ᠬᠦᠭᠵᠢᠯᠳᠦ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/6
                      ᠮᠢᠨᠦ ᠮᠤᠩᠭᠤᠯ ᠬᠡᠯᠡ                          ᠤᠯᠠᠭᠠᠨᠬᠠᠳᠠ ᠬᠤᠳᠠ ᠶᠢᠨ ᠪᠠᠭᠠᠷᠢᠨ ᠵᠡᠬᠦᠨ  ᠬᠤᠰᠢᠭᠤ                                                 ᠬᠦᠭᠵᠢᠯᠳᠦ ᠪᠠᠶᠠᠨ ᠲᠡᠯᠡᠬᠡᠢ ᠶᠢᠨ ᠠᠮᠢᠳᠠᠨ ᠪᠤᠳᠠᠰ ᠤᠨ ᠠᠪᠢᠶ᠎ᠠ ᠪᠦᠬᠦᠨ ᠢ ᠪᠠᠭᠳᠠᠭᠠᠭᠰᠠᠨ ᠪᠠᠷᠳᠠᠮ ᠲᠡᠭᠦᠯᠳᠡᠷ ᠬᠡᠯᠡᠨ ᠳᠤ   ᠪᠠᠨ ᠰᠢᠳᠦᠵᠦ ᠪᠢᠳᠡ ᠪᠦᠬᠦᠨ ᠲᠠᠢ ᠨᠡᠪᠳᠡᠷᠡᠭᠰᠡᠨ ᠪᠤᠷᠵᠢᠨ ᠴᠢᠯᠠᠭᠤᠨ ᠤ ᠡᠮᠵᠡᠭᠯᠡᠯ᠂ ᠪᠤᠯᠠᠭ ᠤᠨ ᠤᠰᠤᠨ ᠤ ᠰᠢᠪᠡᠨᠡᠭᠡ ᠶᠢ ᠴᠦ ᠪᠤᠷᠤᠬᠠᠨ ᠵᠢᠷᠦᠬᠡ ᠪᠠᠷ ᠢᠶᠠᠨ ᠮᠡᠳᠡᠷᠡᠵᠦ ᠬᠠᠶᠢᠷᠠᠯᠠᠵᠤ ᠬᠢᠮᠠᠭᠠᠳᠠᠵᠤ ᠶᠠᠪᠤᠭᠰᠠᠨ         ᠮᠢᠨᠦ ᠮᠤᠩᠭᠤᠯ ᠬᠡᠯᠡ ᠲᠦᠮᠡᠨ ᠤ ᠠᠶᠠᠯᠭᠤ        ᠮᠢᠨᠦ ᠮᠤᠩᠭᠤᠯ ᠬᠡᠯᠡ ᠲᠡᠭᠷᠢ ᠶᠢᠨ ᠡᠭᠡᠰᠢᠭ ᠡᠪᠡᠷ ᠭᠡᠳᠡᠰᠦ ᠰᠡᠬᠦᠯ ᠡᠪᠯᠡᠵᠦ ᠪᠦᠳᠦᠭᠰᠡᠨ ᠤᠨᠠᠭᠠᠨ ᠲᠦᠷᠬᠦ ᠲᠠᠢ ᠡᠭᠡᠰᠢᠭ ᠭᠡᠶᠢᠭᠦᠯᠦᠭᠴᠢ ᠲᠡᠪᠢᠰᠭᠡᠷ ᠡᠶᠡᠯᠡᠵᠦ ᠵᠤᠬᠢᠴᠠᠭᠰᠠᠨ ᠲᠤᠯᠭ᠎ᠠ ᠶᠢᠨ ᠴᠢᠯᠠᠭᠤᠳ ᠲᠠᠢ ᠡᠬᠡ ᠬᠡᠯᠡ ᠪᠠᠨ ᠢᠩᠭᠢᠵᠦ ᠲᠡᠮᠳᠡᠭᠯᠡᠳᠡᠭ ᠪᠤᠯᠬᠤᠷ ᠪᠢᠳᠡ ᠪᠠᠶᠢᠭᠠᠯᠢ ᠳᠤ ᠪᠠᠨ ᠡᠭᠡᠯᠢ ᠲᠠᠢ ᠡᠬᠡ ᠬᠡᠯᠡ ᠪᠠᠷ ᠢᠩᠭᠢᠵᠦ ᠤᠶᠠᠩᠭᠠᠯᠠᠭᠰᠠᠨ ᠪᠤᠯᠬᠤᠷ ᠮᠤᠩᠭᠤᠯ ᠲᠡᠯᠡᠬᠡᠢ ᠳᠤ  ᠦᠨ᠎ᠡ ᠲᠠᠢ         ᠮᠢᠨᠦ ᠮᠤᠩᠭᠤᠯ ᠬᠡᠯᠡ ᠲᠦᠮᠡᠨ ᠤ ᠠᠶᠠᠯᠭᠤ         ᠮᠢᠨᠦ ᠮᠤᠩᠭᠤᠯ ᠬᠡᠯᠡ ᠲᠡᠭᠷᠢ ᠶᠢᠨ ᠡᠭᠡᠰᠢᠭ ᠡᠩ ᠲᠡᠯᠡᠬᠡᠢ ᠳᠤ ᠢᠵᠢᠯᠢ ᠦᠬᠡᠢ ᠭᠠᠶᠢᠬᠠᠮᠰᠢᠭᠳᠤ ᠢᠰᠡᠭᠡᠢ ᠴᠠᠭᠠᠨ ᠭᠡᠷ ᠢᠶᠠᠨ ᠰᠢᠭ ᠡᠷᠡᠯᠭᠡᠭ ᠪᠤᠰᠤᠭ᠎ᠠ ᠬᠡᠶᠢᠮᠤᠷᠢᠯᠢᠭ᠌ ᠵᠢᠪᠬᠤᠭ᠎ᠠ ᠮᠢᠨᠦ ᠮᠤᠩᠭᠤᠯ ᠬᠡᠯᠡᠨ ᠳᠤ ᠪᠤᠢ ᠡᠨᠡ ᠬᠡᠯᠡ ᠪᠠᠷ ᠢᠶᠠᠨ ᠰᠤᠷᠤᠭᠰᠠᠨ ᠰᠡᠳᠬᠢᠭᠰᠡᠨ ᠦᠪᠡᠷᠮᠢᠴᠡ ᠰᠤᠳᠤᠨ ᠮᠤᠩᠭᠤᠯ ᠦᠭᠡᠷ᠎ᠡ ᠬᠡᠨ ᠢ ᠴᠦ ᠲᠠᠪᠳᠠᠬᠤ ᠦᠭᠡᠢ ᠲᠠᠭᠠᠭᠤᠯᠬᠤ ᠦᠭᠡᠢ ᠪᠦᠮᠪᠦᠷᠴᠡᠭ ᠤᠨ ᠴᠡᠭᠡᠵᠢᠨ ᠳᠤ ᠪᠤᠢ        ᠮᠢᠨᠦ ᠮᠤᠩᠭᠤᠯ ᠬᠡᠯᠡ ᠲᠦᠮᠡᠨ ᠤ ᠠᠶᠠᠯᠭᠤ        ᠮᠢᠨᠦ ᠮᠤᠩᠭᠤᠯ ᠬᠡᠯᠡ ᠲᠡᠭᠷᠢ ᠶᠢᠨ ᠡᠭᠡᠰᠢᠭ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号