ᠰᠢᠨ᠎ᠡ ᠭᠦᠳᠡᠭᠡ ᠶᠢᠨ ᠰᠠᠭᠤᠷᠢᠰᠢᠯ ᠠᠴᠠ ᠰᠢᠵᠢᠷ ᠬᠢᠯᠪᠠᠭ᠎ᠠ ᠰᠠᠴᠤᠷᠠᠨᠠᠮ
ᠨᠡᠶᠢᠲᠡᠯᠡᠭᠰᠡᠨ ᠴᠠᠭ᠄
2019/8/9
                   ᠴᠢᠮᠡᠭᠡᠯᠡᠭᠴᠢ ᠡᠷᠳᠡᠨᠢᠸ᠋ᠴᠢᠷ          ᠨᠠᠷᠠ ᠬᠤᠷ᠎ᠠ ᠲᠡᠩᠴᠡᠭᠰᠡᠨ ᠨᠠᠯᠠᠭᠠᠷ ᠵᠤᠨ ᠤ ᠤᠯᠠᠷᠢᠯ ᠢᠶᠠᠷ ᠨᠤᠳᠤᠭ ᠤᠰᠤᠨ ᠤ ᠭᠦᠭᠵᠢᠯᠳᠡ ᠬᠤᠪᠢᠷᠠᠯᠳᠠ ᠶᠢ ᠵᠢᠷᠤᠭᠯᠠᠨ ᠪᠢᠴᠢᠭᠦ ᠶᠤᠮ ᠰᠠᠨ ᠭᠡᠵᠤ ᠰᠢᠯᠤᠭᠤᠨ ᠭᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠴᠠᠭᠠᠨ ᠤᠪᠤᠭ᠎ᠠ ᠭᠠᠴᠠᠭᠠᠨ ᠤ ᠮᠠᠯᠴᠢᠨ ᠪᠦᠭᠡᠴᠢᠯᠠᠭᠤ ᠶᠢᠨ ᠬᠢ ᠶᠢ ᠵᠤᠷᠢᠯ᠎ᠠ᠃          ᠴᠠᠭᠠᠨ ᠤᠪᠤᠭᠠᠨ ᠤ ᠪᠠᠨ ᠨᠠᠪᠳᠠᠭ ᠰᠠᠪᠳᠠᠭ ᠲᠤ ᠲᠠᠭᠠᠳᠬᠠᠨ᠂ ᠴᠠᠭᠯᠠᠰᠢ ᠦᠭᠡᠢ ᠠᠮᠢᠳᠤᠷᠠᠯ ᠢᠶᠠᠨ ᠴᠤᠭᠴᠠᠯᠠᠵᠤ ᠶᠠᠪᠤᠭ᠎ᠠ ᠡᠳᠡᠨᠡᠶᠢᠬᠢᠨ ᠳᠤ ᠭᠦᠷᠭᠦ ᠳᠤ ᠭᠡᠷ ᠪᠠᠶᠢᠰᠢᠩ᠂ ᠭᠦᠷᠢᠶ᠎ᠡ ᠬᠤᠷᠤᠭ᠎ᠠ᠂ ᠠᠷᠭᠠᠯ ᠲᠦᠯᠡᠰᠢ  ᠪᠦᠭᠦᠨ  ᠨᠢ ᠲᠡᠷᠢ ᠲᠡᠭᠰᠢ᠂ ᠴᠡᠪᠡᠷ ᠴᠡᠮᠴᠡᠭᠡᠷ ᠪᠠᠶᠢᠬᠤ ᠠᠴᠠ ᠦᠨᠡᠭᠡᠷ ᠭᠦᠳᠡᠯᠮᠤᠷᠢᠴᠢ ᠠᠶᠢᠯ ᠪᠠᠶᠢᠨ᠎ᠠ ᠭᠡᠳᠡᠭ ᠨᠢ ᠭᠡᠷ ᠤᠨ ᠭᠠᠳᠠᠨ᠎ᠠ  ᠠᠴᠠ ᠨᠢ ᠭᠠᠳᠠᠷᠯᠠᠭᠳᠠᠨ᠎ᠠ᠃ ᠪᠦᠭᠡᠴᠢᠯᠠᠭᠤ ᠨᠠᠷᠠᠨᠴᠢᠮᠡᠭ ᠬᠤᠶᠠᠷ ᠮᠤᠩᠭᠤᠯ ᠤᠨ ᠰᠠᠶᠢᠬᠠᠨ ᠵᠠᠩᠰᠢᠯ ᠢᠶᠠᠷ ᠨᠠᠮᠠᠢᠢ ᠤᠭᠳᠤᠨ ᠦᠷᠤᠭᠡ ᠭᠡᠷ ᠲᠡᠭᠡᠨ ᠵᠠᠯᠠᠯ᠎ᠠ᠃ ᠠᠶᠠᠭᠠᠯᠠᠭᠰᠠᠨ ᠴᠠᠢ ᠠᠴᠠ ᠨᠢ ᠤᠤᠭᠤᠵᠤ᠂ ᠠᠶᠢᠯ ᠭᠡᠷ ᠤᠨ ᠬᠢᠨᠢ ᠵᠠᠰᠠᠯ ᠴᠢᠮᠡᠭᠯᠡᠯ ᠢ ᠠᠵᠢᠭᠯᠠᠵᠤ ᠦᠵᠡᠪᠡᠯ ᠰᠢᠨ᠎ᠡ ᠴᠠᠭ ᠤᠨ ᠡᠳ᠋ᠯᠡᠯ ᠭᠡᠷᠡᠭᠰᠡᠯ᠂ ᠴᠠᠬᠢᠯᠭᠠᠨ ᠭᠡᠷᠡᠭᠰᠡᠯ ᠢ ᠢᠵᠢ ᠪᠦᠷᠢᠳᠦᠭᠦᠯᠵᠤ᠂ ᠭᠡᠷ ᠤᠷᠤᠨ  ᠢᠶᠠᠨ ᠴᠦ ᠬᠤᠳᠠ ᠶᠢᠨ ᠠᠶᠢᠯ ᠤᠨ ᠠᠮᠢᠳᠤᠷᠠᠯ ᠠᠴᠠ ᠲᠤᠳᠠᠭᠤ ᠦᠭᠡᠢ ᠭᠤᠶᠤᠬᠠᠨ ᠪᠠᠶᠢᠷᠢᠯᠠᠭᠤᠯᠵᠤ᠂ ᠦᠭᠡᠷᠡᠴᠢᠯᠡᠯᠳᠡ ᠭᠦᠭᠵᠢᠯᠳᠡ ᠶᠢᠨ ᠦᠷᠨᠢᠯ ᠭᠦᠭᠵᠢᠯ ᠭᠦᠳᠡᠭᠡ ᠨᠤᠳᠤᠭ ᠲᠤ ᠵᠢᠷᠤᠭᠯᠠᠭᠳᠠᠨ᠎ᠠ᠃          ᠪᠦᠭᠡᠴᠢᠯᠠᠭᠤ ᠶᠢᠨ ᠬᠢᠨ 50 ᠭᠠᠷᠤᠢ ᠰᠢᠮᠧᠨ᠋ᠲ᠋ᠠᠷ ᠦᠭᠡᠷ ᠪᠠ ᠴᠦᠭᠡᠪᠤᠷᠢ ᠭᠡᠳᠤᠨ ᠨᠤᠳᠤᠭ ᠤᠨ ᠦᠭᠡᠷ᠂ ᠵᠠᠭᠤᠭᠠᠤᠨ ᠬᠤᠨᠢ ᠮᠠᠯᠵᠢᠵᠤ᠂ ᠡᠨᠡ ᠵᠢᠯ ᠬᠤᠷᠢᠭᠠᠤᠨ ᠲᠤᠭᠤᠯ᠂ ᠨᠠᠶᠠᠭᠠᠤᠨ ᠬᠤᠷᠠᠭ᠎ᠠ ᠲᠤᠰᠴᠠᠢ᠃ ᠲᠡᠳᠡ ᠬᠤᠶᠠᠷ ᠰᠢᠷᠭᠠᠭᠤ ᠭᠦᠳᠡᠯᠮᠤᠷᠢᠯᠡᠨ ᠠᠮᠢᠳᠤᠷᠠᠯ ᠢᠶᠠᠨ ᠦᠭᠡᠳᠡ ᠲᠠᠳᠠᠬᠤ ᠶᠢᠨ ᠲᠠᠭᠠᠤ ᠠᠮᠢ ᠠᠬᠤᠢ ᠪᠠᠨ ᠬᠠᠮᠠᠭᠠᠯᠠᠬᠤ ᠠᠵᠢᠯ ᠢ ᠨᠢᠳᠤᠨ ᠡᠮᠤᠨᠡᠬᠢ ᠴᠢᠬᠤᠯᠠ ᠶᠠᠪᠤᠳᠠᠯ ᠢᠶᠠᠨ ᠪᠤᠯᠭᠠᠵᠤ᠂ 2013 ᠤᠨ ᠠᠴᠠ ᠡᠬᠢᠯᠡᠨ ᠦᠪᠡᠷ ᠤᠨ ᠨᠤᠳᠤᠭ ᠤᠨ ᠢᠶᠠᠨ ᠡᠯᠡᠰᠤᠷᠭᠡᠭᠵᠢᠭᠰᠡᠨ ᠡᠷᠬᠢ ᠮᠠᠩᠬ᠎ᠠ ᠶᠢ ᠵᠢᠯ ᠪᠦᠷᠢ ᠠᠰᠢᠭ ᠲᠠᠢ ᠨᠦᠭᠦᠴᠡᠯ ᠢ ᠠᠰᠢᠬᠯᠠᠨ ᠰᠢᠷ᠎ᠠ ᠪᠤᠷᠭᠠᠰᠤ᠂ ᠬᠠᠷᠠᠭᠠᠨ᠎ᠠ᠂ ᠤᠷᠳᠤ ᠨᠠᠰᠤᠳᠤ ᠡᠪᠡᠰᠤ ᠲᠠᠷᠢᠵᠤ ᠢᠷᠡᠭᠰᠡᠨ ᠠᠴᠠ ᠤᠳᠤ ᠪᠠᠷᠤᠭ ᠲᠡᠶᠢᠮᠤ ᠶᠡᠭᠡ ᠡᠯᠡᠰᠤ ᠲᠠᠢ ᠭᠠᠵᠠᠷ ᠦᠭᠡᠢ ᠪᠤᠯᠤᠭᠰᠠᠨ ᠪᠠᠶᠢᠪᠠ᠃          ᠪᠦᠭᠡᠴᠢᠯᠠᠭᠤ ᠶᠢᠨ ᠪᠦᠰᠡᠭᠦᠢ ᠨᠠᠷᠠᠨᠴᠢᠮᠡᠭ ᠰᠢᠨᠡᠭᠡᠨ ᠰᠠᠭᠤᠷᠢᠰᠢᠯ ᠤᠨ ᠢᠶᠠᠨ ᠲᠤᠬᠠᠢ ᠶᠠᠷᠢᠬᠤ ᠳᠠᠭᠠᠨ᠄ ︽ᠮᠠᠨ  ᠤ ᠬᠢ 2013 ᠤᠨ ᠳᠤ ᠪᠠᠶᠢᠭᠠᠯᠢ ᠶᠢᠨ ᠭᠠᠮᠰᠢᠭ ᠲᠤ ᠤᠴᠠᠷᠠᠵᠤ᠂ ᠭᠡᠷ ᠪᠠᠶᠢᠰᠢᠩ᠂ ᠬᠤᠷᠤᠭ᠎ᠠ ᠬᠠᠰᠢᠶ᠎ᠠ᠂ ᠡᠪᠡᠰᠤ ᠪᠤᠷᠳᠤᠭ᠎ᠠ᠂ ᠡᠳ᠋ ᠪᠤᠳᠠᠰ ᠪᠦᠭᠦᠨ ᠢᠶᠠᠷ ᠢᠶᠠᠨ ᠠᠶᠤᠩᠭ᠎ᠠ ᠳᠤ ᠲᠠᠭᠠᠷᠢᠭᠳᠠᠵᠤ ᠰᠢᠳᠠᠵᠤ ᠰᠦᠢᠳᠤᠨ᠂ ᠪᠢᠳᠡ ᠭᠡᠳᠤᠭᠦᠯᠡ ᠤᠷᠤᠬᠤ ᠭᠡᠷ᠂ ᠤᠤᠭᠤᠴᠢᠬᠠᠤ ᠠᠶᠠᠭ᠎ᠠ ᠦᠭᠡᠢ ᠪᠤᠯᠵᠤ᠂ ᠶᠡᠭᠡ ᠵᠤᠪᠠᠵᠤ ᠵᠦᠳᠡᠷᠡᠭᠰᠡᠨ ᠰᠢᠤ᠃ ᠭᠡᠪᠡᠴᠤ ᠨᠠᠮ ᠵᠠᠰᠠᠭ ᠤᠨ ᠲᠡᠮᠵᠢᠯᠭᠡ ᠪᠠ ᠦᠪᠡᠷ ᠤᠨ ᠰᠢᠷᠭᠠᠭᠤ ᠭᠦᠳᠡᠯᠮᠤᠷᠢ ᠰᠢᠨᠳᠠᠷᠠᠰᠢ ᠦᠭᠡᠢ ᠴᠢᠷᠮᠠᠶᠢᠯᠭ᠎ᠠ ᠪᠠᠷ ᠡᠳᠡᠭᠡᠷ ᠵᠢᠯ ᠤᠳ ᠲᠤ ᠮᠠᠨ ᠤ ᠤᠷᠤᠨ ᠰᠠᠭᠤᠴᠠ᠂ ᠦᠢᠯᠡᠳᠪᠤᠷᠢᠯᠡᠯ ᠠᠮᠢᠳᠤᠷᠠᠯ ᠴᠦ ᠨᠡᠯᠢᠶᠡᠤᠨ ᠰᠠᠶᠢᠵᠢᠷᠠᠵᠤ ᠢᠷᠡᠭᠰᠡᠨ᠂ ᠡᠨᠡᠭᠦ ᠭᠤᠷᠪᠠᠨ ᠲᠠᠰᠤᠯᠭ᠎ᠠ ᠤᠷᠤᠨ ᠰᠠᠭᠤᠴᠠ ᠪᠠᠨ ᠡᠪᠤᠭᠡᠨ᠂ ᠭᠦᠷᠭᠡᠨ ᠭᠡᠤᠭᠡᠨ ᠪᠢᠳᠡ ᠭᠡᠳᠤᠭᠦᠯᠡ ᠦᠪᠡᠷ ᠢᠶᠠᠨ ᠰᠢᠬᠠᠭᠤ ᠪᠠᠷᠢᠭᠰᠠᠨ ᠰᠢᠤ︾ ᠭᠡᠵᠤ ᠶᠠᠷᠢᠬᠤ ᠳᠤ ᠮᠢᠨᠤ ᠲᠤᠳᠤᠷ᠎ᠠ ᠭᠦᠳᠡᠯᠮᠤᠷᠢᠴᠢ ᠭᠦᠮᠤᠨ ᠤ ᠠᠮᠢᠳᠤᠷᠠᠯ ᠬᠤᠳᠠ ᠭᠦᠳᠡᠭᠡ ᠭᠡᠰᠡᠨ ᠦᠭᠡᠢ ᠭᠡᠵᠢᠶᠡᠳᠡ ᠦᠭᠡᠳᠡᠷᠭᠡᠭ ᠪᠠᠶᠢᠳᠠᠭ ᠭᠡᠰᠡᠨ ᠪᠤᠳᠤᠯ ᠰᠡᠳᠬᠢᠯ ᠳᠤ ᠡᠷᠬᠢᠯᠳᠤᠯ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号