ᠴᠢᠮᠡᠳ ᠤᠪᠤᠭᠳᠠᠨ ᠤ ᠭᠤᠮᠪᠤᠵᠠᠪ ᠂ ᠬᠢᠳᠠᠳ ᠨᠡᠷ᠎ᠠ ᠨᠢ ᠴᠧᠨ ᠪᠢᠡᠭ ᠷᠤ᠋ ᠃ 1 9 1 2ᠤᠨ | ᠳᠤ ᠠᠵᠢᠶ᠎ᠠ ᠬᠡᠬᠡᠨ ᠤ ᠰᠦᠷᠤᠭ᠌ ᠢ ᠮᠠᠯᠵᠢᠳᠠᠭ ᠱᠠᠪᠢᠨᠠᠷ ᠠᠶᠢᠯ ( ᠤᠳᠤ ᠶᠢᠨ ᠰᠢᠯᠢ ᠶᠢᠨ ᠭᠤᠤᠯ ᠠᠶᠢᠮᠠᠭ ᠤᠨ | ᠱᠠᠩᠳᠣ ᠶᠢᠨ ᠭᠤᠤᠯ ᠪᠠᠯᠭᠠᠰᠤ ᠶᠢᠨ ᠵᠦᠭᠡᠯᠡᠨ ᠭᠤᠤᠯ ) ᠤᠨ ᠮᠠᠯᠴᠢᠨ ᠤ ᠭᠡᠷ ᠪᠦᠯᠢ ᠳᠤ ᠲᠥᠷᠥᠵᠠᠢ ᠃ | ᠲᠤᠯᠤᠭᠠᠨ ᠨᠠᠰᠤᠨ᠎ᠠ ᠠᠵᠢᠶ᠎ᠠ ᠬᠡᠬᠡᠨ ᠤ ᠲᠤᠯᠤᠨ ᠨᠠᠭᠤᠷ ᠤᠨ ᠰᠠᠩ ᠳᠤ ᠪᠠᠭᠰᠢ ᠯᠠᠮᠠ ᠶᠢᠨ ᠱᠠᠪᠢ ᠪᠤᠯᠵᠦ ᠂ | ᠤᠳᠠᠯ ᠦᠭᠡᠢ ᠪᠡᠭᠡᠵᠢᠩ ᠤᠨ ᠬᠡᠬᠡᠨ ᠰᠠᠩ ᠳᠤ ᠲᠥᠪᠡᠳ ᠪᠡ ᠮᠤᠩᠭᠤᠯ ᠨᠤᠮ ᠰᠤᠷᠴᠠᠢ ᠃ ᠦᠪᠡᠷ ᠤᠨ | ᠰᠢᠨᠳᠠᠷᠠᠰᠢ ᠦᠭᠡᠢ ᠴᠢᠷᠮᠠᠶᠢᠯᠭ᠎ᠠ ᠪᠠᠷ ᠡᠷᠳᠠᠮ ᠰᠤᠶᠤᠯ ᠬᠥᠬᠡᠴᠡᠯᠳᠣᠵᠣ ᠂ ᠮᠤᠩᠭᠤᠯ ᠂ ᠲᠥᠪᠡᠳ ᠂ ᠬᠢᠳᠠᠳ ᠂ | ᠮᠠᠨᠵᠦ ᠂ ᠶᠠᠫᠤᠨ ᠂ ᠠᠩᠭ᠍ᠯᠢ ᠂ ᠤᠷᠤᠰ ᠂ ᠹᠠᠷᠠᠨᠼᠢ ᠬᠡᠯᠡ ᠶᠢ ᠡᠵᠡᠮᠰᠢᠵᠦ ᠂ ᠶᠠᠫᠤᠨ ᠤ ᠲᠤᠺᠢᠤ᠋ ᠳᠠᠬᠢ | ᠭᠠᠳᠠᠭᠠᠳᠣ ᠬᠡᠯᠡᠨ ᠤ ᠶᠡᠭᠡ ᠰᠤᠷᠠᠭᠠᠭᠤᠯᠢ ᠳᠤ ᠮᠤᠩᠭᠤᠯ ᠬᠡᠯᠡᠨ ᠤ ᠪᠠᠭᠰᠢ ᠪᠠᠷ ᠤᠷᠢᠬᠳᠠᠨ ᠠᠵᠢᠯᠯᠠᠵᠦ ᠪᠠᠶᠢᠬᠤ | ᠳᠠᠭᠠᠨ ᠂ ᠲᠡᠯᠡᠭᠡᠢ ᠶᠢᠨ ᠠᠯᠳᠠᠷᠳᠣ ᠵᠤᠬᠢᠶᠠᠯ ︽ᠮᠠᠷᠺᠤ ᠫᠤᠯᠤ ᠶᠢᠨ ᠲᠤᠭᠤᠷᠢᠨ ᠶᠠᠪᠤᠭᠰᠡᠨ ᠠᠶᠠᠨ ᠤ ᠲᠡᠮᠳᠡᠭᠯᠡᠯ ︾ | ᠢ ᠠᠩᠭ᠍ᠯᠢ ᠂ ᠶᠠᠫᠤᠨ ᠂ ᠬᠢᠳᠠᠳ ᠂ ᠹᠠᠷᠠᠨᠼᠢ ᠬᠡᠯᠡᠨ ᠠᠴᠠ ᠠᠩᠬ᠎ᠠ ᠤᠳᠠᠭ᠎ᠠ ᠮᠤᠩᠭᠤᠯᠴᠢᠯᠠᠵᠦ ᠂ ᠲᠡᠷᠢᠬᠦᠨ | ᠲᠡᠳ᠋ ᠬᠤᠶᠠᠷ ᠲᠡᠪᠳᠡᠷ ᠢᠶᠠᠷ ᠬᠡᠪᠯᠡᠬᠦᠯᠪᠡ ᠃ 32ᠨᠠᠰᠤᠨ᠎ᠠ ᠶᠠᠫᠤᠨ ᠤ ᠲᠠᠩᠨᠠᠭᠤᠯ ᠤᠨ ᠪᠠᠶᠢᠭᠤᠯᠤᠯᠭ᠎ᠠ ᠳᠤ | ᠰᠡᠵᠢᠭᠯᠡᠭᠳᠡᠨ ᠬᠤᠤᠷᠯᠠᠭᠳᠠᠵᠦ ᠨᠠᠰᠦ ᠪᠠᠷᠠᠵᠠᠢ ᠃ ( 1912-1944) | |