ᠤᠶᠠᠩᠭ᠎ᠠ ᠬᠡᠯᠬᠢᠭᠰᠡᠨ ᠤᠷᠳᠤ ᠨᠠᠮᠤᠷ ᠲᠠᠭᠠᠨ ᠰᠢᠪᠠᠭᠤᠳ ᠨᠢ ᠬᠤᠷᠭᠤᠳᠠᠨᠠᠮ ᠤᠷᠮ᠎ᠠ ᠬᠡᠯᠬᠢᠭᠰᠡᠨ ᠤᠯᠠᠨ  ᠤ ᠪᠦᠯᠬᠦᠮᠳᠡᠯ ᠳᠤ ᠵᠤᠷᠢᠭ ᠡᠷᠴᠢᠯᠡᠨᠡᠮ
ᠨᠡᠶᠢᠲᠡᠯᠡᠭᠰᠡᠨ ᠴᠠᠭ᠄
2024/11/1
                ᠤᠨᠴᠠ ᠤᠷᠢᠭᠰᠠᠨ ᠴᠢᠮᠡᠭᠡᠯᠡᠭᠴᠢ ᠲᠤ᠋ ᠤᠶᠤᠨᠪᠢᠯᠢᠭ᠌      ᠤᠷᠴᠢᠮᠬᠠᠨ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠮᠤᠩᠭᠤᠯᠵᠢᠨ ᠭᠠᠴᠠᠭᠠᠨ ᠤ ᠮᠠᠯᠴᠢᠳ ᠪᠠᠶᠠᠨᠴᠠᠭᠠᠨ ᠭᠠᠴᠠᠭᠠᠨ ᠠᠴᠠ ᠮᠤᠩᠭᠤᠯᠵᠢᠨ ᠭᠠᠴᠠᠭ᠎ᠠ ᠬᠦᠷᠬᠦ ᠡᠯᠡᠰᠦᠨ ᠬᠦᠳᠦᠯ ᠪᠠ ᠰᠢᠪᠠᠷ ᠲᠠᠢ ᠬᠤᠩᠬᠤᠷ ᠢ ᠵᠠᠰᠠᠬᠤ ᠰᠠᠶᠢᠨ ᠲᠤᠷᠠᠴᠤᠤᠯ ᠤᠨ ᠠᠵᠢᠯᠯᠠᠭ᠎ᠠ ᠦᠷᠨᠢᠬᠦᠯᠵᠦ᠂ ᠳᠡᠷᠭᠡ ᠤᠨᠤᠭ᠎ᠠ ᠶᠠᠪᠤᠬᠤ ᠳᠤ ᠲᠤᠶᠢᠯ  ᠤᠨ ᠬᠦᠴᠢᠷ ᠲᠠᠢ ᠰᠢᠬᠢᠳᠴᠦ ᠳᠤᠷᠴᠤ ᠪᠠᠶᠢᠭᠰᠠᠨ ᠪᠠᠶᠢᠳᠠᠯ ᠢ ᠦᠭᠡᠷᠡᠴᠢᠯᠡᠵᠦ ᠠᠷᠠᠳ ᠤᠯᠠᠨ ᠳᠤ ᠠᠰᠢᠭ ᠬᠦᠷᠳᠡᠭᠡᠭᠰᠡᠨ ᠪᠠᠶᠢᠨ᠎ᠠ᠃     ᠲᠤᠰ ᠤᠳᠠᠭᠠᠨ ᠤ ᠠᠵᠢᠯᠯᠠᠭᠠᠨ ᠳᠤ ᠮᠠᠷᠴᠠ᠂ ᠲᠤᠬᠢᠯ᠂ ᠴᠠᠭᠠᠨ ᠬᠤᠰᠤ᠂ ᠲᠦᠭᠦᠷᠢᠭ᠂ ᠤᠪᠤᠭᠠᠨ ᠠᠷᠤ᠂ ᠬᠤᠵᠢᠷᠳᠠᠢ ᠵᠡᠷᠭᠡ ᠲᠤᠯᠤᠭᠠᠨ ᠬᠤᠳᠠᠨ ᠤ ᠭᠤᠴᠢ ᠰᠢᠬᠠᠮ ᠬᠦᠮᠦᠰ ᠤᠷᠤᠯᠴᠠᠵᠤ᠂ ᠬᠤᠶᠠᠷ ᠳᠤᠮᠤ ᠬᠡᠯᠪᠡᠷᠢ ᠶᠢᠨ ᠤᠳᠬᠤᠭᠤᠷ ᠮᠠᠰᠢᠨ᠂ ᠬᠤᠶᠠᠷ ᠲᠦᠷᠪᠡᠨ ᠬᠦᠷᠳᠦᠳᠦ ᠠᠴᠢᠬᠤ ᠮᠠᠰᠢᠨ ᠪᠤᠯᠤᠨ ᠲᠠᠷᠠᠺᠲ᠋ᠤᠷ᠂ ᠭᠤᠷᠪᠠᠨ ᠬᠦᠷᠳᠦᠳᠦ ᠮᠤᠲ᠋ᠤᠷ ᠵᠡᠷᠭᠡ ᠳᠡᠷᠭᠡ ᠤᠨᠤᠭ᠎ᠠ ᠬᠦᠳᠡᠯᠭᠡᠨ᠂ ᠲᠦᠯᠡᠭᠡ ᠳᠡᠭᠦᠵᠦ ᠰᠢᠪᠠᠷ ᠲᠠᠢ ᠨᠦᠭᠡᠨ ᠳᠤ ᠳᠡᠪᠢᠰᠴᠦ᠂ ᠡᠯᠡᠰᠦ  ᠪᠠᠷ ᠲᠠᠷᠤᠵᠦ ᠳᠡᠭᠰᠢᠯᠡᠭᠰᠡᠨ ᠠᠴᠠ ᠡᠯᠡᠰᠦ ᠰᠢᠪᠠᠷ ᠢ ᠵᠡᠷᠭᠡ ᠳᠤᠨᠢ ᠵᠠᠰᠠᠵᠤ ᠴᠢᠳᠠᠭᠰᠠᠨ ᠪᠠᠶᠢᠨ᠎ᠠ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号