| | ᠰᠣᠳᠨᠠᠮᠶᠦ᠋ᠩᠷᠦᠩ ︵1920~ 1963 ᠣᠨ︶᠂ ᠣᠣᠯ ᠤᠨ ᠴᠠᠬᠠᠷ ᠴᠢᠭᠤᠯᠭᠠᠨ ᠤ | ᠲᠠᠶᠢᠹᠣᠰᠧ ᠪᠠᠷᠠᠭᠤᠨ ᠭᠠᠷ ᠰᠦᠷᠦᠭ ᠤᠨ ᠲᠡᠷᠢᠭᠦᠨ ᠰᠣᠮᠣᠨ ᠤ ᠨᠣᠲᠤᠭ ᠲᠤ ᠬᠤᠰᠠᠢ ᠰᠧᠪᠡᠷᠡᠪᠳᠡᠨ ᠤ ᠭᠡᠷ ᠲᠤ | ᠲᠥᠷᠦᠵᠡᠢ᠃ | ᠰᠣᠳᠨᠠᠮᠶᠦ᠋ᠩᠷᠦᠩ 1944 ᠣᠨ ᠳᠤ ᠶᠠᠫᠣᠨ ᠣᠯᠣᠰ ᠲᠣᠣᠺᠢᠤ᠋ ᠳᠠᠬᠢ ᠪᠠᠭᠰᠢ ᠶᠢᠨ ᠳᠡᠭᠡᠳᠦ | ᠰᠣᠷᠭᠠᠭᠤᠯᠢ ᠶᠢᠨ ᠲᠡᠦᠬᠡ ᠭᠠᠵᠠᠷ ᠵᠦᠢ ᠶᠢᠨ ᠰᠠᠯᠪᠣᠷᠢ ᠠᠴᠠ ᠰᠣᠷᠣᠯᠭ᠎ᠠ ᠲᠡᠭᠦᠰᠴᠦ᠂ ᠣᠯᠣᠰ ᠲᠠᠭᠠᠨ ᠪᠣᠴᠠᠵᠤ | ᠢᠷᠡᠭᠡᠳ ᠳᠣᠮᠳᠠᠳᠤ ᠰᠣᠷᠭᠠᠭᠤᠯᠢ ᠳᠤ ᠪᠠᠭᠰᠢᠯᠠᠪᠠ᠃ 1946 ᠣᠨ ᠤ 2 ᠰᠠᠷ᠎ᠠ ᠳᠤ ᠬᠤᠪᠢᠰᠬᠠᠯ ᠤᠨ ᠠᠵᠢᠯ ᠳᠤ | ᠣᠷᠣᠯᠴᠠᠵᠤ᠂ ᠲᠠᠶᠢᠹᠣᠰᠧ ᠪᠠᠷᠠᠭᠤᠨ ᠭᠠᠷ ᠬᠤᠰᠢᠭᠤᠨ ᠤ ᠠᠷᠠᠳᠴᠢᠯᠠᠭᠰᠠᠨ ᠬᠤᠰᠢᠭᠤ ᠵᠠᠰᠠᠭ ᠤᠨ ᠣᠷᠳᠣᠨ ᠤ | ᠳᠠᠷᠤᠭ᠎ᠠ ᠪᠠᠷ ᠰᠣᠩᠭᠤᠭᠳᠠᠵᠠᠢ᠃ ᠲᠣᠰ ᠵᠢᠯ ᠤᠨ 7 ᠰᠠᠷ᠎ᠠ ᠳᠤ᠂ ᠥᠪᠦᠷ ᠮᠣᠩᠭᠤᠯ ᠤᠨ ᠮᠣᠷᠢᠲᠤ ᠴᠡᠷᠢᠭ ᠤᠨ | 11 ᠳ᠋ᠣᠭᠡᠷ ᠳ᠋ᠢᠸᠢᠽᠢ ᠶᠢᠨ ᠣᠯᠣᠰ ᠲᠥᠷᠦ ᠶᠢᠨ ᠬᠡᠯᠲᠡᠰ ᠲᠤ ᠠᠵᠢᠯᠯᠠᠵᠤ ᠪᠠᠶᠢᠭᠠᠳ 12 ᠰᠠᠷ᠎ᠠ ᠳᠤᠨᠢ ᠪᠣᠴᠠᠨ | ᠢᠷᠡᠵᠦ᠂ ᠲᠠᠶᠢᠹᠣᠰᠧ ᠪᠠᠷᠠᠭᠤᠨ ᠭᠠᠷᠣᠨ ᠬᠤᠰᠢᠭᠤᠨ ᠤ ᠳᠠᠷᠤᠭ᠎ᠠ ᠪᠠᠷ ᠠᠵᠢᠯᠯᠠᠵᠠᠢ᠃ ᠬᠤᠵᠢᠮ ᠨᠢ ᠴᠠᠬᠠᠷ | ᠠᠶᠢᠮᠠᠭ ᠤᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠭᠠᠵᠠᠷ ᠤᠨ ᠳᠠᠷᠤᠭ᠎ᠠ ᠪᠣᠯᠪᠠ᠃ 1953 ᠣᠨ ᠤ 9 | ᠰᠠᠷ᠎ᠠ ᠳᠤ᠂ ᠥᠪᠦᠷ ᠮᠣᠩᠭᠤᠯ ᠤᠨ ᠮᠣᠩᠭᠤᠯ ᠬᠡᠯᠡ ᠰᠣᠳᠣᠯᠣᠯ ᠤᠨ ᠬᠤᠷᠠᠯ ᠤᠨ ᠠᠯᠪᠠᠨ ᠭᠡᠷ ᠤᠨ ᠡᠷᠬᠢᠯᠡᠭᠴᠢ | ᠪᠠᠷ ᠰᠢᠯᠵᠢᠨ ᠠᠵᠢᠯᠯᠠᠭᠰᠠᠨ ᠠᠴᠠ ᠬᠤᠶᠢᠰᠢ᠂ ᠣᠷᠢᠳ ᠬᠤᠵᠢᠳ ᠮᠣᠩᠭᠤᠯ ᠣᠷᠣᠨ ᠤ ᠨᠣᠲᠤᠭ ᠤᠨ ᠠᠶᠠᠯᠭᠤ ᠶᠢ | ᠪᠠᠶᠢᠴᠠᠭᠠᠬᠤ ᠠᠩᠭᠢ ᠶᠢᠨ ᠳᠠᠳ᠋ ᠳᠠᠷᠤᠭ᠎ᠠ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠮᠣᠩᠭᠤᠯ | ᠬᠡᠯᠡᠨ ᠤ ᠠᠵᠢᠯ ᠤᠨ ᠺᠣᠮᠢᠰ ᠤᠨ ᠬᠡᠰᠢᠭᠦᠨ᠂ ᠨᠠᠮ ᠤᠨ ᠳᠣᠭᠤᠶᠢᠯᠠᠩ ᠤᠨ ᠪᠥᠷᠢᠯᠳᠦᠭᠦᠨ᠂ ᠥᠪᠦᠷ ᠮᠣᠩᠭᠤᠯ ᠤᠨ | ᠮᠣᠩᠭᠤᠯ ᠬᠡᠯᠡ ᠣᠳᠬ᠎ᠠ ᠵᠣᠬᠢᠶᠠᠯ ᠰᠣᠳᠣᠯᠬᠤ ᠭᠠᠵᠠᠷ ᠤᠨ ᠬᠡᠯᠡ ᠰᠣᠳᠣᠯᠣᠯ ᠤᠨ ᠠᠯᠪᠠᠨ ᠭᠡᠷ ᠤᠨ ᠡᠷᠬᠢᠯᠡᠭᠴᠢ | ᠵᠡᠷᠭᠡ ᠳᠣᠰᠢᠶᠠᠯ ᠢ ᠬᠠᠷᠢᠭᠤᠴᠠᠵᠤ ᠥᠩᠭᠡᠷᠡᠪᠡ᠃ | ᠰᠣᠳᠨᠠᠮᠶᠦ᠋ᠩᠷᠦᠩ ᠰᠣᠷᠴᠤ ᠰᠣᠳᠣᠯᠬᠤ ᠪᠠᠬ᠎ᠠ ᠲᠠᠢ᠃ ᠮᠣᠩᠭᠤᠯ ᠬᠢᠲᠠᠳ ᠬᠡᠯᠡᠨ ᠳᠤ ᠨᠡᠪᠲᠡᠷᠭᠡᠢ᠂ | ᠶᠠᠫᠣᠨ ᠠᠩᠭ᠍ᠯᠢ᠂ ᠣᠷᠣᠰ ᠬᠡᠯᠡ ᠴᠦ ᠮᠡᠳᠡᠳᠡᠭ᠃ ᠲᠡᠷᠡ ᠮᠣᠩᠭᠤᠯ ᠬᠡᠯᠡ ᠰᠣᠳᠣᠯᠣᠯ ᠤᠨ ᠲᠠᠯ᠎ᠠ ᠪᠠᠷ ᠥᠪᠡᠷ ᠤᠨ | ᠥᠪᠡᠷᠮᠢᠴᠡ ᠦᠵᠡᠯᠲᠡ ᠲᠠᠢ ᠠᠴᠠ ᠲᠡᠭᠦᠨ ᠤ ︽ᠥᠪᠦᠷ ᠮᠣᠩᠭᠤᠯ ᠲᠤ ᠮᠣᠩᠭᠤᠯ ᠬᠡᠯᠡ ᠬᠡᠷᠡᠭᠯᠡᠵᠦ | ᠬᠥᠭᠵᠢᠭᠦᠯᠦᠭᠰᠡᠨ ᠠᠷᠪᠠᠨ ᠵᠢᠯ︾᠂ ︽ᠣᠯᠣᠰ ᠤᠨ ᠳᠣᠲᠣᠷᠠᠬᠢ ᠴᠥᠭᠡᠨ ᠲᠣᠭᠠᠳᠤ ᠥᠨᠳᠦᠰᠦᠲᠡᠨ ᠤ ᠬᠡᠯᠡ | ᠠᠶᠠᠯᠭᠤ ᠶᠢ ᠪᠠᠶᠢᠴᠠᠭᠠᠭᠰᠠᠨ ᠮᠡᠳᠡᠭᠦᠯᠦᠯᠲᠡ︾ ᠵᠡᠷᠭᠡ ᠦᠭᠦᠯᠡᠯ ᠨᠢ ᠳᠡᠭᠡᠷ᠎ᠡ ᠵᠠᠭᠤᠨ ᠤ ᠲᠠᠪᠢᠭᠠᠳ ᠣᠨ ᠳᠤ ︽ | ᠮᠣᠩᠭᠤᠯ ᠬᠡᠯᠡ ᠪᠢᠴᠢᠭ︾ ᠰᠡᠳᠭᠦᠯ ᠳᠤ ᠨᠡᠶᠢᠲᠡᠯᠡᠭᠳᠡᠨ ᠣᠷᠣᠨ ᠳᠠᠶᠠᠭᠠᠷ ᠮᠣᠩᠭᠤᠯ ᠬᠡᠯᠡ ᠪᠢᠴᠢᠭ ᠢ ᠰᠣᠷᠴᠤ | ᠰᠣᠳᠣᠯᠬᠤ᠂ ᠬᠥᠭᠵᠢᠭᠦᠯᠵᠦ ᠳᠡᠯᠭᠡᠷᠡᠭᠦᠯᠬᠦ ᠳᠤ ᠳᠦᠯᠬᠢᠴᠡ ᠦᠢᠯᠡᠳᠦᠯ ᠭᠠᠷᠭᠠᠭᠰᠠᠨ ᠪᠢᠯᠡ᠃ | ᠰᠣᠳᠨᠠᠮᠶᠦ᠋ᠩᠷᠦᠩ ︽ᠬᠢᠲᠠᠳ ᠮᠣᠩᠭᠤᠯ ᠲᠣᠯᠢ ᠪᠢᠴᠢᠭ︾ ᠵᠡᠷᠭᠡ ᠬᠡᠷᠡᠭᠯᠡᠭᠡᠨ ᠤ ᠨᠣᠮ ᠰᠣᠳᠣᠷ ᠢ | ᠨᠠᠶᠢᠷᠠᠭᠤᠯᠬᠤ᠂ ᠬᠢᠨᠠᠬᠤ᠂ ᠮᠣᠩᠭᠤᠯ ᠨᠡᠷ᠎ᠡ ᠲᠣᠮᠢᠶ᠎ᠠ ᠶᠢ ᠨᠢᠭᠡᠳᠦᠭᠦᠯᠬᠦ ᠪᠠ ᠳᠡᠯᠭᠡᠷᠡᠭᠦᠯᠬᠦ ᠠᠵᠢᠯ ᠳᠤ ᠢᠳᠡᠪᠬᠢᠲᠡᠢ | ᠣᠷᠣᠯᠴᠠᠵᠤ᠂ ᠮᠠᠨ ᠤ ᠣᠷᠣᠨ ᠤ ᠮᠣᠩᠭᠤᠯ ᠬᠡᠯᠡ ᠪᠢᠴᠢᠭ ᠤᠨ ᠠᠵᠢᠯ ᠤᠨ ᠥᠷᠨᠢᠯᠲᠡ ᠬᠥᠭᠵᠢᠯᠲᠡ ᠳᠤ ᠨᠥᠬᠦᠴᠡᠯ | ᠪᠥᠷᠢᠯᠳᠦᠭᠦᠯᠦᠨ ᠬᠤᠪᠢ ᠨᠡᠮᠡᠷᠢ ᠪᠠᠨ ᠦᠵᠡᠭᠦᠯᠦᠭᠰᠡᠨ ᠨᠢᠭᠡᠨ ᠮᠣᠩᠭᠤᠯ ᠬᠡᠯᠡ ᠪᠢᠴᠢᠭ ᠤᠨ ᠠᠵᠢᠯ ᠤᠨ | ᠵᠢᠳᠭᠦᠯᠲᠡᠨ ᠶᠣᠮ᠃ ᠰᠣᠳᠨᠠᠮᠶᠦ᠋ᠩᠷᠦᠩ 1963 ᠣᠨ ᠤ 3 ᠰᠠᠷ᠎ᠠ ᠶᠢᠨ 2 ᠤᠨ ᠡᠳᠦᠷ ᠳᠥᠴᠢᠨ ᠭᠤᠷᠪᠠᠨ | ᠨᠠᠰᠣᠲᠠᠢ ᠡᠪᠳᠴᠢᠨ ᠢᠶᠠᠷ ᠨᠠᠰᠤ ᠨᠥᠭᠴᠢᠪᠠ᠃ | ᠰᠣᠳᠨᠠᠮᠶᠦ᠋ᠩᠷᠦᠩ᠂ 1990 ᠣᠨ ᠳᠤ ︽ᠰᠢᠯᠢ ᠶᠢᠨ ᠭᠤᠣᠯ ᠤᠨ ᠠᠯᠳᠠᠷᠲᠤ ᠬᠦᠮᠦᠰ︾᠂ | 2004 ᠣᠨ ᠳᠤ ︽ᠲᠠᠶᠢᠹᠣᠰᠧ ᠪᠠᠷᠠᠭᠤᠨ ᠭᠠᠷ ᠰᠦᠷᠦᠭ ︵ᠬᠤᠰᠢᠭᠤ︶︾᠂ ︽ᠰᠢᠯᠣᠭᠤᠨ ᠬᠥᠬᠡ ᠬᠤᠰᠢᠭᠤᠨ | ᠤ ᠣᠶᠢᠯᠠᠯᠭ᠎ᠠ ︵ᠳᠣᠣᠷᠠᠳᠤ︶︾᠂ 2007 ᠣᠨ ︽ᠴᠠᠬᠠᠷ ᠴᠢᠭᠤᠯᠭᠠᠨ ᠤ ᠡᠷᠳᠡᠮᠰᠣᠶᠣᠯᠲᠤ ᠮᠣᠩᠭᠤᠯ ᠳᠣᠮᠳᠠᠳᠤ | ᠰᠣᠷᠭᠠᠭᠤᠯᠢ︾ ᠶᠢᠨ ᠲᠡᠦᠬᠡᠨ ᠮᠠᠲ᠋ᠧᠷᠢᠶᠠᠯ ᠵᠡᠷᠭᠡ ᠨᠣᠮ ᠳᠤ ᠲᠡᠮᠳᠡᠭᠯᠡᠭᠳᠡᠵᠡᠢ᠃ | --《ᠰᠢᠯᠤᠭᠤᠨ ᠬᠥᠬᠡ ᠬᠤᠰᠢᠭᠤᠨ ᠤ ᠴᠣᠣᠳᠣ ᠬᠦᠮᠦᠰ 》 ᠨᠤᠮ ᠠᠴᠠ ᠰᠡᠶᠢᠷᠡᠭᠦᠯᠪᠡ | | |