ᠴᠠᠬᠠᠷ  ᠵᠠᠩ ᠦᠢᠯᠡ  —ᠰᠢᠷ᠎ᠠ ᠳᠣᠰᠤ
ᠨᠡᠶᠢᠲᠡᠯᠡᠭᠰᠡᠨ ᠴᠠᠭ᠄
2019/11/19
          ᠪᠥᠭᠡᠮᠨᠡᠷᠡᠭᠦᠯᠦᠨ ᠢᠯᠭᠠᠷᠠᠭᠤᠯᠵᠤ ᠠᠪᠣᠭᠰᠠᠨ ᠴᠠᠭᠠᠨ ᠳᠣᠰᠤ ᠪᠠᠨ ᠬᠠᠶᠢᠯᠣᠭᠤᠯᠣᠨ ᠪᠣᠴᠠᠯᠭᠠᠵᠤ ᠢᠯᠭᠠᠷᠠᠭᠤᠯᠵᠤ ᠭᠠᠷᠭᠠᠭᠰᠠᠨ ᠨᠣᠯᠤ ᠰᠢᠷ᠎ᠠ ᠲᠣᠩᠭᠠᠯᠠᠭ ᠰᠢᠩᠭᠡᠨ ᠢ ᠰᠢᠷ᠎ᠠ ᠳᠣᠰᠤ ᠭᠡᠳᠡᠭ᠃ ᠰᠢᠷ᠎ᠠ ᠳᠣᠰᠤ ᠪᠣᠯ ᠪᠣᠯᠪᠠᠰᠣᠷᠠᠭᠤᠯᠵᠤ ᠭᠠᠷᠭᠠᠭᠰᠠᠨ ᠴᠠᠭᠠᠨ ᠢᠳᠡᠭᠡᠨ ᠤ ᠳᠣᠲᠣᠷᠠᠬᠢ ᠬᠠᠮᠤᠭ ᠤᠨ ᠶᠡᠭᠡ ᠰᠢᠮᠡᠲᠦ ᠢᠳᠡᠭᠡᠨ ᠪᠣᠯᠣᠨ᠎ᠠ᠃ ᠲᠡᠷᠡ  ᠨᠢ ᠡᠨᠧᠷᠬᠢ ᠶᠢ ᠪᠣᠢ ᠪᠣᠯᠭᠠᠨ ᠢᠯᠴᠢ ᠶᠢ ᠨᠡᠮᠡᠭᠳᠡᠭᠦᠯᠵᠦ ᠪᠡᠶ᠎ᠡ ᠶᠢ ᠰᠢᠮᠡᠵᠢᠭᠦᠯᠦᠨ᠂ ᠬᠦᠢᠲᠡᠨ ᠳᠤ ᠥᠯᠴᠢᠷᠰᠢᠭᠦᠯᠵᠦ᠂ ᠥᠳᠡᠯᠬᠦ ᠶᠢ ᠣᠳᠠᠭᠠᠰᠢᠷᠠᠭᠤᠯᠣᠨ᠂ ᠵᠢᠷᠦᠬᠡᠨ ᠲᠠᠮᠢᠷ ᠢ ᠨᠥᠬᠦᠳᠡᠭ᠃         ᠰᠢᠷ᠎ᠡ ᠳᠣᠰᠤ ᠨᠢ ᠴᠠᠬᠠᠷᠴᠣᠳ ᠲᠤ ᠬᠠᠮᠤᠭ ᠤᠨ ᠳᠡᠭᠡᠳᠦ ᠢᠳᠡᠭᠡᠨ ᠭᠡᠵᠦ ᠬᠥᠨᠲᠦᠳᠬᠡᠭᠳᠡᠨ᠂ ᠬᠠᠮᠤᠭ ᠤᠨ ᠬᠥᠨᠳᠦᠳᠦ ᠵᠣᠴᠢᠳ ᠲᠠᠭᠠᠨ ᠰᠢᠷ᠎ᠠ ᠳᠣᠰᠤ ᠬᠢᠵᠦ ᠴᠠᠢ ᠪᠠᠷᠢᠳᠠᠭ᠃ ᠥᠨᠳᠦᠷ ᠨᠠᠰᠣᠲᠠᠢ ᠬᠦᠮᠦᠨ ᠪᠣᠷᠬᠠᠨ ᠪᠣᠯᠪᠠᠯ ᠵᠥᠭᠡᠯᠡᠨ ᠪᠡᠯᠡᠭ ᠭᠡᠵᠦ ᠰᠢᠷ᠎ᠡ ᠳᠣᠰᠤ ᠬᠦᠷᠭᠡᠵᠦ ᠬᠦᠨᠳᠦ ᠭᠠᠰᠢᠭᠤᠳᠠᠯ ᠢ ᠭᠦᠢᠴᠡᠳᠭᠡᠳᠡᠭ᠃         ᠡᠪᠦᠯ ᠤᠨ ᠳᠡᠰᠬᠢᠮ᠎ᠡ ᠬᠦᠢᠲᠡᠨ ᠪᠣᠶᠤ ᠨᠠᠮᠣᠷ ᠤᠨ ᠬᠦᠢᠲᠡᠨ ᠪᠣᠷᠣᠭᠠᠨ ᠳᠤ ᠬᠦᠮᠦᠨ ᠮᠠᠯ ᠣᠰᠣᠭᠤᠵᠤ ᠪᠡᠭᠡᠷᠡᠪᠡᠯ ᠰᠢᠷ᠎ᠠ ᠳᠣᠰᠤ ᠲᠠᠢ ᠬᠠᠯᠠᠭᠤᠨ ᠴᠠᠢ ᠪᠣᠶᠤ ᠰᠢᠷ᠎ᠠ ᠳᠣᠰᠤ ᠲᠠᠢ ᠬᠠᠯᠠᠭᠠᠭᠰᠠᠨ ᠠᠷᠢᠬᠢ ᠣᠭᠤᠴᠢᠭᠤᠯᠪᠠᠯ ᠲᠡᠩᠬᠡᠷᠡᠳᠡᠭ᠃ ᠨᠠᠮᠣᠷ ᠤᠨ ᠰᠡᠷᠢᠭᠦᠦ ᠤᠨᠠᠬᠤ ᠡᠷᠢᠨ ᠢᠶᠠᠷ ᠴᠠᠬᠠᠷᠴᠣᠳ ᠰᠢᠷ᠎ᠠ ᠳᠣᠰᠤ ᠪᠠᠨ ᠭᠦᠵᠡᠭᠡ ᠪᠣᠶᠤ ᠣᠯᠣᠭᠠᠢ ᠳᠤ ᠰᠠᠪᠠᠯᠠᠨ ᠬᠠᠳᠠᠭᠠᠯᠠᠵᠤ᠂ ᠢᠷᠡᠬᠦ ᠡᠪᠦᠯ ᠪᠣᠶᠤ ᠬᠠᠪᠣᠷ ᠬᠡᠷᠡᠭᠯᠡᠬᠦ ᠪᠠᠷ ᠪᠡᠯᠡᠳᠬᠡᠳᠡᠭ ᠪᠠᠶᠢᠨ᠎ᠠ᠃        ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号