ᠮᠠᠯᠴᠢᠨ ᠵᠠᠯᠠᠭᠤᠰ ᠤᠨ ᠭᠤᠷᠪᠠᠨ ᠬᠠᠮᠳᠤᠷᠠᠯ
ᠨᠡᠶᠢᠲᠡᠯᠡᠭᠰᠡᠨ ᠴᠠᠭ᠄
2024/11/1
                      ᠴᠢᠮᠡᠭᠡᠯᠡᠭᠴᠢ ᠵᠢ᠊ ᠰᠤᠶᠤᠯᠳᠤ       ᠦᠨᠳᠦᠰᠦᠳᠡᠨ ᠨᠦᠭᠦᠳ ᠪᠦᠯᠬᠦᠮᠳᠡᠵᠦ ᠡᠶ᠎ᠡ ᠨᠠᠶᠢᠷ ᠲᠠᠢ᠂ ᠬᠠᠷᠢᠯᠴᠠᠨ ᠬᠠᠪᠰᠤᠷᠤᠯᠴᠠᠵᠤ ᠬᠠᠮᠳᠤ ᠪᠠᠷ ᠳᠠᠪᠰᠢᠭᠰᠠᠨ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠢ ᠪᠤᠢ ᠪᠤᠯᠭᠠᠵᠤ᠂ ᠬᠠᠮᠳᠤᠷᠠᠨ ᠬᠤᠷᠰᠢᠵᠦ ᠠᠵᠢᠯᠯᠠᠬᠤ ᠶᠢᠨ ᠳᠠᠪᠠᠭᠤᠯᠢᠭ ᠢ ᠪᠠᠳᠠᠷᠠᠭᠤᠯᠤᠨ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠪᠤᠷᠤᠬᠤᠵᠢᠷ ᠭᠠᠴᠠᠭᠠᠨ ᠤ ᠭᠡᠰᠡᠭ ᠮᠠᠯᠴᠢᠨ ᠵᠠᠯᠠᠭᠤᠰ ᠬᠠᠮᠳᠤᠷᠠᠯ ᠲᠤᠭᠤᠶᠢᠯᠠᠩ ᠵᠤᠬᠢᠶᠠᠨ ᠪᠠᠶᠢᠭᠤᠯᠵᠤ ᠠᠵᠢᠯᠯᠠᠭᠠᠳ ᠪᠤᠰᠤᠳ ᠲᠤ ᠲᠦᠭᠦᠮ ᠦᠵᠡᠭᠦᠯᠵᠦ ᠪᠠᠶᠢᠬᠤ ᠪᠠᠷ ᠪᠠᠷᠠᠬᠤ ᠦᠭᠡᠢ ᠥᠪᠡᠷᠰᠡᠳ ᠤᠨ ᠢᠶᠠᠨ ᠤᠷᠤᠯᠭ᠎ᠠ ᠶᠢ ᠨᠡᠮᠡᠭᠳᠡᠭᠦᠯᠵᠦ ᠬᠤᠯᠠ ᠤᠶᠢᠷ᠎ᠠ ᠶᠢᠨ ᠬᠦᠮᠦᠰ ᠲᠤ ᠪᠠᠭ᠋ᠠᠷᠬᠠᠭᠳᠠᠵᠤ ᠶᠠᠪᠤᠨ᠎ᠠ᠃      ᠬᠤᠨᠢ ᠬᠠᠶᠢᠴᠢᠯᠠᠬᠤ ᠲᠤᠭᠤᠶᠢᠯᠠᠩ       ᠭᠠᠷ ᠬᠠᠶᠢᠴᠢ ᠪᠠᠷ ᠡᠳᠦᠷ ᠤᠨ 30 ᠭᠠᠷᠤᠢ ᠬᠤᠨᠢ ᠬᠠᠶᠢᠴᠢᠯᠠᠳᠠᠭ ᠠᠯᠮᠠᠰ᠂ ᠪᠠᠶᠠᠷ᠎ᠠ᠂ ᠮᠦᠷᠡᠨ᠂ ᠤᠷᠬᠢᠯ ᠵᠡᠷᠭᠡ 11 ᠬᠦᠮᠦᠨ ᠢᠶᠠᠷ ᠪᠦᠷᠢᠯᠳᠦᠭᠰᠡᠨ ᠬᠤᠨᠢ ᠬᠠᠶᠢᠴᠢᠯᠠᠬᠤ ︽ᠬᠤᠷᠳᠤᠨ ᠭᠠᠷ︾ ᠳᠤᠭᠤᠶᠢᠯᠠᠩ ᠨᠢ 2024 ᠤᠨ ᠤ 5 ᠰᠠᠷ᠎ᠠ ᠠᠴᠠ ᠬᠤᠨᠢ ᠬᠠᠶᠢᠴᠢᠯᠠᠬᠤ ᠠᠵᠢᠯ ᠢᠶᠠᠨ ᠡᠬᠢᠯᠡᠭᠦᠯᠵᠦ᠂ ᠲᠤᠭᠤᠶᠢᠯᠠᠩ ᠤᠨ ᠢᠶᠠᠨ ᠠᠶᠢᠯ ᠤᠳ  ᠤᠨ ᠬᠤᠨᠢ ᠶᠢ ᠬᠡᠳᠦᠬᠡᠨ ᠬᠤᠨᠤᠭ ᠲᠤ ᠬᠠᠶᠢᠴᠢᠯᠠᠵᠤ ᠳᠠᠭᠤᠰᠬᠠᠭᠰᠠᠨ ᠤ ᠳᠠᠷᠠᠭ᠎ᠠ ᠥᠪᠡᠷ ᠤᠨ ᠭᠠᠴᠠᠭ᠎ᠠ ᠪᠠ ᠦᠷᠦᠭᠡᠯ ᠭᠠᠴᠠᠭᠠᠨ ᠤ ᠬᠦᠳᠡᠯᠮᠦᠷᠢ ᠬᠦᠴᠦ ᠴᠦᠭᠡᠨ ᠮᠠᠯᠴᠢᠨ ᠠᠶᠢᠯ ᠤᠳ ᠤᠨ ᠤᠷᠢᠯᠭ᠎ᠠ ᠪᠠᠷ ᠵᠦᠢ ᠵᠤᠬᠢᠰᠳᠠᠢ ᠦᠨ᠎ᠡ ᠬᠠᠩᠰᠢ ᠬᠡᠯᠡᠯᠴᠡᠨ ᠬᠤᠨᠢ ᠶᠢ ᠨᠢ ᠬᠠᠶᠢᠴᠢᠯᠠᠵᠤ ᠨᠢᠭᠡ ᠯᠡ ᠰᠠᠷ᠎ᠠ ᠶᠢᠨ ᠳᠤᠳᠤᠷ᠎ᠠ ᠬᠤᠶᠠᠷ ᠮᠢᠩᠭ᠎ᠠ ᠭᠠᠷᠤᠢ ᠬᠤᠨᠢ ᠬᠠᠶᠢᠴᠢᠯᠠᠵᠤ᠂ ᠬᠦᠮᠦᠨ ᠪᠦᠷᠢ ᠭᠤᠷᠪᠠᠨ ᠮᠢᠩᠭᠠᠨ ᠲᠦᠭᠦᠷᠢᠭ ᠤᠨ ᠤᠷᠤᠯᠭ᠎ᠠ ᠤᠯᠤᠭᠰᠠᠨ ᠪᠠᠶᠢᠨ᠎ᠠ᠃       ᠡᠪᠡᠰᠦ ᠬᠠᠳᠤᠬᠤ ᠲᠤᠭᠤᠶᠢᠯᠠᠩ       ᠰᠢᠷᠭᠠᠯ ᠨᠠᠮᠤᠷ ᠤᠨ ᠦᠳᠭᠡᠨ ᠬᠠᠳᠤᠯᠠᠩ ᠳᠤ ᠱᠠᠯᠠᠮᠠᠭᠠᠢ ᠪᠤᠰᠢᠭᠤ ᠬᠡᠳᠦᠨ ᠵᠠᠯᠠᠭᠤᠰ ᠬᠠᠳᠤᠬᠤ᠂ ᠬᠠᠮᠤᠬᠤ᠂ ᠪᠤᠭᠤᠵᠢᠯᠠᠬᠤ ᠠᠵᠢᠯ ᠢᠶᠠᠨ ᠴᠠᠭ ᠲᠤᠬᠢᠷᠠᠭᠤᠯᠤᠨ ᠶᠠᠭᠠᠷᠠᠯᠳᠠᠶᠢᠬᠠᠨ ᠠᠵᠢᠯᠯᠠᠨ᠎ᠠ᠃ ᠡᠨᠡ ᠪᠤᠯ ᠪᠤᠷᠤᠬᠤᠵᠢᠷ ᠭᠠᠴᠠᠭᠠᠨ ᠤ ᠢᠷᠦᠭᠡᠯᠳᠦ᠂ ᠳᠡᠭᠦᠰ᠂ ᠳᠡᠮᠦᠷᠪᠤᠯᠤᠳ᠂ ᠴᠠᠶᠢᠯᠭᠠᠨ᠂ ᠪᠦᠲᠦᠭᠡᠯ ᠵᠡᠷᠭᠡ ᠬᠡᠳᠦᠨ ᠵᠠᠯᠠᠭᠤᠰ ᠢᠶᠠᠷ ᠪᠦᠷᠢᠯᠳᠦᠭᠰᠡᠨ ᠡᠪᠡᠰᠦ ᠬᠠᠳᠤᠬᠤ ᠬᠠᠮᠳᠤᠷᠠᠯ ᠲᠤᠭᠤᠶᠢᠯᠠᠩ ᠪᠤᠯᠤᠨ᠎ᠠ᠃ ᠳᠡᠳᠡ ᠬᠡᠳᠦᠨ ᠡᠷᠦᠭᠡ ᠶᠢᠨ  ᠢᠶᠠᠨ ᠡᠪᠡᠰᠦ ᠶᠢ ᠬᠤᠷ᠎ᠠ ᠪᠤᠷᠤᠭᠠᠨ ᠳᠤ ᠨᠤᠷᠭᠠᠯ ᠦᠭᠡᠢ ᠬᠤᠷᠳᠤᠨ ᠪᠤᠰᠢᠭᠤ ᠬᠠᠳᠤᠵᠤ  ᠳᠠᠭᠤᠰᠬᠠᠭᠰᠠᠨ ᠪᠦᠭᠡᠳ ᠤᠶᠢᠷ᠎ᠠ ᠵᠡᠷᠭᠡᠯᠳᠡᠭᠡ ᠬᠤᠳᠠ ᠤᠰᠤᠨ ᠤ ᠪᠠᠨ ᠬᠦᠳᠡᠯᠮᠦᠷᠢ ᠬᠦᠴᠦ ᠬᠦᠷᠦᠯᠴᠡᠭᠦ ᠦᠭᠡᠢ ᠠᠶᠢᠯ ᠤᠳ ᠤᠨ ᠡᠪᠡᠰᠦ ᠶᠢ  ᠨᠢ ᠬᠠᠳᠤᠵᠤ ᠠᠵᠢᠯ ᠤᠨ ᠳᠠᠷᠤᠭᠠᠰᠤ ᠶᠢ ᠨᠢ ᠬᠦᠩᠭᠡᠯᠡᠭᠰᠡᠨ ᠪᠠᠶᠢᠨ᠎ᠠ᠃       ᠡᠨᠡ ᠨᠠᠮᠤᠷ ᠠᠴᠠ ᠡᠬᠢᠯᠡᠵᠦ ᠬᠠᠮᠳᠤᠷᠠᠯ ᠪᠠᠶᠢᠭᠤᠯᠤᠭᠰᠠᠨ ᠡᠳᠡ ᠬᠡᠳᠦᠭᠦᠯᠡ ᠰᠠᠷ᠎ᠠ ᠢᠯᠡᠭᠦᠦ ᠶᠢᠨ ᠬᠤᠭᠤᠴᠠᠭᠠᠨ ᠳᠤ ᠠᠷᠪᠠᠭᠠᠳ ᠠᠶᠢᠯ ᠤᠨ 600 ᠭᠠᠷᠤᠢ ᠲᠤᠨ ᠡᠪᠡᠰᠦ ᠶᠢ ᠬᠠᠳᠤᠵᠤ ᠬᠠᠮᠤᠨ᠂ ᠬᠦᠮᠦᠨ ᠪᠦᠷᠢ ᠲᠦᠮᠡ ᠭᠠᠷᠤᠢ ᠲᠦᠭᠦᠷᠢᠭ ᠤᠨ ᠤᠷᠤᠯᠭ᠎ᠠ ᠤᠯᠵᠠᠢ᠃        ᠢᠳᠡᠰᠢ ᠵᠠᠷᠤᠬᠤ ᠲᠤᠭᠤᠶᠢᠯᠠᠩ       ᠬᠦᠢᠳᠡᠨ ᠨᠠᠭᠠᠰᠢᠯᠠᠵᠤ ᠡᠪᠦᠯ ᠪᠤᠯᠬᠤᠷ ᠬᠦᠮᠦᠰ ᠨᠢᠭᠡ ᠵᠢᠯ ᠤᠨ ᠢᠳᠡᠰᠢ ᠪᠠᠨ ᠪᠡᠯᠡᠳᠭᠡᠳᠡᠭ᠃ ᠤᠶᠢᠷ᠎ᠠ  ᠶᠢᠨ ᠵᠢᠯ ᠠᠴᠠ ᠦᠭᠡᠷ ᠵᠠᠷᠤᠬᠤ᠂ ᠭᠡᠳᠡᠰᠦ ᠳᠤᠳᠤᠷ ᠠᠷᠢᠯᠭᠠᠬᠤ ᠬᠦᠮᠦᠰ ᠴᠦᠭᠡᠷᠡᠵᠦ᠂ ᠡᠪᠦᠯ ᠤᠨ ᠢᠳᠡᠰᠢ ᠪᠠᠨ ᠲᠦᠭᠦᠭᠡᠷᠡᠭᠦ ᠳᠤ ᠤᠯᠠᠨ ᠬᠦᠮᠦᠰ ᠢ ᠵᠠᠯᠠᠵᠤ᠂ ᠪᠠᠭ᠎ᠠ ᠨᠠᠶᠢᠷ ᠬᠡᠮᠡᠷ ︽ᠳᠡᠪᠵᠢᠶᠠᠨ︾ ᠪᠤᠯᠳᠠᠭ ᠪᠤᠯᠤᠯ᠎ᠠ᠃ ᠶᠠᠭ ᠡᠨᠡᠬᠦ ᠪᠠᠶᠢᠳᠠᠯ ᠳᠤᠤᠷ᠎ᠠ ᠬᠦᠳᠡᠯᠮᠦᠷᠢ ᠬᠦᠴᠦ ᠬᠦᠷᠦᠯᠴᠡᠭᠦ ᠦᠭᠡᠢ᠂ ᠠᠵᠢᠯ ᠦᠢᠯᠡᠰ ᠶᠠᠭᠠᠷᠠᠤ ᠬᠦᠮᠦᠰ ᠲᠤ ᠳᠡᠮᠵᠢᠯᠭᠡ ᠪᠤᠯᠬᠤ ᠡᠭᠦᠳᠡᠨ ᠠᠴᠠ ᠪᠤᠷᠤᠬᠤᠵᠢᠷ ᠭᠠᠴᠠᠭᠠᠨ ᠤ ᠠᠯᠠᠵᠤ ᠨᠢᠳᠤᠯᠵᠤ ᠶᠠᠰᠤ ᠰᠠᠯᠭᠠᠬᠤ ᠳᠠᠭᠠᠨ ᠪᠤᠰᠢᠭᠤ ᠲᠦᠷᠭᠡᠨ ᠪᠠᠶᠢᠳᠠᠭ ᠪᠤᠯᠤᠳ᠂ ᠳᠡᠭᠦᠰ ᠬᠤᠶᠠᠷ ᠠᠶᠢᠯ ᠬᠡᠷ ᠢᠶᠠᠷ ᠢᠶᠠᠨ ᠢᠳᠡᠰᠢ ᠵᠠᠷᠤᠬᠤ ᠬᠠᠮᠳᠤᠷᠠᠯ ᠲᠤᠭᠤᠶᠢᠯᠠᠩ ᠪᠠᠶᠢᠭᠤᠯᠵᠤ᠂ ᠨᠢᠳᠦᠨᠦᠨ ᠤ 11 ᠳ᠋ᠤᠭᠡᠷ ᠰᠠᠷ᠎ᠠ ᠠᠴᠠ ᠡᠬᠢᠯᠡᠵᠦ ᠨᠢᠳᠤᠯᠵᠤ ᠰᠠᠯᠭᠠᠴᠠᠬᠤ᠂ ᠭᠡᠳᠡᠰᠦ ᠳᠤᠳᠤᠷ ᠠᠷᠢᠯᠭᠠᠬᠤ ᠪᠦᠬᠦ ᠠᠵᠢᠯ ᠢ ᠳᠠᠭᠠᠭᠠᠴᠢᠯᠠᠨ ᠬᠦᠢᠴᠡᠳᠭᠡᠵᠦ᠂ ᠨᠢᠭᠡ ᠡᠪᠦᠯ ᠤᠨ ᠢᠳᠡᠰᠢᠨ ᠤ ᠬᠤᠭᠤᠴᠠᠭᠠᠨ ᠳᠤ ᠬᠤᠷᠢᠭᠠᠳ ᠦᠭᠡᠷ ᠵᠠᠷᠤᠵᠤ᠂ ᠡᠷᠦᠭᠡ ᠪᠦᠷᠢ ᠳᠠᠪᠤᠨ ᠮᠢᠩᠭ᠎ᠠ ᠭᠠᠷᠤᠢ ᠲᠦᠭᠦᠷᠢᠭ ᠤᠨ ᠴᠡᠪᠡᠷ ᠤᠷᠤᠯᠭ᠎ᠠ ᠤᠯᠤᠭᠰᠠᠨ ᠪᠠᠶᠢᠨ᠎ᠠ᠃       ᠪᠤᠷᠤᠬᠤᠵᠢᠷ ᠭᠠᠴᠠᠭᠠᠨ ᠤ ᠡᠨᠡᠬᠦ ᠭᠤᠷᠪᠠᠨ ᠬᠠᠮᠳᠤᠷᠠᠯ ᠲᠤᠭᠤᠶᠢᠯᠠᠩ ᠨᠢ ᠮᠠᠯᠵᠢᠬᠤ ᠦᠢᠯᠡᠳᠪᠦᠷᠢᠯᠡᠯ ᠤᠨ ᠶᠠᠭᠠᠷᠠᠯᠳᠠᠢ ᠬᠤᠭᠤᠴᠠᠭᠠᠨ ᠳᠤ ᠮᠠᠯᠴᠢᠳ ᠲᠤ ᠬᠠᠪᠰᠤᠷᠤᠨ ᠭᠤᠤᠯᠳᠠᠯᠭ᠎ᠠ ᠲᠠᠢ ᠠᠵᠢᠯ ᠤᠳ ᠢ ᠨᠢ ᠭᠠᠷᠳᠠᠨ ᠬᠢᠵᠦ᠂ ᠥᠪᠡᠷ ᠥᠪᠡᠷ ᠤᠨ ᠳᠠᠪᠠᠭᠤᠯᠢᠭ ᠲᠠᠯ᠎ᠠ ᠲᠤᠰᠬᠠᠢ ᠮᠡᠷᠭᠡᠵᠢᠯ ᠢᠶᠠᠨ ᠪᠠᠳᠠᠷᠠᠭᠤᠯᠤᠨ ᠮᠠᠯᠴᠢᠨ ᠲᠦᠮᠡᠨ ᠳᠡᠭᠡᠨ ᠬᠠᠯᠠᠭᠤᠨ ᠦᠢᠯᠡᠴᠢᠯᠡᠭᠡ ᠬᠠᠩᠭᠠᠭᠰᠠᠨ ᠢᠶᠠᠷ ᠪᠠᠷᠠᠬᠤ ᠦᠭᠡᠢ ᠥᠪᠡᠷ ᠤᠨ ᠤᠷᠤᠯᠭ᠎ᠠ ᠪᠠᠨ ᠴᠦ ᠨᠡᠮᠡᠭᠳᠡᠭᠦᠯᠦᠨ᠂ ᠪᠦᠯᠬᠦᠮᠳᠡᠯ ᠤᠨ ᠬᠦᠴᠦᠨ ᠳᠤ ᠦᠢᠯᠡᠰ ᠪᠤᠰᠬᠠᠬᠤ ᠬᠡᠪ ᠳᠠᠭᠤᠷᠢᠶᠠᠯ ᠢ ᠬᠠᠷᠠᠭᠤᠯᠤᠭᠰᠠᠨ ᠪᠠᠶᠢᠨ᠎ᠠ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号