ᠴᠠᠬᠠᠷ ᠨᠠᠢᠮᠠᠨ ᠬᠤᠰᠢᠭᠤᠨ ᠤ ᠪᠥᠷᠢᠯᠳᠦᠯ
ᠨᠡᠶᠢᠲᠡᠯᠡᠭᠰᠡᠨ ᠴᠠᠭ᠄
2019/11/20
          ᠳᠠᠶᠢᠴᠢᠩ ᠣᠯᠣᠰ ᠤᠨ ᠡᠩᠬᠡ ᠠᠮᠣᠭᠤᠯᠠᠩ ᠤᠨ ᠠᠷᠪᠠᠨ ᠳᠥᠷᠪᠡᠳᠦᠭᠡᠷ ᠣᠨ ︵1675︶ ᠳᠤ ᠴᠠᠬᠠᠷ ᠠᠶᠢᠮᠠᠭ ᠢ ᠯᠢᠶᠣᠣᠳᠦ᠋ᠩ ᠤᠨ ᠢᠵᠸᠤ ᠠᠴᠠ ᠴᠢᠭᠤᠯᠣᠯᠲᠤ ᠬᠠᠭᠠᠯᠭ᠎ᠠ᠂ ᠰᠢᠤᠸᠠᠨ ᠬᠤᠸᠠ᠂ ᠳᠠᠶᠢᠲ᠋ᠦ᠋ᠩ ᠤᠨ ᠠᠷᠣ ᠵᠠᠬ᠎ᠠ  ᠳᠤ ᠠᠯᠪᠠᠳᠠᠯᠭ᠎ᠠ ᠪᠠᠷ ᠰᠢᠯᠵᠢᠭᠦᠯᠵᠠᠢ᠃ ᠡᠨᠡ ᠨᠢ ᠬᠤᠵᠢᠮ ᠤᠨ ᠴᠠᠬᠠᠷ ᠨᠠᠢᠮᠠᠨ ᠬᠤᠰᠢᠭᠤ ᠶᠢᠨ ᠦᠨᠢ ᠮᠥᠩᠬᠡ ᠶᠢᠨ ᠲᠥᠭᠡᠷᠭᠡ ᠨᠣᠲᠤᠭ ᠤᠨ ᠨᠢᠭᠡ ᠭᠡᠰᠡᠭ ᠨᠢ ᠪᠣᠯᠵᠤ ᠲᠣᠭᠲᠠᠨᠢᠵᠠᠢ᠃ ᠡᠨᠡ ᠬᠦ᠋ ᠨᠣᠲᠤᠭ ᠨᠢ ᠨᠡᠶᠢᠰᠯᠡᠯ ᠬᠤᠲᠠ ᠠᠴᠠ ᠵᠡᠭᠦᠨ ᠬᠤᠶᠢᠰᠢ ᠲᠠᠪᠣᠨ ᠵᠠᠭᠤ ᠳᠥᠴᠢᠨ ᠭᠠᠵᠠᠷ ᠵᠠᠶᠢᠲᠠᠢ᠂ ᠵᠡᠭᠦᠨᠰᠢ ᠪᠠᠨ ᠭᠡᠰᠢᠭᠲᠡᠨ ᠤ ᠲᠦᠰᠢ ᠬᠠᠶᠢᠷᠬᠠᠨ ᠤ ᠪᠠᠷᠠᠭᠤᠨ ᠵᠠᠬ᠎ᠠ ᠲᠠᠢ ᠬᠥᠷᠰᠢᠯᠡᠵᠦ᠂ ᠡᠮᠦᠨᠡᠰᠢ ᡁᠢᠯᠢ ᠬᠢᠯᠢ ᠶᠢᠨ ᠥᠷᠦᠭᠡᠰᠦᠨ ᠴᠢᠯᠠᠭᠤᠨ ᠠᠮᠠ ᠴᠢᠭᠤᠯᠣᠯᠲᠤ ᠬᠠᠭᠠᠯᠭ᠎ᠠ᠂ ᠱᠠᠨ ᠰᠢ ᠶᠢᠨ ᠳᠠᠶᠢᠲ᠋ᠦ᠋ᠩ᠂ ᠰᠦᠸᠧᠫᠢᠩ ᠲᠠᠢ ᠵᠠᠬ᠎ᠠ ᠨᠡᠶᠢᠯᠡᠵᠦ᠂ ᠬᠤᠶᠢᠰᠢ  ᠪᠠᠨ ᠰᠦᠨᠢᠳ ᠸᠠᠩ ᠤᠨ ᠨᠣᠲᠤᠭ ᠪᠠ ᠳᠥᠷᠪᠡᠨ ᠬᠡᠦᠬᠡᠳ ᠤᠨ ᠬᠤᠰᠢᠭᠤ᠂ ᠳᠠᠷᠬᠠᠨ ᠪᠠᠶᠢᠯᠠ ᠬᠤᠰᠢᠭᠤ ᠲᠠᠢ ᠵᠠᠬ᠎ᠠ ᠨᠡᠶᠢᠯᠡᠵᠦ ᠮᠢᠩᠭᠠᠨ ᠭᠠᠵᠠᠷ ᠦᠷᠭᠦᠯᠵᠢᠯᠡᠨ᠎ᠡ᠃         ᠬᠥᠪᠡᠭᠡᠲᠦ ᠰᠢᠷ᠎ᠠ ᠬᠤᠰᠢᠭᠤ᠄ ᠰᠣᠮᠣᠨ ᠬᠠᠳᠠᠨ ᠳᠤ ᠲᠥᠪᠯᠡᠨ᠎ᠡ᠃ ᠴᠢᠭᠤᠯᠣᠯᠲᠤ ᠬᠠᠭᠠᠯᠭ᠎ᠠ ᠠᠴᠠ ᠬᠤᠶᠢᠰᠢ ᠭᠤᠷᠪᠠᠨ ᠵᠠᠭᠤ ᠳᠥᠴᠢᠨ ᠭᠠᠵᠠᠷ ᠲᠤ ᠪᠣᠢ᠃ ᠵᠡᠭᠦᠨ ᠤᠷᠤᠭᠰᠢ ᠨᠡᠶᠢᠰᠯᠡᠯ ᠠᠴᠠ ᠳᠣᠯᠣᠭᠠᠨ ᠵᠠᠭᠤ ᠲᠠᠪᠢᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠴᠢᠭᠤᠯᠣᠯᠲᠤ ᠬᠠᠭᠠᠯᠭ᠎ᠠ ᠠᠴᠠ ᠬᠤᠶᠢᠰᠢ ᠪᠣᠢ᠃ ᠵᠡᠭᠦᠨᠰᠢ ᠭᠦᠯᠦ ᠴᠠᠭᠠᠨ ᠬᠤᠰᠢᠭᠤ  ᠲᠠᠢ ᠬᠥᠷᠰᠢᠯᠡᠵᠦ᠂ ᠬᠤᠶᠢᠰᠢ ᠰᠦᠨᠢᠳ ᠸᠠᠩ ᠤᠨ ᠬᠤᠰᠢᠭᠤ ᠲᠠᠢ ᠵᠠᠯᠭᠠᠨ᠎ᠠ᠃ ᠥᠷᠭᠡᠨ  ᠢᠶᠠᠷ ᠢᠶᠠᠨ ᠵᠠᠭᠤ ᠵᠢᠷᠠᠨ ᠭᠠᠵᠠᠷ ᠂ ᠤᠷᠲᠤ ᠪᠠᠷ ᠢᠶᠠᠨ ᠵᠠᠭᠤ ᠶᠡᠷᠡᠨ ᠭᠠᠵᠠᠷ᠃         ᠭᠦᠯᠦ ᠰᠢᠷ᠎ᠠ ᠬᠤᠰᠢᠭᠤ᠄ ᠮᠥᠰᠦᠨ ᠲᠡᠭᠡ ᠠᠭᠤᠯᠠᠨ ᠳᠤ ᠲᠥᠪᠯᠡᠨ᠎ᠡ᠃ ᠴᠢᠭᠤᠯᠣᠯᠲᠤ ᠬᠠᠭᠠᠯᠭ᠎ᠠ ᠠᠴᠠ ᠪᠠᠷᠠᠭᠤᠨ ᠬᠤᠶᠢᠰᠢ ᠭᠤᠷᠪᠠᠨ ᠵᠠᠭᠤ ᠬᠤᠷᠢᠨ ᠭᠠᠵᠠᠷ ᠲᠤ ᠪᠣᠢ᠃ ᠵᠡᠭᠦᠨ ᠡᠮᠦᠨᠡᠰᠢ ᠨᠡᠶᠢᠰᠯᠡᠯ ᠠᠴᠠ ᠳᠣᠯᠣᠭᠠᠨ ᠵᠠᠭᠤ ᠵᠢᠷᠠᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠴᠢᠭᠤᠯᠣᠯᠲᠤ ᠬᠠᠭᠠᠯᠭ᠎ᠠ ᠠᠴᠠ ᠪᠠᠷᠠᠭᠤᠨ ᠬᠤᠶᠢᠰᠢ ᠬᠠᠷ᠎ᠠ ᠤᠨᠠᠭᠠᠨ ᠠᠭᠤᠯᠠ  ᠶᠢᠨ ᠡᠮᠦᠨ᠎ᠡ ᠪᠣᠢ᠃ ᠵᠡᠭᠦᠨᠰᠢ ᠬᠥᠪᠡᠭᠡᠲᠦ ᠰᠢᠷ᠎ᠠ ᠬᠤᠰᠢᠭᠤ᠂ ᠪᠠᠷᠠᠭᠤᠨᠰᠢ ᠭᠦᠯᠦ ᠤᠯᠠᠭᠠᠨ ᠬᠤᠰᠢᠭᠤ ᠲᠠᠢ ᠲᠣᠰ ᠲᠣᠰ ᠬᠥᠷᠰᠢᠯᠡᠵᠦ᠂ ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠣᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ ᠬᠤᠶᠢᠰᠢ ᠪᠠᠨ ᠳᠥᠷᠪᠡᠨ ᠬᠡᠦᠬᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠥᠷᠭᠡᠨ ᠢᠶᠠᠷ ᠢᠶᠠᠨ ᠵᠠᠭᠤ ᠠᠷᠪᠠᠨ ᠭᠠᠵᠠᠷ᠂ ᠤᠷᠲᠤ ᠪᠠᠷ  ᠢᠶᠠᠨ ᠬᠤᠶᠠᠷ ᠵᠠᠭᠤᠨ ᠭᠠᠵᠠᠷ᠃         ᠬᠥᠪᠡᠭᠡᠲᠦ ᠤᠯᠠᠭᠠᠨ ᠬᠤᠰᠢᠭᠤ᠄ ᠪᠥᠷᠢᠨᠪᠣᠯᠠᠭ ᠲᠤ ᠲᠥᠪᠯᠡᠨ᠎ᠡ᠃ ᠴᠢᠭᠤᠯᠣᠯᠲᠤ ᠬᠠᠭᠠᠯᠭ᠎ᠠ ᠠᠴᠠ ᠪᠠᠷᠠᠭᠤᠨ ᠬᠤᠶᠢᠰᠢ ᠳᠥᠷᠪᠡᠨ ᠵᠠᠭᠤ ᠬᠤᠷᠢᠨ ᠭᠠᠵᠠᠷ ᠲᠤ ᠪᠣᠢ᠃ ᠵᠡᠭᠦᠨ ᠡᠮᠦᠨᠡᠰᠢ ᠨᠡᠶᠢᠰᠯᠡᠯ ᠠᠴᠠ ᠨᠡᠢᠮᠠᠨ ᠵᠠᠭᠤ ᠭᠤᠴᠢᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠱᠠᠨ ᠰᠢ ᠶᠢᠨ ᠳᠣᠤ ᠯᠢᠨ ᠤ ᠵᠡᠭᠦᠨ ᠬᠤᠶᠢᠨ᠎ᠠ ᠳᠠᠭ᠎ᠠ ᠶᠢᠨ ᠨᠠᠭᠤᠷ ᠣᠷᠴᠢᠮ ᠳᠤ ᠪᠣᠢ ᠃ ᠵᠡᠭᠦᠨᠰᠢ ᠭᠦᠯᠦ ᠣᠯᠠᠭᠠᠨ ᠬᠤᠰᠢᠭᠤ ᠲᠠᠢ ᠬᠦᠷᠰᠢᠯᠡᠵᠦ᠂ ᠡᠮᠦᠨᠡᠰᠢ ᠣᠳᠤ ᠶᠢᠨ ᠹᠧᠩᠵᠧᠨ᠂ ᠬᠤᠶᠢᠰᠢ ᠳᠥᠷᠪᠡᠨ ᠬᠡᠦᠬᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠥᠷᠭᠡᠨ ᠢᠶᠠᠷ ᠢᠶᠠᠨ ᠲᠠᠪᠢᠨ ᠭᠠᠵᠠᠷ᠂ ᠤᠷᠲᠣ ᠪᠠᠷ ᠢᠶᠠᠨ ᠬᠤᠶᠠᠷ ᠵᠠᠭᠤᠨ ᠭᠠᠵᠠᠷ᠃         ᠭᠦᠯᠦ ᠤᠯᠠᠭᠠᠨ ᠬᠤᠰᠢᠭᠤ᠄ ᠭᠤᠷᠪᠠᠨ ᠲᠣᠯᠣᠭᠠᠢ ᠠᠭᠤᠯᠠᠨ ᠳᠤ ᠲᠥᠪᠯᠡᠨ᠎ᠡ᠃ ᠴᠢᠭᠤᠯᠣᠯᠲᠤ ᠬᠠᠭᠠᠯᠭ᠎ᠠ ᠠᠴᠠ ᠪᠠᠷᠠᠭᠤᠨ ᠬᠤᠶᠢᠰᠢ ᠭᠤᠷᠪᠠᠨ ᠵᠠᠭᠤ ᠳᠠᠯᠠᠨ ᠭᠠᠵᠠᠷ ᠲᠤ ᠪᠣᠢ᠃ ᠵᠡᠭᠦᠨ ᠡᠮᠦᠨᠡᠰᠢ ᠨᠡᠶᠢᠰᠯᠡᠯ ᠠᠴᠠ ᠨᠠᠢᠮᠠᠨ ᠵᠠᠭᠤᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠱᠠᠨ ᠰᠢ ᠶᠢᠨ ᠳᠣᠤ ᠯᠢᠨ ᠲᠢᠩᠬᠢᠮ ᠠᠴᠠ ᠵᠡᠭᠦᠨ ᠬᠤᠶᠢᠨ᠎ᠠ ᠬᠢᠬᠡᠷᠢ ᠨᠠᠭᠤᠷ ᠢᠶᠠᠷ ᠪᠣᠢ᠃ ᠵᠡᠭᠦᠨᠰᠢ ᠭᠦᠯᠦ ᠰᠢᠷ᠎ᠠ᠂ ᠪᠠᠷᠠᠭᠤᠨᠰᠢ ᠬᠥᠪᠡᠭᠡᠲᠦ ᠤᠯᠠᠭᠠᠨ ᠬᠤᠰᠢᠭᠤ ᠲᠠᠢ ᠬᠥᠷᠰᠢᠯᠡᠵᠦ᠂ ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠣᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ ᠬᠤᠶᠢᠰᠢ ᠳᠥᠷᠪᠡᠨ ᠬᠡᠦᠬᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠥᠷᠭᠡᠨ ᠢᠶᠠᠷ ᠢᠶᠠᠨ ᠲᠠᠪᠢᠨ ᠲᠠᠪᠣᠨ ᠭᠠᠵᠠᠷ᠂ ᠤᠷᠲᠣ ᠪᠠᠷ ᠢᠶᠠᠨ ᠬᠤᠶᠠᠷ ᠵᠠᠭᠤ ᠨᠠᠶᠠᠨ ᠭᠠᠵᠠᠷ᠃         ᠬᠥᠪᠡᠭᠡᠲᠦ ᠴᠠᠭᠠᠨ ᠬᠤᠰᠢᠭᠤ᠄ ᠪᠣᠶᠠᠨ ᠠᠬᠠᠢ ᠶᠢᠨ ᠰᠦᠮ᠎ᠡ ᠳᠤ ᠲᠥᠪᠯᠡᠨ᠎ᠡ᠃ ᠥᠷᠦᠭᠡᠰᠦᠨ ᠴᠢᠯᠠᠭᠤᠨ ᠠᠮᠠ  ᠠᠴᠠ ᠪᠠᠷᠠᠭᠤᠨ ᠬᠤᠶᠢᠰᠢ ᠬᠤᠶᠠᠷ ᠵᠠᠭᠤ ᠳᠥᠴᠢᠨ ᠲᠠᠪᠣᠨ ᠭᠠᠵᠠᠷ᠃ ᠵᠡᠭᠦᠨ ᠡᠮᠦᠨᠡᠰᠢ ᠨᠡᠶᠢᠰᠯᠡᠯ ᠠᠴᠠ ᠳᠣᠯᠣᠭᠠᠨ ᠵᠠᠭᠤ ᠳᠠᠯᠠᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠥᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠠᠴᠠ ᠪᠠᠷᠠᠭᠤᠨ ᠬᠤᠶᠢᠰᠢ ᠪᠣᠢ᠃ ᠵᠡᠭᠦᠨ ᠪᠠ ᠡᠮᠦᠨ᠎ᠡ ᠪᠠᠨ ᠬᠠᠭᠤᠷᠠᠢ ᠵᠠᠮ ᠤᠨ ᠴᠡᠷᠢᠭ ᠤᠨ ᠶᠠᠮᠣᠨ ᠤ ᠮᠠᠯᠵᠢᠯ ᠤᠨ ᠲᠠᠯᠠᠪᠠᠢ ᠲᠠᠢ ᠵᠠᠬ᠎ᠠ ᠨᠡᠶᠢᠯᠡᠵᠦ᠂ ᠪᠠᠷᠠᠭᠤᠨᠰᠢ ᠪᠠᠨ ᠭᠦᠯᠦ ᠴᠠᠭᠠᠨ ᠬᠤᠰᠢᠭᠤ᠂ ᠬᠤᠶᠢᠰᠢ ᠪᠠᠨ ᠭᠦᠯᠦ ᠬᠥᠬᠡ ᠬᠤᠰᠢᠭᠤ ᠲᠠᠢ ᠵᠠᠬ᠎ᠠ ᠨᠡᠶᠢᠯᠡᠨ᠎ᠡ᠃ ᠥᠷᠭᠡᠨ  ᠢᠶᠠᠷ ᠢᠶᠠᠨ ᠲᠠᠪᠢᠨ ᠵᠢᠷᠭᠤᠭᠠᠨ ᠭᠠᠵᠠᠷ᠂ ᠤᠷᠲᠤ ᠪᠠᠷ ᠢᠶᠠᠨ ᠵᠠᠭᠤ ᠶᠡᠷᠡᠨ ᠳᠣᠯᠣᠭᠠᠨ ᠭᠠᠵᠠᠷ᠃         ᠭᠦᠯᠦ ᠴᠠᠭᠠᠨ ᠬᠤᠰᠢᠭᠤ᠄ ᠪᠣᠯᠠᠭᠲᠠᠢ ᠳᠤ ᠲᠥᠪᠯᠡᠨ᠎ᠡ᠃ ᠥᠷᠦᠭᠡᠰᠦᠨ ᠴᠢᠯᠠᠭᠤᠨ ᠬᠠᠭᠠᠯᠭ᠎ᠠ ᠠᠴᠠ ᠪᠠᠷᠠᠭᠤᠨ ᠬᠤᠶᠢᠰᠢ ᠬᠤᠶᠠᠷ ᠵᠠᠭᠤ ᠶᠡᠷᠡᠨ ᠭᠠᠵᠠᠷ᠃ ᠨᠠᠶᠢᠰᠯᠡᠯ ᠬᠤᠲᠠ ᠠᠴᠠ ᠨᠠᠢᠮᠠᠨ ᠵᠠᠭᠤ ᠬᠤᠷᠢᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠥᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠤᠨ ᠵᠠᠬᠢᠷᠭ᠎ᠠ ᠠᠴᠠ ᠪᠠᠷᠠᠭᠤᠨ ᠬᠤᠶᠢᠰᠢ ᠪᠣᠢ᠃ ᠵᠡᠭᠦᠨ ᠪᠠ ᠬᠤᠶᠢᠲᠤ ᠪᠡᠶ᠎ᠡ ᠪᠠᠷ ᠬᠥᠪᠡᠭᠡᠲᠦ ᠴᠠᠭᠠᠨ ᠲᠠᠢ ᠵᠠᠬ᠎ᠠ ᠨᠡᠶᠢᠯᠡᠵᠦ᠂ ᠪᠠᠷᠠᠭᠤᠨ ᠪᠠ ᠡᠮᠦᠨᠡᠭᠦᠷ ᠢᠶᠠᠨ ᠬᠥᠪᠡᠭᠡᠲᠦ ᠰᠢᠷ᠎ᠠ ᠲᠠᠢ ᠵᠠᠬ᠎ᠠ ᠨᠡᠶᠢᠯᠡᠨ᠎ᠡ᠃ ᠥᠷᠭᠡᠨ ᠢᠶᠠᠷ ᠢᠶᠠᠨ ᠳᠠᠯᠠᠨ ᠨᠠᠢᠮᠠᠨ ᠭᠠᠵᠠᠷ᠂ ᠤᠷᠲᠤ ᠪᠠᠷ ᠢᠶᠠᠨ ᠬᠤᠶᠠᠷ ᠵᠠᠭᠤ ᠶᠡᠷᠡᠨ ᠲᠠᠪᠣᠨ ᠭᠠᠵᠠᠷ᠃         ᠬᠥᠪᠡᠭᠡᠲᠦ ᠬᠥᠬᠡ ᠬᠤᠰᠢᠭᠤ᠄ ᠠᠪᠬᠠᠨ ᠬᠠᠷ᠎ᠠ ︵ᠬᠢᠲᠠᠳ ᠢᠶᠠᠷ ᠮᠠᠩ ᠬᠠᠨ ᠱᠠᠨ︶ ᠳᠤ ᠲᠥᠪᠯᠡᠨ᠎ᠡ᠃ ᠱᠥᠷᠬᠡᠢ ᠴᠢᠯᠠᠭᠤᠨ ᠬᠠᠭᠠᠯᠭ᠎ᠠ ᠠᠴᠠ ᠵᠡᠭᠦᠨ ᠬᠤᠶᠢᠰᠢ ᠶᠡᠷᠡᠨ ᠭᠠᠵᠠᠷ᠃ ᠵᠡᠭᠦᠨ ᠡᠮᠦᠨᠡᠰᠢ ᠨᠡᠶᠢᠰᠯᠡᠯ ᠠᠴᠠ ᠮᠢᠩᠭᠠᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᠱᠠᠨ ᠰᠢ ᠶᠢᠨ ᠨᠢᠩ ᠶᠣᠸᠠᠨ ᠲᠢᠩᠬᠢᠮ ᠠᠴᠠ ᠬᠤᠶᠢᠲᠤ ᠵᠦᠭ ᠲᠤ ᠪᠣᠢ᠃ ᠵᠡᠭᠦᠨᠰᠢ ᠬᠥᠪᠡᠭᠡᠲᠦ ᠤᠯᠠᠭᠠᠨ ᠬᠤᠰᠢᠭᠤ᠂ ᠪᠠᠷᠠᠭᠤᠨᠰᠢ ᠱᠠᠨ ᠰᠢ᠂ ᠬᠥᠬᠡᠬᠤᠲᠠ᠂ ᠡᠮᠦᠨᠡᠰᠢ ᠳᠠᠶᠢᠲ᠋ᠦ᠋ᠩ᠂ ᠬᠤᠶᠢᠰᠢ ᠳᠥᠷᠪᠡᠨ ᠬᠡᠦᠬᠡᠳ ᠤᠨ ᠬᠤᠰᠢᠭᠤ ᠲᠠᠢ ᠵᠠᠭᠠᠭᠯᠠᠨ᠎ᠠ᠃ ᠥᠷᠭᠡᠨ ᠢᠶᠠᠷ ᠢᠶᠠᠨ ᠵᠠᠭᠤ ᠠᠷᠪᠠᠨ ᠲᠠᠪᠣᠨ ᠭᠠᠵᠠᠷ᠂ ᠤᠷᠲᠣ ᠪᠠᠷ ᠢᠶᠠᠨ ᠵᠠᠭᠤ ᠵᠢᠷᠠᠨ ᠭᠠᠵᠠᠷ᠃         ᠭᠦᠯᠦ ᠬᠥᠬᠡ ᠬᠤᠰᠢᠭᠤ᠄ ᠵᠢᠭᠠᠰᠣᠲᠠᠢ ᠨᠠᠭᠤᠷ ᠲᠤ ᠲᠥᠪᠯᠡᠨ᠎ᠡ᠃ ᠥᠷᠦᠭᠡᠰᠦᠨ ᠴᠢᠯᠠᠭᠤᠨ ᠬᠠᠭᠠᠯᠭ᠎ᠠ ᠠᠴᠠ ᠵᠡᠭᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠲᠤ ᠪᠣᠢ᠃ ᠡᠮᠦᠨᠡᠰᠢ ᠨᠡᠶᠢᠰᠯᠡᠯ ᠬᠤᠲᠠ ᠠᠴᠠ ᠵᠠᠭᠤ ᠶᠡᠷᠡᠨ ᠭᠠᠵᠠᠷ ᠵᠠᠶᠢᠲᠠᠢ᠃ ᠮᠠᠯ ᠤᠨ ᠪᠡᠯᠴᠢᠭᠡᠷ ᠨᠢ ᡁᠢᠯᠢ ᠶᠢᠨ ᠥᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠠᠴᠠ ᠬᠤᠶᠢᠰᠢ ᠪᠣᠢ᠃ ᠵᠡᠭᠦᠨᠰᠢ ᠬᠡᠰᠢᠭᠲᠡᠨ᠂ ᠪᠠᠷᠠᠭᠤᠨᠰᠢ ᠬᠥᠪᠡᠭᠡᠲᠦ ᠴᠠᠭᠠᠨ᠂ ᠡᠮᠦᠨᠡᠰᠢ ᠳᠣᠲᠣᠭᠠᠳᠤ ᠬᠡᠷᠡᠭ ᠢ ᠪᠥᠭᠦᠳᠡ ᠵᠠᠬᠢᠷᠬᠤ ᠶᠠᠮᠣᠨ ᠤ ᠭᠦᠯᠦ ᠴᠠᠭᠠᠨ ᠬᠤᠨᠢᠨ ᠰᠦᠷᠦᠭ ᠮᠠᠯᠵᠢᠯ ᠤᠨ ᠲᠠᠯᠠᠪᠠᠢ᠂ ᠬᠤᠶᠢᠰᠢ ᠠᠪᠠᠭ᠎ᠠ ᠵᠡᠭᠦᠨ ᠭᠠᠷ ᠬᠤᠰᠢᠭᠤ ᠲᠠᠢ ᠵᠠᠬ᠎ᠠ ᠨᠡᠶᠢᠯᠡᠨ᠎ᠡ ᠃ ᠥᠷᠭᠡᠨ ᠢᠶᠠᠷ ᠢᠶᠠᠨ ᠬᠤᠶᠠᠷ ᠵᠠᠭᠤ ᠵᠢᠷᠠᠨ ᠲᠠᠪᠣᠨ ᠭᠠᠵᠠᠷ᠂ ᠤᠷᠲᠤ ᠪᠠᠷ ᠢᠶᠠᠨ ᠶᠡᠷᠡᠨ ᠲᠠᠪᠣᠨ ᠭᠠᠵᠠᠷ᠃ ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号