰᠠᠶᠢᠵᠢᠷᠠᠭᠤᠯᠣᠨ᠂ ᠬᠤᠳᠣᠭᠤᠳᠤ ᠭᠡᠳᠡᠰᠦᠨ ᠳᠤ ᠤᠳᠠᠭᠠᠨ ᠵᠢᠯ ᠬᠤᠷᠠᠰᠢᠵᠤ ᠦᠯᠡᠳᠡᠭᠰᠡᠨ ᠬᠤᠣᠷ ᠢ ᠲᠠᠶᠢᠯᠣᠨ ᠲᠠᠭᠤᠬᠤ ᠵᠡᠷᠭᠡ ᠡᠮ ᠡᠮᠨᠡᠯᠭᠡ ᠶᠢᠨ ᠣᠨᠴᠠᠭᠠᠢ ᠦᠢᠯᠡᠳᠦᠯ ᠲᠠᠢ᠃  ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号