ᠰᠣᠳᠣᠰᠡᠴᠡᠨ
ᠨᠡᠶᠢᠲᠡᠯᠡᠭᠰᠡᠨ ᠴᠠᠭ᠄
2020/6/24
ᠭᠠᠯᠲᠠᠳ ᠰᠣᠳᠣᠰᠡᠴᠡᠨ ︵1922~2004 ᠣᠨ︶᠂ 1922 ᠣᠨ ᠳᠤ᠂ ᠮᠢᠩᠭᠠᠨ ᠬᠤᠰᠢᠭᠤᠨ ᠤ ᠪᠣᠱᠣᠣᠳᠠᠢ ︵ᠣᠳᠤ ᠶᠢᠨ ᠰᠢᠯᠣᠭᠤᠨ ᠬᠥᠬᠡ ᠬᠤᠰᠢᠭᠤᠨ ᠤ ᠪᠣᠱᠣᠣᠳᠠᠢ ᠰᠣᠮᠤ︶ ᠳᠤ ᠲᠥᠷᠦᠵᠡᠢ᠃ ᠰᠣᠳᠣᠰᠡᠴᠡᠨ 1942 ᠣᠨ ᠳᠤ ᠴᠢᠭᠤᠯᠣᠯᠲᠤ ᠬᠠᠭᠠᠯᠭ᠎ᠠ ᠳᠠᠬᠢ ︽ᠮᠣᠩᠭᠤᠯ ᠢ ᠮᠠᠨᠳᠣᠭᠤᠯᠬᠤ︾ ᠵᠠᠯᠠᠭᠤᠰ ᠤᠨ ᠰᠣᠷᠭᠠᠭᠤᠯᠢ ᠳᠤ ᠰᠣᠷᠣᠯᠴᠠᠵᠤ᠂ ᠰᠠᠶᠢᠴᠣᠩᠭ᠎ᠠ ᠵᠡᠷᠭᠡ ᠠᠯᠳᠠᠷᠲᠤ ᠬᠦᠮᠦᠰ ᠤᠨ ᠬᠢᠴᠢᠶᠡᠯ ᠢᠯᠡᠳᠬᠡᠯ ᠢ ᠰᠣᠨᠣᠰᠴᠤ ᠨᠢᠳᠤ ᠨᠡᠭᠡᠭᠡᠨ᠂ ᠣᠬᠠᠭᠠᠨ ᠰᠠᠷᠠᠭᠤᠯᠵᠢᠵᠤ ᠵᠠᠯᠠᠭᠤ ᠨᠠᠰᠣᠨ ᠤ ᠪᠠᠨ ᠣᠶᠣᠨ ᠣᠬᠠᠭᠠᠨ ᠤ ᠭᠦᠨ ᠳᠤ ᠬᠠᠳᠠᠭᠰᠠᠨ ᠪᠢᠯᠡ᠃ ᠳᠣᠮᠳᠠᠳᠤ ᠶᠢᠨ ᠦᠨᠳᠦᠰᠦᠲᠡᠨ ᠨᠦᠭᠦᠳ ᠤᠨ ᠨᠠᠢᠮᠠᠨ ᠵᠢᠯ ᠭᠠᠷᠣᠢ ᠶᠠᠪᠣᠭᠤᠯᠣᠭᠰᠠᠨ ᠬᠠᠲᠠᠭᠤ ᠰᠢᠷᠦᠭᠦᠨ ᠵᠡᠪᠰᠡᠭᠲᠦ ᠲᠡᠮᠡᠴᠡᠯ᠂ ᠵᠥᠪᠯᠡᠯᠲᠦ ᠮᠣᠩᠭᠤᠯ ᠤᠨ ᠣᠯᠠᠭᠠᠨ ᠴᠡᠷᠢᠭ ᠤᠨ ᠬᠦᠴᠦᠲᠡᠢ ᠳᠡᠮᠵᠢᠯᠭᠡ ᠳᠣᠣᠷ᠎ᠠ ᠶᠠᠫᠣᠨ ᠹᠠᠱᠢᠰᠲ ᠢ ᠢᠯᠠᠵᠤ 1945 ᠣᠨ ᠳᠤ ᠡᠷᠬᠡ ᠴᠢᠯᠦᠭᠡᠨ ᠤ ᠨᠠᠷᠠ ᠶᠢ ᠣᠭᠲᠣᠪᠠ᠃ᠰᠣᠳᠣᠰᠡᠴᠡᠨ 1945 ᠣᠨ ᠳᠤ ᠥᠷᠦᠨ᠎ᠡ ᠵᠦᠭ ᠤᠨ ᠠᠯᠲᠠᠨ ᠭᠠᠳᠠᠰᠤ ᠶᠢ ᠴᠢᠭᠯᠡᠵᠦ ᠰᠠᠶᠢᠴᠣᠩᠭ᠎ᠠ ᠵᠡᠷᠭᠡ ᠭᠤᠴᠢ ᠭᠠᠷᠣᠢ ᠬᠦᠮᠦᠨ ᠤ ᠭᠠᠯ ᠠᠶᠠᠨ᠂ ᠴᠠᠬᠠᠷ ᠤᠨ ᠮᠢᠩᠭᠠᠨ ᠬᠤᠰᠢᠭᠤᠨ ᠠᠴᠠ ᠮᠣᠷᠳᠠᠵᠤ ᠠᠯᠲᠠᠨ ᠬᠢᠯᠢ ᠶᠢ ᠳᠠᠪᠠᠵᠤ ᠮᠣᠩᠭᠤᠯ ᠣᠯᠣᠰ ᠤᠨ ᠰᠢᠨ᠎ᠡ ᠬᠦᠴᠦᠨ ᠤ ᠳᠡᠭᠡᠲᠦ ᠰᠣᠷᠭᠠᠭᠤᠯᠢ ᠳᠤ ᠬᠤᠶᠠᠷ ᠵᠢᠯ ᠰᠢᠷᠭᠠᠭᠤ ᠰᠣᠷᠣᠯᠴᠠᠵᠤ ᠰᠢᠯᠢᠳᠡᠭ ᠬᠢᠷᠢ ᠪᠥᠲᠦᠮᠵᠢ ᠪᠠᠷ ᠰᠣᠷᠣᠯᠭ᠎ᠠ ᠪᠠᠨ ᠲᠡᠭᠦᠰᠭᠡᠭᠡᠳ᠂ 1947 ᠣᠨ ᠳᠤ ᠣᠯᠣᠰ ᠳᠠᠭᠠᠨ ᠪᠣᠴᠠᠨ ᠢᠷᠡᠵᠦ ᠴᠠᠬᠠᠷ ᠠᠶᠢᠮᠠᠭ ᠤᠨ ᠮᠢᠩᠭᠠᠨ ᠲᠠᠶᠢᠹᠣᠰᠧ ᠬᠤᠯᠪᠣᠭᠠᠲᠤ ᠬᠤᠰᠢᠭᠤᠨ ᠤ ᠠᠷᠠᠳ ᠤᠨ ᠭᠡᠭᠡᠷᠡᠯ ᠤᠨ ᠰᠠᠯᠠᠭᠠᠨ ᠤ ᠰᠠᠯᠠᠭᠠᠨ ᠳᠠᠷᠤᠭ᠎ᠠ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ ᠣᠬᠠᠭᠤᠯᠬᠤ ᠬᠡᠯᠲᠡᠰ ᠤᠨ ᠳᠠᠷᠤᠭ᠎ᠠ ᠪᠣᠯᠪᠠ᠃1949 ᠣᠨ ᠤ 5 ᠰᠠᠷ᠎ᠠ ᠳᠤ ᠺᠦᠢ ᠪᠸᠢ ᠵᠡᠷᠭᠡ ᠣᠳᠣᠷᠢᠳᠣᠯᠭ᠎ᠠ ᠶᠢ ᠳᠠᠭᠠᠵᠤ ᠪᠠᠷᠠᠭᠤᠨᠰᠢ ᠴᠡᠷᠢᠭ ᠣᠷᠣᠵᠤ᠂ ᠰᠣᠶᠢᠶᠣᠸᠠᠨ ᠣᠷᠣᠨ ᠤ ᠡᠮᠦᠨᠡᠳᠦ ᠬᠤᠰᠢᠭᠤᠨ ᠤ ᠬᠡᠷᠡᠭ ᠡᠷᠬᠢᠯᠡᠬᠦ ᠭᠠᠵᠠᠷ ᠢᠷᠡᠵᠦ᠂ ᠺᠠᠳ᠋ᠷ ᠤᠨ ᠪᠣᠯᠪᠠᠰᠣᠷᠠᠯ ᠤᠨ ᠠᠩᠭᠢ ᠳᠤ ᠪᠠᠭᠰᠢᠯᠠᠪᠠ᠃ ᠲᠣᠰ ᠣᠨ ᠤ ᠰᠡᠭᠦᠯᠴᠢ ᠪᠠᠷ ᠬᠤᠰᠢᠭᠤ ᠨᠤᠲᠤᠭ ᠲᠠᠭᠠᠨ ᠪᠣᠴᠠᠨ ᠢᠷᠡᠵᠦ ᠴᠠᠬᠠᠷ ᠠᠶᠢᠮᠠᠭ ᠤᠨ ᠮᠢᠩᠭᠠᠨ ᠲᠠᠶᠢᠹᠣᠰᠧ ᠬᠤᠯᠪᠣᠭᠠᠲᠤ ᠬᠤᠰᠢᠭᠤᠨ ᠤ ᠠᠷᠠᠳ ᠤᠨ ᠭᠡᠭᠡᠷᠡᠯ ᠤᠨ ᠰᠠᠯᠠᠭᠠᠨ ᠳᠤ ᠰᠠᠯᠠᠭᠠᠨ ᠳᠠᠷᠤᠭ᠎ᠠ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠪᠣᠯᠪᠠ᠃1957 ᠣᠨ ᠳᠤ ᠰᠢᠯᠣᠭᠤᠨ ᠬᠥᠬᠡ ᠬᠤᠰᠢᠭᠤᠨ ᠤ ᠣᠯᠠᠭᠠᠨᠮᠦ᠋ᠴᠢᠷ ᠪᠠᠶᠢᠭᠤᠯᠣᠭᠳᠠᠪᠠ᠃ ᠪᠥᠬᠦ ᠣᠷᠣᠨ ᠤ ᠬᠠᠮᠤᠭ ᠲᠡᠷᠢᠭᠦᠨ ᠳᠤ ᠪᠠᠶᠢᠭᠤᠯᠣᠭᠳᠠᠭᠰᠠᠨ ᠣᠯᠠᠭᠠᠨᠮᠦ᠋ᠴᠢᠷ ᠤᠨ ᠨᠢᠭᠡ ᠶᠣᠮ᠃ ᠳᠣᠬᠠᠢ ᠶᠢᠨ ᠦᠶᠡᠰ ᠳᠣᠲᠣᠷᠠᠬᠢ ᠠᠬᠠᠮᠠᠳ ᠵᠢᠷᠣᠭᠴᠢᠨ ᠣᠷᠠᠯᠢᠭᠴᠢᠨ ᠬᠥᠭᠵᠢᠮᠴᠢᠨ ᠠᠭᠸᠠᠩ᠂ ᠪᠠᠪᠣᠳᠣᠷᠵᠢ ᠵᠡᠷᠭᠡ ᠨᠡᠷ᠎ᠡ ᠨᠥᠯᠦᠭᠡ ᠲᠠᠢ ᠣᠳᠬ᠎ᠠ ᠣᠷᠠᠯᠢᠭᠴᠢᠳ ᠢ ᠵᠣᠷᠢᠭᠲᠠᠢ ᠰᠣᠩᠭᠤᠨ ᠬᠡᠷᠡᠭᠯᠡᠵᠦ ᠰᠢᠨ᠎ᠡ ᠬᠦᠴᠦᠨ ᠢ ᠢᠳᠡᠪᠬᠢᠲᠡᠢ ᠡᠯᠰᠡᠨ ᠠᠪᠴᠤ ᠬᠦᠮᠦᠵᠢᠭᠦᠯᠦᠭᠰᠡᠨ ᠢᠶᠠᠷ ᠰᠢᠯᠣᠭᠤᠨ ᠬᠥᠬᠡ ᠬᠤᠰᠢᠭᠤᠨ ᠤ ᠣᠯᠠᠭᠠᠨᠮᠦ᠋ᠴᠢᠷ ᠤᠨ ᠨᠡᠷ᠎ᠡ ᠴᠦ ᠬᠤᠯᠠ ᠣᠶᠢᠷ᠎ᠠ ᠳᠤ ᠠᠯᠳᠠᠷᠰᠢᠵᠤ᠂ ᠴᠢᠮᠡᠳᠳᠣᠷᠵᠢ᠂ ᠷᠢᠨᠴᠢᠨᠰᠣᠳᠨᠠᠮ ᠣᠴᠢᠷᠬᠤᠶᠠᠭ᠂ ᠭᠤᠨᠴᠤᠭ᠂ ᠨᠠᠷᠠᠨᠴᠢᠮᠡᠭ ᠵᠡᠷᠭᠡ ᠵᠢᠷᠭᠤᠭᠠᠨ ᠳᠣᠭᠯᠠᠭᠴᠢ᠂ ᠪᠥᠬᠦ ᠣᠯᠣᠰ ᠲᠤ ᠲᠣᠭᠤᠷᠢᠨ ᠲᠣᠭᠯᠠᠬᠤ ᠣᠷᠣᠨ ᠤ ᠣᠯᠠᠭᠠᠨᠮᠦ᠋ᠴᠢᠷ ᠤᠨ ᠲᠥᠯᠦᠭᠡᠯᠡᠭᠴᠢ ᠶᠢᠨ ᠠᠩᠭᠢ ᠳᠤ ᠰᠣᠩᠭᠤᠭᠳᠠᠨ ᠣᠷᠣᠵᠤ ᠡᠯ᠎ᠡ ᠮᠣᠵᠢ ᠣᠷᠣᠨ ᠬᠤᠲᠠ ᠳᠤ ᠲᠣᠭᠤᠷᠢᠨ ᠲᠣᠭᠯᠠᠯᠲᠠ ᠭᠠᠷᠭᠠᠵᠤ᠂ ᠨᠡᠮ ᠵᠠᠰᠠᠭ ᠤᠨ ᠣᠳᠣᠷᠢᠳᠣᠭᠴᠢ ᠶᠢᠨ ᠬᠦᠯᠢᠶᠡᠨ ᠠᠪᠣᠭᠰᠠᠨ ᠠᠭᠤᠯᠵᠠᠯᠲᠠ ᠳᠤ ᠣᠷᠣᠯᠴᠠᠭᠰᠠᠨ ᠶᠣᠮ᠃ ᠰᠢᠯᠣᠭᠤᠨ ᠬᠥᠬᠡ ᠬᠤᠰᠢᠭᠤᠨ ᠤ ᠰᠢᠨᠬᠤᠸᠠ ᠨᠣᠮ ᠤᠨ ᠰᠠᠩ 1958 ᠣᠨ ᠳᠤ ᠪᠥᠬᠦ ᠣᠯᠣᠰ ᠤᠨ ᠨᠣᠮ ᠳᠠᠷᠬᠠᠭᠠᠭᠰᠠᠨ ᠵᠢᠱᠢᠶᠡᠴᠢ ᠨᠢᠭᠡᠴᠡ ᠶᠢᠨ ᠬᠥᠬᠢᠭᠦᠯᠦᠨ ᠰᠠᠶᠢᠰᠢᠶᠠᠬᠤ ᠶᠡᠭᠡ ᠬᠤᠷᠠᠯ ᠳᠤ ᠣᠷᠣᠯᠴᠠᠵᠤ ᠥᠪᠡᠷᠲᠡᠭᠡᠨ ᠵᠠᠰᠠᠬᠤ ᠣᠷᠣᠨ  ᠤ ᠲᠡᠷᠢᠭᠦᠨ ᠤ ᠨᠢᠭᠡᠴᠡ ᠪᠠᠷ ᠣᠳᠠᠭ᠎ᠠ ᠳᠠᠷᠠᠭᠠᠯᠠᠨ ᠬᠥᠬᠢᠭᠦᠯᠦᠭᠳᠡᠭᠰᠡᠨ ᠶᠣᠮ᠃1958 ᠣᠨ ᠳᠤ ᠬᠤᠰᠢᠭᠤᠨ ᠤ ᠣᠬᠠᠭᠤᠯᠬᠤ ᠬᠡᠯᠲᠡᠰ᠂ ᠰᠣᠶᠣᠯ ᠬᠦᠮᠦᠵᠢᠯ ᠤᠨ ᠪᠠᠶᠢᠭᠤᠯᠭ᠎ᠠ ᠠᠴᠠ ︽ᠣᠯᠠᠶᠢᠵᠤ ᠮᠡᠷᠭᠡᠵᠢᠬᠦ ᠶᠡᠭᠡ ᠰᠣᠷᠭᠠᠭᠤᠯᠢ︾ ᠶᠢᠨ ᠲᠦᠷᠭᠡᠨ ᠢᠶᠠᠷ ᠬᠥᠭᠵᠢᠵᠦ ᠪᠠᠶᠢᠬᠤ ᠬᠡᠷᠡᠭᠴᠡᠭᠡ ᠳᠤ ᠵᠣᠬᠢᠴᠠᠭᠤᠯᠣᠨ ᠰᠣᠳᠣᠰᠡᠴᠡᠨ ᠪᠡᠶ᠎ᠡ ᠪᠠᠷ ᠵᠢᠯᠣᠭᠤᠳᠴᠤ ᠱᠠᠩᠳᠤ ᠶᠢᠨ ᠭᠤᠣᠯ ᠰᠣᠮᠣᠨ ᠤ ᠮᠠᠯ ᠠᠵᠤ ᠠᠬᠤᠢ᠂ ᠮᠠᠯ  ᠤᠨ ᠡᠮᠨᠡᠯᠭᠡ ᠶᠢᠨ ᠥᠷᠲᠡᠭᠡᠨ ᠳᠠᠷᠤᠭ᠎ᠠ ᠭᠤᠩᠴᠣᠭᠰᠡᠷᠡᠩ ᠢ ᠬᠤᠸᠠᠩᠴᠢ ᠳᠣᠮᠳᠠᠳᠤ ᠰᠣᠷᠭᠠᠭᠤᠯᠢ ᠳᠤ ᠵᠠᠯᠠᠨ ᠠᠪᠴᠢᠷᠠᠵᠤ᠂ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠴᠢᠬᠤᠯᠠᠴᠢᠯᠠᠯ ᠢ ᠦᠨᠳᠦᠰᠦᠯᠡᠨ ᠮᠠᠯ ᠤᠨ ︽ᠠᠨᠠᠲ᠋ᠣᠮᠢ᠂ ᠹᠢᠽᠢᠣᠯᠣᠬᠢ︾ ᠶᠢᠨ ᠵᠢᠭᠠᠬᠤ ᠨᠣᠮ 1 ᠳᠡᠪᠲᠡᠷ 5 ᠲᠥᠮᠡᠨ ᠦᠰᠦᠭ ᠲᠠᠢ᠃ ᠭᠤᠩᠴᠣᠭᠰᠡᠷᠡᠩ᠂ ᠥᠭᠡᠳᠡᠩ ᠬᠤᠶᠠᠭᠤᠯᠠ ᠶᠢᠨ ᠪᠢᠴᠢᠭᠰᠡᠨ ᠮᠠᠯ ᠤᠨ ︽ᠲᠡᠵᠢᠭᠡᠯᠭᠡ ᠠᠷᠠᠴᠢᠯᠠᠭ᠎ᠠ︾ ᠭᠡᠰᠡᠨ ᠵᠢᠭᠠᠬᠤ ᠨᠣᠮ ᠳᠡᠭᠡᠳᠦ ᠳᠣᠣᠷᠠᠳᠤ 2 ᠳᠡᠪᠲᠡᠷ᠂ 5 ᠲᠥᠮᠡᠨ ᠦᠰᠦᠭ ᠲᠠᠢ ᠨᠡᠶᠢᠲᠡ 3 ᠳᠡᠪᠲᠡᠷ ᠨᠣᠮ ᠨᠠᠶᠢᠷᠠᠭᠤᠯᠣᠨ ᠪᠢᠴᠢᠭᠦᠯᠵᠦ᠂ ᠬᠤᠸᠠᠩᠴᠢ ᠳᠣᠮᠳᠠᠳᠤ ᠰᠣᠷᠭᠠᠭᠤᠯᠢ ᠶᠢᠨ ᠰᠣᠷᠣᠭᠴᠢᠳ ᠢᠶᠠᠷ ᠲᠣᠰ ᠪᠦᠷᠢ 560 ᠳᠡᠪᠲᠡᠷ ᠴᠠᠭᠠᠰᠣᠨ ᠳᠤ ᠪᠢᠴᠢᠭᠦᠯᠦᠨ ᠳᠠᠷᠣᠮᠠᠯᠯᠠᠭᠤᠯᠵᠤ᠂ ᠮᠠᠯᠵᠢᠬᠤ ᠣᠷᠣᠨ ᠤ ᠳᠠᠪᠣᠨ ᠰᠣᠮᠣ ᠳᠤ᠂ ᠰᠣᠮᠤ ᠪᠦᠷᠢ 100 ᠳᠡᠪᠲᠡᠷ᠂ ᠬᠤᠰᠢᠭᠤ ᠮᠠᠯᠵᠢᠯ ᠤᠨ ᠠᠩᠭᠢ ᠳᠤ 60 ᠳᠡᠪᠲᠡᠷ ᠳᠠᠷᠬᠠᠭᠠᠨ ᠥᠭᠴᠦ ᠬᠢᠴᠢᠶᠡᠯ ᠤᠨ ᠨᠣᠮ ᠪᠣᠯᠭᠠᠨ᠂ ᠵᠢᠭᠠᠵᠤ ᠰᠣᠷᠭᠠᠬᠤ ᠠᠵᠢᠯ ᠳᠤ ᠵᠣᠬᠢᠬᠤ ᠠᠮᠵᠢᠯᠲᠠ ᠣᠯᠵᠠᠢ᠃1966 ᠣᠨ ᠤ ᠨᠠᠮᠣᠷ ᠤᠨ ᠨᠢᠭᠡᠨ ᠡᠳᠦᠷ ᠪᠢᠯᠡ᠃ ᠣᠯᠠᠭᠠᠨ ᠰᠢᠭᠤᠷᠭ᠎ᠠ ᠣᠯᠠᠩᠭᠠᠰᠴᠤ ᠣᠷᠪᠠᠯᠭ᠎ᠠ ᠭᠠᠷᠭᠠᠭᠴᠢᠳ ᠭᠠᠯᠵᠠᠭᠤᠷᠠᠭᠰᠠᠨ ᠴᠠᠭ᠃ ︽ᠰᠣᠶᠣᠯ ᠤᠨ ᠶᠡᠭᠡ ᠬᠤᠪᠢᠰᠬᠠᠯ︾ ᠤᠨ ᠫᠣᠤ ᠳᠣᠣᠭᠠᠷᠮᠠᠭᠴᠠ ᠮᠣᠩᠭᠤᠯ ᠰᠣᠶᠣᠯ ᠤᠨ ᠦᠢᠯᠡᠰ ᠲᠤ ᠬᠦᠵᠦᠭᠦᠦ ᠰᠣᠩᠭᠠᠨ᠂ ᠬᠦᠴᠦᠨ ᠲᠠᠮᠢᠷ ᠢᠶᠠᠨ ᠰᠢᠪᠬᠠᠨ ᠵᠢᠳᠬᠦᠭᠰᠡᠨ ᠰᠣᠳᠣᠰᠡᠴᠡᠨ ᠢ ᠴᠢᠷᠴᠦ ᠭᠠᠷᠭᠠᠨ᠂ ᠵᠣᠬᠢᠶᠠᠯᠴᠢ ᠭᠠᠩᠫᠦ᠋ᠷᠪᠦ ᠲᠠᠢ ᠬᠠᠮᠲᠤ ᠮᠧᠲᠷ ᠰᠢᠬᠠᠮ ᠥᠨᠳᠦᠷ ᠴᠠᠭᠠᠰᠣᠨ ᠮᠠᠯᠠᠭᠠᠢ ᠡᠮᠦᠰᠭᠡᠨ ᠪᠥᠬᠦ ᠬᠤᠰᠢᠭᠤᠨ ᠤ ᠺᠠᠳ᠋ᠷ᠂ ᠣᠯᠠᠨ ᠲᠥᠮᠡᠨ ᠤ ᠰᠦᠷᠲᠦ ᠵᠢᠭᠰᠠᠭᠠᠯ ᠶᠠᠪᠣᠭᠤᠯᠵᠤ᠂ ᠯᠣᠣᠽᠦ᠋ᠩ ᠣᠷᠢᠶ᠎ᠠ ᠬᠠᠰᠬᠢᠷᠴᠤ ᠵᠡᠭᠡᠯᠢ ᠭᠤᠳᠣᠮᠵᠢ ᠶᠢ ᠲᠣᠭᠤᠷᠢᠭᠤᠯᠵᠤ᠂ ᠬᠠᠮᠤᠭ ᠰᠡᠭᠦᠯ ᠳᠤᠨᠢ ᠱᠠᠩᠲᠤ ᠶᠢᠨ ᠭᠤᠣᠯ ᠰᠣᠮᠣᠨ  ᠤ ᠡᠮᠦᠨᠡᠬᠢ ᠦᠨᠡᠰᠦᠨ ᠣᠪᠣᠭᠠᠨ ᠳᠡᠭᠡᠷ᠎ᠡ ᠬᠦᠷᠴᠦ ᠰᠢᠯᠣᠭᠤᠨ ᠬᠥᠬᠡ ᠬᠤᠰᠢᠭᠤᠨ ᠤ ᠣᠳᠬ᠎ᠠ ᠣᠷᠠᠯᠢᠭ ᠤᠨ ︽ᠬᠠᠷ᠎ᠠ ᠲᠦᠷᠦᠭᠦᠦ︾᠂ ᠠᠷᠣ ᠳᠦᠰᠢᠭ᠂ ᠭᠤᠷᠪᠠ ᠶᠢ ᠡᠰᠡᠷᠭᠦᠴᠡᠬᠦ ᠪᠥᠯᠦᠭᠲᠡᠨ ᠤ ︽ᠶᠡᠷᠦᠩᠬᠡᠢ ᠣᠬᠠᠭᠤᠯᠠᠭᠴᠢ︾ ᠬᠡᠮᠡᠨ ᠴᠣᠬᠢᠨ ᠲᠡᠮᠡᠴᠡᠵᠦ ᠡᠬᠢᠯᠡᠭᠰᠡᠨ ᠶᠣᠮ᠃ ᠲᠡᠭᠡᠭᠡᠳ ᠶᠠᠭᠤᠨ ᠤ ︽ᠳᠥᠷᠪᠡᠨ ᠬᠠᠭᠤᠴᠢᠨ ᠤ ᠲᠥᠯᠦᠭᠡᠯᠡᠭᠴᠢ︾᠂ ︽ᠬᠠᠷ᠎ᠠ ᠪᠥᠯᠦᠭᠲᠡᠨ︾᠂ ︽ᠬᠠᠷ᠎ᠠ ᠣᠳᠬ᠎ᠠ ᠣᠷᠠᠯᠢᠭ ᠤᠨ ᠳᠦᠰᠢᠭ ᠁ ᠭᠤᠷᠪᠠᠨ ᠬᠦᠷᠦᠨ ᠤ ᠬᠠᠭᠤᠴᠢᠨ ᠫᠣᠤ ᠶᠢᠨ ᠬᠤᠭᠤᠷᠬᠠᠢ︾ ᠵᠡᠷᠭᠡ ᠶᠡᠭᠡ ᠪᠠᠭ᠎ᠠ ᠶᠠᠯᠠᠲᠤ ᠬᠡᠷᠡᠭ ᠤᠨ ᠬᠠᠷ᠎ᠠ ᠮᠠᠯᠠᠭᠠᠢ ᠴᠠᠰᠣᠨ ᠯᠠᠪᠰᠠ ᠰᠢᠭ᠋ ᠰᠣᠳᠣᠰᠡᠴᠡᠨ ᠤ ᠲᠣᠯᠣᠭᠠᠢ ᠶᠢ ᠳᠠᠷᠣᠨ ᠪᠠᠭᠤᠵᠠᠢ᠃ 1968 ᠣᠨ ᠤ ᠨᠠᠮᠣᠷ ᠠᠴᠠ ᠬᠡᠷᠡᠭ ᠣᠴᠢᠷ ᠣᠯᠠᠮ ᠴᠢᠨᠠᠭᠰᠢᠲᠠ ᠪᠣᠷᠣᠭᠤ ᠪᠠᠷ ᠡᠷᠭᠢᠨ᠂ ᠳᠡᠰ ᠳᠡᠪᠰᠢᠭᠡᠳ ︽ᠠᠷᠠᠳ ᠤᠨ ᠬᠤᠪᠢᠰᠬᠠᠯᠲᠤ ᠨᠠᠮ︾ ᠤᠨ ︽ᠮᠣᠵᠢᠭᠤᠳᠠ ᠨᠠᠮᠲᠠᠨ︾᠂ ︽ᠲᠣᠮᠤ ᠲᠠᠩᠨᠠᠭᠤᠯ︾᠂ ︽ᠣᠯᠣᠰ ᠢᠶᠠᠨ ᠬᠠᠭᠠᠴᠠᠭᠤᠯᠣᠭᠴᠢ᠂ ᠣᠷᠪᠠᠭᠴᠢ︾᠂ ︽ᠨᠠᠮ ᠤᠨ ᠳᠣᠲᠣᠷ᠎ᠠ ᠰᠢᠷᠭᠤᠯᠣᠨ ᠣᠷᠣᠭᠰᠠᠨ ᠠᠩᠭᠢ ᠶᠢᠨ ᠵᠢᠰᠦ ᠪᠣᠷᠣᠭᠤ ᠡᠲᠡᠭᠡᠳ︾᠂ ︽ᠪᠠᠶᠠᠨ ᠮᠠᠯᠴᠢᠨ᠂ ᠮᠠᠯ ᠤᠨ ᠡᠵᠡᠨ︾ ᠬᠡᠮᠡᠨ ᠪᠣᠷᠣᠭᠤᠰᠢᠶᠠᠨ ᠰᠢᠭᠦᠮᠵᠢᠯᠡᠵᠦ᠂ ᠲᠡᠭᠦᠨ ᠤ ᠬᠡᠯᠡᠭᠰᠡᠨ ᠦᠭᠡ᠂ ᠬᠢᠭᠰᠡᠨ ᠬᠡᠷᠡᠭ᠂ ᠠᠭᠤᠯᠵᠠᠭᠰᠠᠨ ᠬᠦᠮᠦᠨ᠂ ᠣᠴᠢᠷᠯᠠᠭᠰᠠᠨ ᠦᠢᠯᠡᠰ ᠪᠦᠷ ᠶᠠᠯ᠎ᠠ ᠪᠣᠯᠵᠤ᠂ ᠰᠣᠳᠣᠰᠡᠴᠡᠨ ᠡᠷᠡᠭᠦᠳᠡᠭᠳᠡᠨ ᠲᠡᠮᠣᠯᠠᠭᠳᠠᠵᠤ᠂ ᠡᠯᠳᠡᠭᠳᠡᠨ ᠵᠠᠩᠴᠢᠭᠳᠠᠵᠤ᠂ ᠨᠠᠷᠠ ᠪᠢᠲᠡᠭᠦᠦ ᠨᠥᠬᠡᠨ ᠭᠡᠷ ᠤᠨ ᠠᠮᠢᠳᠣᠷᠠᠯ ᠡᠳ᠋ᠯᠡᠵᠡᠢ᠃ ︽ᠠᠮᠢ ᠨᠠᠭᠠᠨ᠎ᠠ᠂ ᠲᠠᠮᠤ ᠴᠠᠭᠠᠨ᠎ᠠ︾ ᠡᠳᠦᠷ ᠰᠠᠷ᠎ᠠ ᠨᠤᠭᠤᠳ ᠰᠣᠪᠣᠷᠠᠨ ᠣᠳᠣᠭᠰᠠᠭᠠᠷ ᠨᠢᠭᠡ ᠮᠡᠳᠡᠬᠦ ᠳᠤ ᠠᠷᠪᠠᠨ ᠵᠢᠯ ᠤᠨ ᠨᠢᠭᠤᠷ ᠦᠵᠡᠴᠢᠬᠡᠪᠡ᠃1973 ᠣᠨ ᠳᠤ ᠰᠣᠳᠣᠰᠡᠴᠡᠨ ᠢ ᠨᠦᠬᠡᠨ ᠭᠡᠷ ᠠᠴᠠ ᠭᠠᠷᠭᠠᠵᠤ ᠠᠵᠢᠯ ᠢ ᠨᠢ ᠰᠡᠷᠭᠦᠭᠡᠭᠰᠡᠨ ᠨᠡᠷ᠎ᠡ ᠪᠠᠷ ᠪᠣᠱᠣᠣᠳᠠᠢ ᠰᠣᠮᠣᠨ ᠳᠤ ᠪᠠᠭᠤᠯᠭᠠᠨ ᠬᠦᠢᠰᠦ ᠶᠢᠨ ᠭᠤᠣᠯ ᠪᠠᠭ ᠲᠤ ᠰᠠᠭᠤᠯᠭᠠᠵᠠᠢ᠃ ᠲᠡᠷᠡ ᠬᠢᠯᠢᠰ ᠭᠤᠮᠣᠳᠠᠯ  ᠢᠶᠠᠨ ᠳᠣᠭᠠᠴᠢᠵᠤ ᠴᠠᠭᠠᠳᠬᠠᠬᠤ ᠭᠡᠵᠦ ᠳᠡᠭᠡᠭᠰᠢ ᠳᠣᠷᠣᠭᠰᠢ ᠭᠦᠶᠦᠭᠰᠡᠨ ᠦᠭᠡᠢ᠂ ᠶᠠᠭ ᠯᠡ ᠶᠠᠮᠠᠷ ᠴᠤ ᠣᠴᠢᠷ ᠶᠠᠪᠣᠳᠠᠯ ᠭᠠᠷᠣᠭᠰᠠᠨ ᠦᠭᠡᠢ ᠰᠢᠭ᠂ ᠪᠠᠷᠢᠭᠠᠳᠠ ᠶᠢᠨ ᠣᠯᠠᠨ ᠲᠥᠮᠡᠨ ᠢ ᠳᠠᠶᠢᠴᠢᠯᠠᠨ ᠨᠣᠲᠤᠭ ᠣᠰᠣᠨ ᠤ ᠪᠥᠲᠦᠭᠡᠨ ᠪᠠᠶᠢᠭᠤᠯᠣᠯᠲᠠ ᠬᠢᠵᠦ ᠲᠥᠮᠡ ᠳᠥᠷᠪᠡᠨ ᠵᠠᠭᠤ ᠭᠠᠷᠣᠢ ᠮᠧᠲᠷ ᠣᠷᠲᠤ ᠴᠢᠯᠠᠭᠤᠨ ᠬᠡᠷᠡᠮ ᠵᠡᠷᠭᠡᠯᠡᠵᠦ᠂ ᠲᠥᠮᠡ ᠢᠯᠡᠭᠦᠦ ᠮᠤ᠋ ᠡᠪᠡᠰᠦᠨ ᠬᠦᠷᠢᠶ᠎ᠡ ᠪᠠᠶᠢᠭᠤᠯᠣᠨ᠂ ᠨᠣᠭᠤᠭᠠᠨ ᠢᠶᠠᠷ ᠳᠠᠷᠣᠰᠢᠭᠤᠯᠬᠤ ᠳᠥᠷᠪᠡᠨ ᠰᠠᠭᠤᠷᠢ ᠲᠣᠮᠤ ᠵᠣᠭᠤᠷᠢ ᠮᠠᠯᠲᠠᠭᠠᠳ᠂ ᠨᠣᠭᠤᠭᠠᠨ ᠪᠣᠷᠳᠤᠭ᠎ᠠ ᠳᠠᠷᠣᠰᠢᠭᠤᠯᠵᠤ ᠠᠩᠬᠠᠨ ᠤ ᠠᠮᠵᠢᠯᠲᠠ ᠶᠢ ᠣᠯᠣᠭᠰᠠᠨ ᠪᠢᠯᠡ᠃ 1977 ᠣᠨ ᠤ 11 ᠰᠠᠷ᠎ᠠ ᠳᠤ ᠰᠣᠳᠣᠰᠡᠴᠡᠨ ᠢ ᠰᠢᠯᠣᠭᠤᠨ ᠬᠥᠬᠡ ᠬᠤᠰᠢᠭᠤᠨ ᠤ ᠮᠣᠩᠭᠤᠯ ᠳᠣᠮᠳᠠᠳᠤ ᠰᠣᠷᠭᠠᠭᠤᠯᠢ ᠶᠢᠨ ᠨᠠᠮ ᠤᠨ ᠡᠭᠦᠷ ᠤᠨ ᠱᠦᠵᠢ ᠪᠠᠷ ᠰᠢᠯᠵᠢᠭᠦᠯᠪᠡ᠃ ᠠᠷᠪᠠᠨ ᠵᠢᠯ ᠤᠨ ᠰᠠᠮᠠᠭᠤᠷᠠᠯ ᠳᠣᠮᠳᠠ ᠪᠥᠬᠦ ᠬᠤᠰᠢᠭᠤᠨ ᠤ ᠪᠠᠭ᠎ᠠ᠂ ᠳᠣᠮᠳᠠᠳᠤ ᠰᠣᠷᠭᠠᠭᠤᠯᠢ ᠨᠤᠭᠤᠳ ᠶᠣᠰᠣᠲᠠᠢ ︽ᠵᠠᠭᠤᠨ ᠵᠠᠳᠠᠷᠬᠠᠢ ᠵᠢᠷᠠᠨ ᠣᠳᠠᠷᠬᠠᠢ︾ ᠪᠣᠯᠣᠭᠰᠠᠨ ᠶᠣᠮ᠃ ᠰᠣᠳᠣᠰᠡᠴᠡᠨ ᠭᠤᠸᠠᠢ ᠥᠷᠭᠡᠨ ᠣᠯᠠᠨ ᠪᠠᠭᠰᠢ ᠰᠣᠷᠣᠭᠴᠢᠳ ᠢᠶᠠᠨ ᠳᠠᠭᠠᠭᠤᠯᠣᠨ ᠠᠯᠢ ᠣᠯᠠᠨ ᠬᠦᠴᠢᠷ ᠪᠡᠷᠬᠡᠰᠢᠶᠡᠯ ᠢ ᠢᠯᠠᠨ ᠳᠠᠪᠠᠵᠤ ᠰᠣᠷᠭᠠᠭᠤᠯᠢ ᠪᠠᠨ ᠳᠥᠪᠬᠢᠨᠡᠭᠦᠯᠦᠨ ᠰᠡᠷᠭᠦᠭᠡᠵᠦ ᠬᠡᠪ ᠤᠨ ᠪᠠᠶᠢᠳᠠᠯ ᠢᠶᠠᠷ ᠵᠢᠭᠠᠨ ᠰᠣᠷᠭᠠᠬᠤ ᠵᠠᠮ ᠳᠤᠨᠢ ᠣᠷᠣᠭᠤᠯᠣᠭᠰᠠᠨ ᠪᠢᠯᠡ᠃1978 ᠣᠨ ᠤ 11 ᠰᠠᠷ᠎ᠠ ᠳᠤ ᠰᠣᠳᠣᠰᠡᠴᠡᠨ ᠭᠤᠸᠠᠢ ᠳᠤ ᠵᠢᠩᠬᠢᠨᠢ ᠪᠠᠷ ᠴᠠᠭᠠᠳᠬᠠᠯ ᠬᠢᠵᠦ ᠣᠣᠯ ᠤᠨ ᠨᠠᠮ  ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠣᠬᠠᠭᠤᠯᠬᠤ ᠬᠡᠯᠲᠡᠰ ᠤᠨ ᠳᠠᠷᠤᠭ᠎ᠠ ᠶᠢᠨ ᠳᠣᠰᠢᠶᠠᠯ ᠢ ᠨᠢ ᠰᠡᠷᠭᠦᠭᠡᠪᠡ᠃1984 ᠣᠨ ᠳᠤ ᠠᠯᠲᠠᠨ ᠰᠢᠷᠡᠭᠡᠳᠦ ᠭᠠᠴᠠᠭᠠᠨ ᠤ ᠮᠠᠯᠴᠢᠳ ︽ᠨᠠ᠊ · ᠰᠠᠶᠢᠨᠴᠣᠭᠲᠤ︾ ᠶᠢᠨ ᠳᠣᠷᠠᠰᠬᠠᠯ ᠤᠨ ᠬᠥᠰᠢᠶ᠎ᠡ ᠶᠢ ᠵᠢᠭᠠᠰᠣᠲᠠᠢ ᠨᠠᠭᠤᠷ ᠤᠨ ᠳᠡᠨᠵᠢ ᠳᠤ ᠪᠣᠰᠬᠠᠪᠠ᠃ ᠰᠣᠳᠣᠰᠡᠴᠡᠨ ᠡᠨᠡ ᠬᠦ ᠠᠵᠢᠯ ᠳᠤ ᠡᠬᠢᠨ ᠠᠴᠠ ᠨᠢ ᠲᠡᠭᠦᠰᠲᠡᠯ᠎ᠡ ᠣᠷᠣᠯᠴᠠᠵᠤ ᠬᠥᠰᠢᠶ᠎ᠡ ᠪᠣᠰᠬᠠᠭᠰᠠᠨ ᠶᠣᠰᠣᠯᠠᠯ ᠳᠤ ᠵᠣᠷᠢᠭᠤᠯᠣᠨ ᠰᠢᠯᠦᠭ ᠣᠶᠠᠩᠭᠠᠯᠠᠵᠤ ᠳᠣᠭᠳᠣᠯᠣᠭᠰᠠᠨ ᠰᠡᠳᠬᠢᠯ ᠢᠶᠠᠨ ᠢᠯᠡᠳᠭᠡᠵᠦ ᠪᠠᠶᠢᠭᠰᠠᠨ ᠠᠵᠢ᠃ ᠬᠤᠵᠢᠮ ᠨᠢ ︽ᠳᠣᠷᠠᠰᠬᠠᠯ︾᠂ ︽ᠮᠥᠷᠦᠭᠡᠳᠦᠯ︾ ᠬᠤᠶᠠᠷ ᠳᠣᠷᠠᠳᠬᠠᠯ ᠤᠨ ᠵᠣᠬᠢᠶᠠᠯ ᠤᠨ ᠲᠡᠭᠦᠪᠦᠷᠢ ᠬᠡᠪᠯᠡᠭᠳᠡᠬᠦ ᠳᠤ ᠥᠪᠡᠷ ᠢᠶᠠᠨ ᠨᠠ᠊ · ᠰᠠᠶᠢᠨᠴᠣᠭᠲᠤ ᠲᠠᠢ ᠬᠠᠮᠲᠤ ᠠᠮᠢᠳᠣᠷᠠᠵᠤ ᠰᠣᠷᠣᠯᠴᠠᠭᠰᠠᠨ ᠥᠩᠭᠡᠷᠡᠯᠲᠡ ᠪᠠᠨ ᠪᠢᠴᠢᠭᠰᠡᠨ ᠪᠢᠯᠡ᠃ 1993 ᠣᠨ  ᠠᠴᠠ 1999 ᠣᠨ ᠬᠦᠷᠲᠡᠯ᠎ᠡ ᠬᠢ ᠬᠤᠭᠤᠴᠠᠭᠠᠨ ᠳᠤ ᠶᠠᠪᠣᠭᠳᠠᠭᠰᠠᠨ ᠨᠠ᠊ · ᠰᠠᠶᠢᠨᠴᠣᠭᠲᠤ ᠶᠢᠨ ᠵᠣᠬᠢᠶᠠᠯ ᠪᠥᠲᠦᠭᠡᠯ ᠢ ᠡᠷᠢᠨ ᠴᠣᠭᠯᠠᠭᠤᠯᠬᠤ᠂ ᠡᠮᠬᠢᠳᠭᠡᠨ ᠲᠢᠭᠯᠡᠬᠦ᠂ ᠬᠡᠪᠯᠡᠯ ᠳᠡᠪᠰᠢᠭᠦᠯᠬᠦ᠂ ᠪᠥᠷᠢᠨ ᠵᠣᠬᠢᠶᠠᠯ ᠬᠡᠪᠯᠡᠭᠳᠡᠨ ᠳᠠᠷᠬᠠᠬᠤ ᠪᠣᠯᠲᠠᠯ᠎ᠠ ᠰᠣᠳᠣᠰᠡᠴᠡᠨ ᠢᠳᠡᠪᠬᠢᠲᠠᠢ ᠣᠷᠣᠯᠴᠠᠵᠤ ᠥᠪᠡᠷ ᠤᠨ ᠬᠠᠳᠠᠭᠠᠯᠠᠵᠤ ᠪᠠᠶᠢᠭᠰᠠᠨ ᠨᠠ᠊ · ᠰᠠᠶᠢᠨᠴᠣᠭᠲᠤ ᠶᠢᠨ ᠡᠳᠦᠷ ᠤᠨ ᠲᠡᠮᠳᠡᠭᠯᠡᠯ ᠨᠢᠭᠡ ᠳᠡᠪᠲᠡᠷ᠂ ᠰᠡᠭᠦᠳᠡᠷ ᠳᠥᠴᠢ ᠰᠢᠬᠠᠮ ᠢ ᠭᠠᠷᠭᠠᠨ ᠥᠭᠭᠦᠭᠰᠡᠨ  ᠢᠶᠠᠷ ᠪᠠᠷᠠᠬᠤ ᠦᠭᠡᠢ ᠪᠠᠰᠠ ᠨᠠ᠊ · ᠰᠠᠶᠢᠨ ᠤ ᠠᠵᠢᠯ ᠠᠮᠢᠳᠣᠷᠠᠯ᠂ ᠵᠠᠩ ᠰᠣᠷᠲᠠᠯ᠂ ᠵᠣᠬᠢᠶᠠᠯ ᠪᠥᠲᠦᠭᠡᠯ᠂ ᠨᠡᠶᠢᠭᠡᠮ  ᠤᠨ ᠶᠠᠪᠣᠯᠴᠠᠭ᠎ᠠ ᠵᠡᠷᠭᠡ ᠲᠠᠯ᠎ᠠ ᠪᠠᠷ ᠦᠨᠡᠲᠡᠢ ᠬᠤᠪᠣᠷ ᠴᠣᠬᠠᠭ ᠮᠠᠲ᠋ᠧᠷᠢᠶᠠᠯ᠂ ᠰᠣᠷᠠᠭ ᠴᠢᠮᠡᠭᠡ ᠶᠢ ᠬᠠᠩᠭᠠᠭᠰᠠᠨ ᠶᠣᠮ᠃ 1999 ᠣᠨ ᠤ ᠨᠠᠮᠣᠷ᠂ ︽ᠨᠠ᠊ · ᠰᠠᠶᠢᠨᠴᠣᠭᠲᠤ ᠶᠢᠨ ᠪᠦᠷᠢᠨ ᠵᠣᠬᠢᠶᠠᠯ︾ ᠬᠡᠪᠯᠡᠭᠳᠡᠨ ᠭᠠᠷᠴᠤ ᠨᠣᠮ ᠳᠠᠷᠬᠠᠭᠠᠬᠤ ᠶᠣᠰᠣᠯᠠᠯ ᠢ ᠰᠢᠯᠣᠭᠤᠨ ᠬᠥᠬᠡ ᠬᠤᠰᠢᠭᠤᠨ ᠳᠤ ᠶᠠᠪᠣᠭᠤᠯᠪᠠ᠃ 2003 ᠣᠨ ᠳᠤ ︽ᠮᠥᠩᠭᠡ ᠳᠣᠷᠠᠰᠬᠠᠭᠳᠠᠬᠤ ᠨᠠ᠊ · ᠰᠠᠶᠢᠨᠴᠣᠭᠲᠤ︾ ᠬᠡᠮᠡᠬᠦ ᠳᠣᠷᠠᠳᠬᠠᠯ ᠤᠨ ᠲᠡᠭᠦᠪᠦᠷᠢ ᠶᠢ ᠴᠣᠭᠯᠠᠭᠤᠯᠣᠨ ᠡᠮᠬᠢᠳᠭᠡᠬᠦ ᠳᠤ ᠨᠠᠶᠢᠷᠠᠭᠤᠯᠣᠭᠴᠢ ᠪᠠᠷ ᠣᠷᠢᠭᠳᠠᠨ ᠣᠷᠣᠯᠴᠠᠵᠤ᠂ ᠥᠪᠡᠷ ᠢᠶᠠᠨ ᠪᠠᠰᠠ ᠬᠡᠲᠦ ᠬᠡᠳᠦᠨ ᠳᠣᠷᠠᠰᠣᠮᠵᠢ ᠪᠢᠴᠢᠭᠰᠡᠨ ᠰᠠᠨ ᠃ ᠰᠣᠳᠣᠰᠡᠴᠡᠨ ᠪᠣᠯ ᠶᠣᠰᠣᠲᠠᠢ ᠨᠡᠷ᠎ᠡ ᠨᠢᠳᠡᠷ ᠲᠡᠭᠡᠨ ᠳᠣᠬᠢᠷᠠᠭᠰᠠᠨ ᠨᠣᠮ ᠬᠤᠷᠢᠶᠠᠨ ᠬᠠᠳᠠᠭᠠᠯᠠᠭᠴᠢ᠂ ᠮᠣᠩᠭᠤᠯ ᠰᠣᠶᠣᠯ ᠳᠠᠭᠠᠨ ᠬᠠᠶᠢᠷᠠᠲᠠᠢ ᠰᠣᠶᠣᠯ ᠤᠨ ᠵᠢᠳᠬᠦᠯᠲᠡᠨ ᠶᠣᠮ᠃ ᠲᠡᠷᠡ ᠮᠣᠩᠭᠤᠯ ᠦᠨᠳᠦᠰᠦᠲᠡᠨ ᠤ ᠰᠣᠶᠣᠯ ᠲᠡᠦᠬᠡ ᠲᠠᠢ ᠬᠤᠯᠪᠣᠭᠳᠠᠬᠤ ᠪᠢᠴᠢᠭ ᠰᠣᠳᠣᠷ ᠢ ᠬᠡᠳᠦᠨ ᠮᠢᠩᠭᠠᠨ ᠳᠡᠪᠲᠡᠷ ᠴᠣᠭᠯᠠᠭᠤᠯᠵᠤ᠂ ᠠᠪᠳᠠᠷ᠎ᠠ ᠠᠪᠳᠠᠷ᠎ᠠ  ᠪᠠᠷ ᠬᠤᠷᠢᠶᠠᠨ ᠬᠠᠳᠠᠭᠠᠯᠠᠵᠤ ᠶᠠᠪᠠᠭᠠᠨ ᠦᠯᠢᠭᠡᠷ ᠳᠣᠮᠤᠭ᠂ ᠠᠷᠠᠳ ᠤᠨ ᠳᠠᠭᠤᠤ ᠬᠥᠭᠵᠢᠮ ᠢ ᠳᠠᠭᠤ ᠰᠢᠩᠭᠡᠭᠡᠯᠲᠡ  ᠶᠢᠨ ᠪᠦᠰᠡ ᠳᠤ ᠰᠢᠩᠭᠡᠭᠡᠨ ᠠᠪᠴᠤ ᠬᠠᠳᠠᠭᠠᠯᠠᠳᠠᠭ᠃ ᠲᠡᠷᠡ ᠦᠷᠭᠦᠯᠵᠢ ︽ᠬᠤᠷᠣᠭᠤ ᠣᠷᠢᠶᠠᠬᠤ ᠴᠠᠭᠠᠰᠤ ᠲᠡᠳᠦᠢ ᠴᠦ ᠬᠤᠪᠣᠷ ᠵᠦᠢᠯᠡᠰ ᠢ ᠲᠡᠮᠳᠡᠭᠯᠡᠭᠰᠡᠨ ᠪᠣᠯ ᠬᠤᠵᠢᠮ ᠡᠷᠳᠡᠨᠢ ᠪᠣᠯᠣᠨ᠎ᠠ︾ ᠭᠡᠳᠡᠭ ᠪᠢᠯᠡ᠃ 1980 ᠣᠨ ᠳᠤ ᠰᠢᠯᠣᠭᠤᠨ ᠬᠥᠬᠡ ᠬᠤᠰᠢᠭᠤᠨ ᠤ ᠣᠳᠬ᠎ᠠ ᠣᠷᠠᠯᠢᠭᠴᠢᠳ ᠤᠨ ᠠᠩᠬᠠᠳᠣᠭᠠᠷ ᠣᠳᠠᠭᠠᠨ ᠤ ᠲᠥᠯᠦᠭᠡᠯᠡᠭᠴᠢᠳ ᠤᠨ ᠶᠡᠭᠡ ᠬᠤᠷᠠᠯ ᠬᠤᠷᠠᠯᠳᠣᠵᠤ ︽ᠰᠢᠯᠣᠭᠤᠨ ᠬᠥᠬᠡ ᠬᠤᠰᠢᠭᠤᠨ ᠤ ᠣᠳᠬ᠎ᠠ ᠣᠷᠠᠯᠢᠭ ᠤᠨ  ᠬᠢᠨ ᠤ ᠬᠤᠯᠪᠣᠭ᠎ᠠ︾ ᠪᠠᠶᠢᠭᠤᠯᠣᠭᠳᠠᠭᠰᠠᠨ ᠶᠣᠮ᠃ ᠪᠥᠬᠦ ᠣᠷᠣᠨ ᠳᠤ ᠬᠠᠮᠤᠭ ᠲᠥᠷᠦᠭᠦᠦ ᠪᠠᠶᠢᠭᠤᠯᠣᠭᠳᠠᠭᠰᠠᠨ ᠬᠤᠰᠢᠭᠤ ᠱᠠᠳᠣᠨ ᠤ ᠣᠳᠬ᠎ᠠ ᠣᠷᠠᠯᠢᠭᠴᠢᠳ ᠤᠨ ᠬᠤᠯᠪᠣᠭᠠᠨ ᠤ ᠨᠢᠭᠡ ᠶᠣᠮ᠃ ᠰᠣᠳᠣᠰᠡᠴᠡᠨ ᠣᠬᠠᠭᠤᠯᠬᠤ ᠬᠡᠯᠲᠡᠰ ᠤᠨ ᠳᠠᠷᠤᠭ᠎ᠠ᠂ ᠣᠳᠬ᠎ᠠ ᠣᠷᠠᠯᠢᠭ ᠤᠨ ᠬᠢᠨ ᠤ ᠬᠤᠯᠪᠣᠭᠠᠨ ᠤ ᠲᠡᠷᠢᠭᠦᠯᠡᠭᠴᠢ ᠪᠠᠶᠢᠭᠰᠠᠨ ᠣᠷᠲᠤ ᠬᠤᠭᠤᠴᠠᠭᠠᠨ ᠳᠤ ᠵᠢᠷᠣᠭᠴᠢᠨ ᠠᠭᠸᠠᠩ ᠤᠨ ︽ᠮᠣᠩᠭᠤᠯ ᠦᠨᠳᠦᠰᠦᠲᠡᠨ ᠤ ᠬᠡ ᠣᠭᠠᠯᠵᠠ ᠶᠢᠨ ᠲᠡᠭᠦᠪᠦᠷᠢ︾᠂ ︽ᠭᠠᠩᠫᠦ᠋ᠷᠪᠦ ᠶᠢᠨ ᠵᠣᠬᠢᠶᠠᠯ ᠤᠨ ᠲᠡᠭᠦᠪᠦᠷᠢ︾᠂ ︽ᠭᠣ · ᠵᠠᠮᠰᠦ᠋ᠷᠦᠩᠵᠠᠪ ᠤᠨ ᠵᠣᠬᠢᠶᠠᠯ ᠤᠨ ᠲᠡᠭᠦᠪᠦᠷᠢ︾᠂ ᠮᠥ᠊ · ᠲᠡᠩᠵᠢᠨᠢᠮ᠎ᠠ ᠶᠢᠨ ︽ᠠᠯᠲᠠᠨ ᠵᠢᠯᠣᠭᠤ︾᠂ ︽ᠰᠢᠯᠣᠭᠤᠨ ᠬᠥᠬᠡ ᠶᠢᠨ ᠰᠢᠵᠢᠷ ᠭᠢᠯᠪᠠᠭ᠎ᠠ︾᠂ ︽ᠤᠭᠠᠯᠵᠠᠨ ᠱᠠᠩᠳᠤ ᠶᠢᠨ ᠣᠭ᠍ᠶᠣᠨ ᠳᠡᠭᠡᠵᠢ︾ ᠵᠡᠷᠭᠡ ᠰᠢᠯᠣᠭᠤᠨ ᠬᠥᠬᠡ ᠬᠤᠰᠢᠭᠤᠨ ᠤ ᠣᠳᠬ᠎ᠠ ᠣᠷᠠᠯᠢᠭᠴᠢᠳ  ᠤᠨ ᠪᠥᠲᠦᠭᠡᠯ ᠤᠨ ᠲᠡᠭᠦᠪᠦᠷᠢ ᠬᠡᠪᠯᠡᠭᠳᠡᠨ ᠭᠠᠷᠣᠭᠰᠠᠨ ᠪᠠ ︽ᠱᠠᠩᠳᠤ ᠶᠢᠨ ᠣᠨᠳᠣᠷᠣᠯ︾᠂ ︽ᠰᠢᠯᠣᠭᠤᠨ ᠬᠥᠬᠡ  ᠶᠢᠨ ᠣᠷᠠᠨ ᠵᠣᠬᠢᠶᠠᠯ︾ ᠵᠡᠷᠭᠡ ᠠᠷᠪᠠᠭᠠᠳ ᠲᠥᠷᠦᠯ ᠤᠨ ᠰᠣᠨᠢᠨ ᠰᠡᠳᠬᠦᠯ ᠬᠡᠪᠯᠡᠭᠳᠡᠨ ᠳᠠᠷᠬᠠᠭᠠᠭᠳᠠᠭᠰᠠᠨ ᠶᠣᠮ᠃1981 ᠣᠨ ᠳᠤ ᠰᠢᠯᠣᠭᠤᠨ ᠬᠥᠬᠡ ᠬᠤᠰᠢᠭᠤᠨ ᠤ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠪᠣᠯᠪᠠ᠃ ᠲᠡᠷᠡ ᠬᠤᠪᠢᠳᠠᠨ ᠬᠠᠷᠢᠭᠤᠴᠠᠭᠰᠠᠨ ᠰᠣᠶᠣᠯ ᠰᠣᠷᠭᠠᠨ ᠬᠦᠮᠦᠵᠢᠯ᠂ ᠦᠨᠳᠦᠰᠦᠲᠡᠨ ᠱᠠᠰᠢᠨ ᠰᠣᠷᠲᠠᠬᠤᠨ᠂ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠠᠵᠢᠯ ᠢ ᠡᠷᠴᠢᠮᠵᠢᠭᠦᠯᠬᠦ ᠠᠯᠢ ᠣᠯᠠᠨ ᠠᠷᠭ᠎ᠠ ᠣᠬᠠᠭᠠᠨ ᠢ ᠰᠦᠪᠡᠭᠴᠢᠯᠡᠵᠦ᠂ ᠰᠠᠯᠠᠭ᠎ᠠ ᠳᠣᠪᠴᠢᠶ᠎ᠠ ᠶᠢ ᠰᠡᠷᠭᠦᠭᠡᠨ ᠲᠡᠭᠦᠯᠳᠡᠷᠵᠢᠭᠦᠯᠬᠦ᠂ ᠰᠢᠨᠵᠢᠯᠡᠬᠦ ᠣᠬᠠᠭᠠᠨ ᠤ ᠨᠡᠶᠢᠭᠡᠮᠯᠢᠭ ᠢ ᠨᠡᠮᠡᠵᠦ ᠪᠠᠶᠢᠭᠤᠯᠬᠤ᠂ ᠮᠣᠩᠭᠤᠯ ᠬᠡᠪᠯᠡᠯ ᠤᠨ ᠦᠢᠯᠡᠳᠪᠦᠷᠢ ᠪᠠᠶᠢᠭᠤᠯᠬᠤ ᠣᠯᠠᠨ ᠰᠠᠶᠢᠬᠠᠨ ᠪᠣᠳᠠᠳᠠᠢ ᠠᠵᠢᠯ ᠬᠢᠵᠦ᠂ ᠰᠢᠯᠣᠭᠤᠨ ᠬᠥᠬᠡ ᠬᠤᠰᠢᠭᠤᠨ ᠤ ᠰᠣᠶᠣᠯ ᠰᠣᠷᠭᠠᠨ ᠬᠦᠮᠦᠵᠢᠯ᠂ ᠣᠳᠬ᠎ᠠ ᠣᠷᠠᠯᠢᠭ ᠤᠨ ᠦᠢᠯᠡᠰ ᠥᠷᠨᠢᠨ ᠪᠠᠳᠠᠷᠠᠭᠰᠠᠨ ᠬᠥᠭᠵᠢᠯ ᠤᠨ ᠵᠠᠮ ᠳᠠᠭᠠᠨ ᠣᠷᠣᠪᠠ᠃ ᠵᠥᠪᠬᠡᠨ ᠳᠣᠲᠣᠭᠠᠳᠤ ᠮᠠᠲ᠋ᠧᠷᠢᠶᠠᠯ ᠢᠶᠠᠷ ᠬᠡᠪᠯᠡᠭᠳᠡᠨ ᠳᠠᠷᠬᠠᠭᠰᠠᠨ ᠰᠣᠨᠢᠨ ᠰᠡᠳᠬᠦᠯ ᠠᠷᠪᠠᠭᠠᠳ ᠲᠥᠷᠦᠯ ᠪᠣᠯᠣᠭᠰᠠᠨ ᠪᠢᠯᠡ᠃ 1985 ᠣᠨ ᠤ 10 ᠰᠠᠷ᠎ᠠ ᠳᠤ ᠳᠥᠴᠢᠨ ᠵᠢᠯ ᠵᠢᠳᠬᠦᠭᠰᠡᠨ ᠠᠵᠢᠯ ᠤᠨ ᠪᠠᠶᠢᠷᠢ ᠠᠴᠠ ᠪᠠᠨ ᠰᠠᠯᠵᠤ᠂ ᠨᠠᠰᠣᠨ ᠤ ᠠᠮᠠᠷᠠᠯᠲᠠ ᠪᠠᠨ ᠠᠪᠣᠭᠰᠠᠨ ᠪᠢᠯᠡ᠃ ᠭᠡᠲᠡᠯ᠎ᠡ ᠮᠣᠩᠭᠤᠯ ᠰᠣᠶᠣᠯ ᠰᠣᠷᠭᠠᠨ ᠬᠦᠮᠦᠵᠢᠯ᠂ ᠣᠳᠬ᠎ᠠ ᠣᠷᠠᠯᠢᠭ ᠤᠨ ᠲᠥᠯᠦᠭᠡ ᠰᠠᠨᠠᠭ᠎ᠠ ᠲᠠᠯᠪᠢᠵᠤ᠂ ᠰᠠᠨᠠᠭᠤᠯᠭ᠎ᠠ ᠳᠣᠷᠠᠳᠴᠤ᠂ ᠬᠠᠮᠵᠢᠯᠴᠠᠨ ᠬᠢᠵᠦ ᠣᠶᠣᠨ ᠣᠬᠠᠭᠠᠨ ᠢᠶᠠᠨ ᠨᠡᠮᠡᠷᠢᠯᠡᠬᠦ ᠪᠠᠨ ᠨᠢᠭᠡ ᠴᠦ ᠵᠣᠭᠰᠣᠭᠰᠠᠨ ᠦᠭᠡᠢ ᠶᠣᠮ᠃  ᠲᠡᠷᠡ᠂ 2004 ᠣᠨ ᠤ 7 ᠰᠠᠷ᠎ᠠ  ᠳᠤ ᠨᠠᠰᠤ ᠪᠠᠷᠠᠪᠠ᠃   
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号