︽ᠴᠢᠩᠬᠢᠰ ᠬᠠᠭᠠᠨ ᠤ ᠲᠤᠪᠴᠢᠶᠠᠨ ︾ ᠢ ᠲᠦᠷᠤᠯᠬᠢ ᠬᠡᠯᠡ ᠪᠠᠷ ᠪᠢᠴᠢᠭᠰᠡᠨ ᠠᠯᠳᠠᠷᠳᠣ ᠲᠡᠤᠬᠡ | ᠶᠢᠨ ᠡᠷᠳᠡᠮᠳᠡᠨ ᠰᠠᠶᠢᠰᠢᠶᠠᠯ 1929 ᠤᠨ ᠳᠤ ᠰᠢᠯᠤᠭᠤᠨ ᠬᠦᠬᠡ ᠬᠤᠰᠢᠭᠤᠨ ᠤ ᠰᠠᠷᠳᠠᠭᠤᠯ ᠪᠠᠶᠠᠨᠪᠤᠤ | ᠤᠪᠤᠭᠳᠠᠢ ᠮᠠᠯᠴᠢᠨ ᠷᠠᠰᠢᠳᠤᠩᠷᠤᠪ ᠤᠨ ᠬᠦᠪᠡᠬᠦᠨ ᠪᠤᠯᠤᠨ ᠵᠠᠶᠠᠭᠠᠪᠠ ᠃ ᠪᠠᠭ᠎ᠠ ᠶᠢᠨ ᠨᠡᠷ᠎ᠠ ᠨᠢ ᠪᠠᠭᠠᠳᠣᠷ ᠃ | 1946 ᠤᠨ ᠠᠴᠠ ᠴᠢᠯᠤᠬᠡᠯᠡᠬᠦ ᠴᠢᠷᠢᠭ ᠤᠨ ᠲᠡᠳ᠋ ᠰᠠᠯᠠᠭᠠᠨ ᠲᠠᠷᠤᠭ᠎ᠠ ᠂ ᠲᠡᠳ᠋ ᠺᠤᠮᠢᠰᠰᠠᠷ ᠪᠠ ᠴᠢᠷᠢᠭ ᠤᠨ | ᠲᠤᠭᠤᠷᠢᠭ ᠤᠨ ᠤᠯᠤᠰ ᠲᠦᠷᠦ ᠶᠢᠨ ᠭᠡᠯᠳᠠᠰ ᠤᠨ ᠨᠠᠶᠢᠷᠠᠭᠤᠯᠤᠭᠴᠢ ᠂ ᠨᠠᠷᠢᠨ ᠪᠢᠴᠢᠭᠡᠴᠢ ᠂ | ᠤᠷᠴᠢᠭᠤᠯᠤᠭᠴᠢ ᠂ ᠤᠷᠴᠢᠭᠤᠯᠬᠤ ᠰᠠᠯᠠᠭᠠᠨ ᠤ ᠲᠠᠷᠤᠭ᠎ᠠ ᠶᠢᠨ ᠠᠵᠢᠯ ᠢ ᠤᠷᠢᠳ ᠬᠤᠵᠢᠳ ᠡᠷᠬᠢᠯᠡᠵᠦ | ᠪᠠᠶᠢᠪᠠ ᠃ ᠰᠠᠶᠢᠰᠢᠶᠠᠯ ᠪᠤᠯ ᠤᠳᠣ ᠦᠶ᠎ᠠ ᠶᠢᠨ ᠮᠤᠩᠭᠤᠯ ᠦᠨᠳᠣᠰᠤᠳᠡᠨ ᠤ ᠠᠯᠳᠠᠷᠳᠣ ᠲᠡᠤᠬᠡ ᠶᠢᠨ | ᠤᠬᠠᠭᠠᠨᠳᠠᠨ ᠶᠤᠮ ᠃ ᠤᠷᠢᠳ ᠬᠤᠵᠢᠳ ︽ᠠᠯᠳᠠᠨ ᠬᠠᠭᠠᠨ ᠤ ᠲᠡᠤᠬᠡᠨ ᠳᠤ ᠬᠤᠯᠪᠤᠭᠳᠠᠬᠤ ᠬᠡᠳᠣᠨ | ᠪᠤᠳᠠᠳᠠᠢ ᠠᠰᠠᠭᠤᠳᠠᠯ ᠤᠨ ᠲᠤᠬᠠᠢ ︾ ︽ᠴᠠᠬᠠᠷ ᠤᠨ ᠲᠦᠢᠮᠦ ᠪᠠᠶᠢᠳᠠᠯ ︾ ᠁ ᠵᠡᠷᠬᠡ ᠦᠨ᠎ᠠ | ᠦᠷᠳᠡᠭ ᠪᠦᠬᠦᠢ ᠡᠷᠳᠡᠮ ᠰᠢᠨᠵᠢᠯᠡᠬᠡᠨ ᠤ ᠦᠬᠦᠯᠡᠯ ᠢ ᠤᠯᠠᠨ ᠨᠡᠶᠢᠳᠠᠯᠠᠵᠦ ᠂ ᠡᠷᠳᠡᠮ ᠰᠢᠨᠵᠢᠯᠡᠬᠡᠨ ᠤ ᠠᠵᠢᠯ | ᠳᠤ ᠶᠠᠬᠡᠬᠡᠨ ᠬᠤᠪᠢ ᠨᠠᠮᠡᠬᠦᠷᠢ ᠡᠷᠬᠦᠭᠰᠡᠨ ᠪᠢᠯᠡ ᠃ ᠲᠡᠤᠬᠡ ᠶᠢᠨ ᠲᠤᠮᠦ ᠵᠤᠬᠢᠶᠠᠯ ︽ᠴᠢᠩᠬᠢᠰ ᠬᠠᠭᠠᠨ ᠤ | ᠲᠤᠪᠴᠢᠶᠠᠨ ︾ ᠨᠢ ᠲᠡᠯᠡᠬᠡᠢ ᠶᠢᠨ ᠮᠤᠩᠭᠤᠯ ᠤᠨ ᠲᠡᠤᠬᠡ ᠰᠤᠳᠤᠯᠭᠠᠨ ᠤ ᠲᠤᠮᠳᠠ ᠠᠩᠬᠠᠳᠠᠭᠴᠢ ᠤᠳᠠᠭ᠎ᠠ | ᠮᠤᠩᠭᠤᠯ ᠬᠡᠯᠡ ᠪᠠᠷ ᠲᠤᠭᠤᠷᠪᠢᠭᠳᠠᠭᠰᠡᠨ ᠴᠢᠩᠬᠢᠰ ᠬᠠᠭᠠᠨ ᠤ ᠲᠤᠬᠠᠢ ᠪᠦᠷᠢᠨ ᠪᠦᠳᠤᠨ ᠠᠪᠤᠷᠭᠤ ᠪᠦᠳᠤᠬᠡᠯ | ᠪᠤᠯᠵᠦ ᠤᠯᠤᠰ ᠤᠨ ᠲᠤᠳᠤᠭᠠᠳᠣ ᠭᠠᠳᠠᠭᠠᠳᠣ ᠶᠢᠨ ᠡᠷᠳᠡᠮ ᠰᠢᠨᠵᠢᠯᠡᠭᠡᠨ ᠤ ᠬᠢᠨ ᠤ ᠦᠨᠡᠨᠴᠢ ᠬᠥᠨᠳᠥᠳᠭᠡᠯ ᠂ | ᠦᠨᠳᠤᠷ ᠦᠨᠡᠯᠡᠯᠳᠠ ᠶᠢ ᠤᠯᠪᠠ ᠃ ᠤᠷᠢᠳ ᠬᠤᠵᠢᠳ ᠲᠤᠮᠳᠠᠳᠣ ᠤᠯᠤᠰ ᠤᠨ ᠠᠩᠬᠠᠳᠠᠭᠴᠢ ᠤᠳᠠᠭᠠᠨ ᠤ | ᠦᠨᠳᠤᠰᠤᠳᠡᠨ ᠤ ᠨᠤᠮ ᠪᠢᠴᠢᠭ ᠤᠨ ᠲᠡᠷᠢᠬᠦᠨ ᠱᠠᠩ ᠂ ᠨᠠᠢᠮᠠᠨ ᠮᠤᠵᠢ ᠤᠷᠤᠨ ᠪᠠ ᠦᠪᠤᠷ ᠮᠤᠩᠭᠤᠯ ᠤᠨ | ᠢᠷᠠᠭᠤ ᠠᠯᠳᠠᠷᠳᠣ ᠱᠠᠩᠨᠠᠯ ᠬᠦᠬᠢᠬᠦᠯᠤᠯ ᠢ ᠤᠯᠠᠨ ᠤᠳᠠᠭ᠎ᠠ ᠬᠦᠷᠳᠠᠵᠦ ᠪᠢᠯᠡ ᠃ ( 1930-1993) | |