ᠪᠠᠶᠠᠰᠬᠤᠯᠠᠩ
ᠨᠡᠶᠢᠲᠡᠯᠡᠭᠰᠡᠨ ᠴᠠᠭ᠄
2020/8/25
         ᠪᠠᠶᠠᠰᠬᠤᠯᠠᠩ ︵1922~ 1951 ᠣᠨ︶᠂ ᠰᠢᠯᠣᠭᠤᠨ ᠬᠥᠬᠡ ᠬᠤᠰᠢᠭᠤᠨ ᠤ ᠥᠭᠡᠯᠡᠳ ᠶᠢᠰᠦ ᠰᠣᠮᠣᠨ ᠤ ᠬᠦᠮᠦᠨ᠂ ᠡᠩ ᠤᠨ ᠮᠠᠯᠴᠢᠨ ᠵᠣᠭᠳᠠᠷ ᠤᠨ ᠬᠥᠪᠡᠭᠦᠨ ᠪᠣᠯᠣᠨ ᠲᠥᠷᠦᠵᠡᠢ᠃ ᠪᠠᠲᠣᠳ ᠣᠪᠣᠭᠲᠠᠢ᠃          ᠪᠠᠭ᠎ᠠ ᠠᠴᠠ ᠪᠠᠨ ᠰᠡᠴᠡᠨ ᠰᠡᠷᠭᠦᠯᠡᠩ ᠬᠡᠦᠬᠡᠳ ᠪᠠᠶᠢᠵᠤ᠂ ᠰᠢᠯᠣᠭᠤᠨ ᠬᠥᠬᠡ ᠬᠤᠰᠢᠭᠤᠨ ᠤ ᠠᠯᠪᠠᠨ  ᠤ ᠪᠠᠭ᠎ᠠ ᠰᠣᠷᠭᠠᠭᠤᠯᠢ ᠶᠢ ᠳᠡᠭᠦᠰᠦᠭᠡᠳ ᠴᠠᠬᠠᠷ ᠶᠠᠮᠣᠨ ᠨᠠᠭᠤᠷ ᠤᠨ ᠪᠥᠷᠢᠨ ᠪᠠᠭ᠎ᠠ ᠰᠣᠷᠭᠠᠭᠤᠯᠢ ᠳᠤ ᠳᠡᠪᠰᠢᠨ ᠰᠣᠷᠣᠯᠴᠠᠵᠤ᠂ ᠰᠣᠷᠭᠠᠭᠤᠯᠢ ᠲᠡᠭᠦᠰᠦᠭᠰᠡᠨ ᠤ ᠳᠠᠷᠠᠭ᠎ᠠ᠂ ᠳᠡᠭᠡᠳᠦ ᠨᠢᠭᠡᠨ ᠱᠠᠲᠣᠨ ᠤ ᠰᠣᠷᠭᠠᠭᠤᠯᠢ ᠳᠤ ᠰᠢᠯᠭᠠᠭᠤᠯᠣᠨ ᠣᠷᠣᠭᠰᠠᠨ ᠪᠣᠯᠪᠠᠴᠤ ᠭᠡᠷ ᠶᠠᠳᠠᠭᠤ ᠠᠮᠢᠳᠣᠷᠠᠯ ᠬᠦᠴᠢᠷ ᠲᠠᠢ ᠠᠴᠠ ᠦᠷᠭᠦᠯᠵᠢᠯᠡᠨ ᠰᠣᠷᠣᠯᠴᠠᠵᠤ ᠴᠢᠳᠠᠬᠤ ᠦᠭᠡᠢ ᠪᠣᠯᠵᠠᠢ᠃ ᠡᠭᠦᠨ ᠳᠤ ᠰᠢᠯᠣᠭᠤᠨ ᠬᠥᠬᠡ ᠬᠤᠰᠢᠭᠤᠨ ᠤ ᠰᠡᠬᠡᠭᠡᠷᠡᠭᠰᠡᠨ ᠲᠣᠮᠣᠭᠠᠲᠠᠨ ᠯᠾᠮᠣᠰᠦ᠋ᠷᠦᠩ ᠵᠠᠩᠭᠢ᠂ ᠪᠣᠮᠰᠢᠷᠢ ᠵᠣᠩᠳᠠ ᠡᠨᠡ ᠬᠦ ᠰᠡᠴᠡᠨ ᠰᠡᠷᠭᠦᠯᠡᠩ ᠵᠠᠯᠠᠭᠤ ᠶᠢ ᠲᠣᠭᠤᠵᠤ ᠵᠠᠷᠣᠳᠠᠯ ᠵᠣᠭᠤᠰ ᠳᠣᠰᠠᠯᠠᠵᠤ᠂ ᠮᠣᠩᠭᠤᠯ ᠳᠣᠮᠳᠠᠳᠤ ᠰᠣᠷᠭᠠᠭᠤᠯᠢ ᠳᠤ ᠦᠷᠭᠦᠯᠵᠢᠯᠡᠨ ᠰᠣᠷᠣᠯᠴᠠᠭᠤᠯᠵᠠᠢ᠃ ᠯᠾᠮᠣᠰᠦ᠋ᠷᠦᠩ ᠵᠠᠩᠭᠢ᠄ ︽ᠴᠢ ᠰᠣᠷᠬᠤ ᠳᠤ ᠳᠣᠷᠠᠲᠠᠢ ᠬᠡᠦᠬᠡᠳ᠂ ᠰᠣᠷ ᠰᠣᠷ︾ ᠭᠡᠵᠦ ᠭᠤᠴᠢ ᠳᠥᠴᠢᠨ ᠮᠥᠩᠭᠦᠨ ᠵᠣᠭᠤᠰ ᠥᠭᠴᠦ ᠵᠣᠷᠢᠭᠵᠢᠭᠤᠯᠣᠨ ᠳᠣᠰᠠᠯᠠᠭᠰᠠᠨ ᠪᠥᠭᠡᠳ ᠪᠣᠮᠰᠢᠷᠢ ᠵᠣᠩᠳᠠ ᠪᠠᠰᠠ ᠣᠨᠣᠭᠠᠷᠢ ᠶᠢᠨ ᠰᠠᠶᠢᠨ ᠮᠣᠷᠢ᠂ ᠵᠠᠮ ᠤᠨ ᠵᠠᠷᠣᠳᠠᠯ ᠥᠭᠴᠦ ︽ᠴᠢᠷᠮᠠᠶᠢᠨ ᠰᠣᠷᠣᠯᠴᠠ ᠳ᠋ᠠ᠂ ᠥᠨᠳᠦᠰᠦ ᠣᠭᠰᠠᠭ᠎ᠠ ᠳᠠᠭᠠᠨ ᠬᠡᠷᠡᠭᠲᠡᠢ ᠬᠦᠮᠦᠨ ᠪᠣᠯᠣᠨ᠎ᠠ ᠰᠢᠦ ᠂ ᠡᠨᠡ ᠮᠣᠷᠢ ᠶᠢ ᠣᠨᠣᠭᠠᠳ ᠴᠢᠭᠤᠯᠣᠯᠲᠤ ᠬᠠᠭᠠᠯᠭ᠎ᠠ ᠪᠣᠶᠤ ᠪᠡᠭᠡᠵᠢᠩ ᠣᠷᠣᠭᠠᠳ᠂ ᠬᠤᠳᠠᠯᠳᠣᠵᠤ ᠬᠤᠪᠢᠯᠭᠠᠭᠠᠳ ᠰᠣᠷᠣᠯᠴᠠᠬᠤ ᠵᠠᠷᠣᠳᠠᠯ ᠰᠦᠢᠳᠬᠡᠯ ᠪᠣᠯᠭ᠎ᠠ︾ ᠭᠡᠵᠦ ᠵᠣᠷᠢᠭᠵᠢᠭᠤᠯᠣᠨ ᠶᠠᠪᠣᠭᠤᠯᠵᠠᠢ᠃ ᠮᠣᠩᠭᠤᠯ ᠲᠥᠪᠡᠳ ᠤᠨ ᠰᠣᠷᠭᠠᠭᠤᠯᠢ ᠳᠤ ᠭᠤᠷᠪᠠ ᠳᠥᠷᠪᠡᠨ ᠵᠢᠯ ᠰᠣᠷᠣᠯᠴᠠᠵᠤ᠂ ᠲᠡᠭᠦᠰᠦᠭᠰᠡᠨ ᠤ ᠬᠤᠶᠢᠨ᠎ᠠ ᠴᠠᠬᠠᠷ ᠴᠢᠭᠤᠯᠭᠠᠨ ᠤ ᠲᠥᠪ ᠵᠠᠩᠪᠸᠢ ︵ᠬᠠᠷ᠎ᠠ ᠪᠠᠯᠭᠠᠰᠤ︶ ᠳᠤ ᠴᠢᠭᠤᠯᠭᠠᠨ ᠤ ᠵᠠᠬᠢᠷᠭ᠎ᠠ ᠶᠢᠨ ᠠᠷᠠᠳ ᠤᠨ ᠶᠠᠪᠣᠳᠠᠯ ᠤᠨ ᠭᠠᠵᠠᠷ ᠤᠨ ᠨᠢᠭᠡᠨ ᠰᠠᠯᠠᠭᠠᠨ ᠳᠤ ᠠᠵᠢᠯᠯᠠᠵᠤ ᠪᠠᠶᠢᠭᠠᠳ᠂ 1943 ᠣᠨ ᠤ ᠦᠶᠡᠰ ᠲᠤ ᠰᠢᠯᠣᠭᠤᠨ ᠬᠥᠬᠡ ᠬᠤᠰᠢᠭᠤᠨ ᠤ ᠠᠷᠠᠳ  ᠤᠨ ᠶᠠᠪᠣᠳᠠᠯ ᠤᠨ ᠰᠠᠯᠠᠭᠠᠨ ᠳᠤ ᠰᠠᠯᠠᠭᠠᠨ ᠳᠠᠷᠤᠭ᠎ᠠ ᠪᠣᠯᠪᠠ᠃ ᠡᠨᠡ ᠳᠣᠰᠢᠶᠠᠯ ᠨᠢ ᠣᠣᠯ ᠤᠨ ᠳᠡᠳ᠋ ᠵᠠᠯᠠᠨ ᠲᠠᠢ ᠲᠡᠩᠴᠡᠭᠦᠦ ᠳᠣᠰᠢᠶᠠᠯ ᠪᠣᠯᠣᠨ᠎ᠠ᠃         1945 ᠣᠨ ᠤ 11 ᠰᠠᠷ᠎ᠠ ᠳᠤ ᠴᠢᠭᠤᠯᠣᠯᠲᠤ ᠬᠠᠭᠠᠯᠭ᠎ᠠ ᠳᠤ ᠪᠣᠯᠣᠭᠰᠠᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠪᠠᠶᠢᠭᠤᠯᠬᠤ ᠬᠤᠷᠠᠯ ᠳᠤ ᠪᠠᠶᠠᠰᠬᠤᠯᠠᠩ ᠬᠤᠰᠢᠭᠤ ᠪᠠᠨ ᠲᠥᠯᠦᠭᠡᠯᠡᠨ ᠣᠷᠣᠯᠴᠠᠪᠠ᠃         1946 ᠣᠨ ᠤ 4 ᠰᠠᠷ᠎ᠠ ᠳᠤ ᠴᠠᠬᠠᠷ ᠠᠶᠢᠮᠠᠭ ᠤᠨ ᠬᠤᠪᠢᠶᠠᠷᠢ ᠬᠤᠷᠠᠯ ᠤᠨ ᠠᠵᠢᠯᠲᠠᠨ ᠰᠣᠨᠢᠨᠪᠠᠶᠠᠷ ᠰᠢᠯᠣᠭᠤᠨ ᠬᠥᠬᠡ ᠳᠤ ᠢᠷᠡᠵᠦ᠂ ᠬᠤᠰᠢᠭᠤ ᠶᠢ ᠬᠠᠪᠰᠣᠷᠴᠤ᠂ ᠬᠤᠰᠢᠭᠤ ᠰᠣᠮᠣᠨ ᠤ ᠰᠢᠨ᠎ᠡ ᠵᠠᠰᠠᠭ ᠵᠠᠬᠢᠷᠭᠠᠨ ᠤ ᠪᠠᠶᠢᠭᠤᠯᠣᠮᠵᠢ ᠶᠢ ᠪᠠᠶᠢᠭᠤᠯᠬᠤ ᠳᠤ ᠪᠠᠶᠠᠰᠬᠤᠯᠠᠩ ᠰᠢᠯᠣᠭᠤᠨ ᠬᠥᠬᠡ ᠬᠤᠰᠢᠭᠤᠨ ᠤ ᠥᠪᠡᠷᠲᠡᠭᠡᠨ ᠵᠠᠰᠠᠬᠤ ᠬᠥᠳᠡᠯᠭᠡᠭᠡᠨ ᠤ ᠰᠠᠯᠪᠣᠷᠢ ᠬᠤᠷᠠᠯ ᠤᠨ ᠡᠷᠬᠢᠯᠡᠭᠴᠢ ᠪᠠᠷ ᠰᠣᠩᠭᠤᠭᠳᠠᠪᠠ᠃         1946 ᠣᠨ ᠤ ᠨᠠᠮᠣᠷ᠂ ᠳᠣᠲᠣᠭᠠᠳᠤ ᠶᠢᠨ ᠳᠠᠶᠢᠨ ᠳᠡᠭᠳᠡᠨ᠂ ᠴᠠᠭ ᠲᠥᠷᠦ ᠶᠢᠨ ᠦᠢᠮᠡᠭᠡᠨ ᠭᠠᠷᠣᠭᠰᠠᠨ ᠠᠴᠠ ᠬᠤᠶᠢᠰᠢ᠂ ᠭᠠᠰᠢ ᠶᠢᠨ ᠣᠷᠪᠠᠳᠠᠯᠴᠣᠳ ᠨᠢᠭᠡ ᠣᠳᠠᠭ᠎ᠠ ᠪᠠᠶᠠᠰᠬᠤᠯᠠᠩ ᠢ ᠪᠠᠷᠢᠬᠤ ᠪᠠᠷ ᠭᠡᠨᠡᠲᠡᠭᠦᠯᠦᠨ ᠡᠷᠢᠵᠦ ᠣᠴᠢᠭᠰᠠᠨ ᠳᠤ ᠲᠡᠷᠡ ᠬᠠᠮᠠᠭᠠᠯᠠᠭᠴᠢ ᠲᠠᠢ ᠪᠠᠨ ᠬᠤᠶᠠᠭᠤᠯᠠ ᠠᠷᠭ᠎ᠠ ᠣᠬᠠᠭᠠᠨ ᠭᠠᠷᠭᠠᠵᠤ ᠳᠠᠶᠢᠰᠣᠨ ᠠᠴᠠ ᠵᠠᠶᠢᠯᠠᠵᠤ ᠠᠮᠵᠢᠭᠰᠠᠨ ᠣᠳᠠᠭ᠎ᠠ ᠪᠣᠢ᠃         1947 ᠣᠨ ᠤ ᠬᠠᠪᠣᠷ᠂ ᠰᠢᠯᠣᠭᠤᠨ ᠬᠥᠬᠡ ᠬᠤᠰᠢᠭᠤᠨ ᠤ ᠲᠥᠯᠦᠭᠡᠯᠡᠭᠴᠢ ᠪᠠᠷ ᠰᠣᠩᠭᠤᠭᠳᠠᠨ᠂ ᠣᠯᠠᠭᠠᠨᠬᠤᠲᠠ ᠳᠤ ᠬᠦᠷᠴᠦ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠠᠷᠠᠳ ᠤᠨ ᠵᠠᠰᠠᠭ ᠤᠨ ᠣᠷᠳᠣᠨ ᠪᠠᠶᠢᠭᠤᠯᠬᠤ ᠬᠤᠷᠠᠯ ᠳᠤ ᠣᠷᠣᠯᠴᠠᠵᠠᠢ᠃         1947 ᠣᠨ ᠤ ᠲᠠᠪᠤ ᠵᠢᠷᠭᠤᠭᠠᠨ ᠰᠠᠷ᠎ᠠ ᠶᠢᠨ ᠦᠶ᠎ᠡ ᠪᠠᠷ ᠰᠢᠯᠢ ᠶᠢᠨ ᠭᠤᠣᠯ ᠴᠠᠬᠠᠷ ᠤᠨ ᠵᠠᠰᠠᠭ ᠵᠠᠬᠢᠷᠭᠠᠨ ᠤ ᠭᠠᠵᠠᠷ ᠠᠴᠠ ᠲᠡᠭᠦᠨ ᠢ ᠰᠢᠯᠢ ᠶᠢᠨ ᠭᠤᠣᠯ ᠠᠶᠢᠮᠠᠭ ᠲᠤ ᠰᠢᠯᠵᠢᠭᠦᠯᠦᠨ ᠠᠵᠢᠯᠯᠠᠭᠤᠯᠣᠭᠰᠠᠨ ᠪᠠᠶᠢᠨ᠎ᠠ᠃ ᠲᠡᠷᠡ ᠪᠠᠷ 1947 ᠣᠨ ᠤ ᠨᠠᠮᠣᠷ ᠠᠴᠠ 1948 ᠣᠨ ᠤ 8 ᠰᠠᠷ᠎ᠠ ᠬᠦᠷᠲᠡᠯ᠎ᠡ᠂ ᠲᠡᠷᠡ ᠦᠶ᠎ᠡ ᠶᠢᠨ ᠵᠡᠭᠦᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠳᠤ ᠳᠡᠳ᠋ ᠳᠠᠷᠤᠭ᠎ᠠ ᠶᠢᠨ ᠳᠣᠰᠢᠶᠠᠯ ᠲᠠᠢ ᠪᠠᠶᠢᠵᠠᠢ᠃         1950 ᠣᠨ ᠤ 1 ᠰᠠᠷ᠎ᠠ ᠠᠴᠠ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠣᠷᠳᠣᠨ ᠤ ᠮᠠᠯ ᠠᠵᠤ ᠠᠬᠤᠢ ᠶᠢᠨ ᠭᠠᠵᠠᠷ ᠤᠨ ᠳᠡᠳ᠋ ᠳᠠᠷᠤᠭ᠎ᠠ ᠶᠢᠨ ᠳᠣᠰᠢᠶᠠᠯ ᠲᠠᠢ ᠪᠠᠶᠢᠭᠠᠳ 1951 ᠣᠨ ᠳᠤ ᠡᠪᠡᠳᠴᠢᠨ ᠢᠶᠠᠷ ᠨᠠᠰᠣ ᠪᠠᠷᠠᠭᠰᠠᠨ ᠪᠠᠶᠢᠨ᠎ᠠ᠃ ᠲᠣᠰ ᠬᠦᠮᠦᠨ ᠲᠥᠷᠦᠭᠰᠡᠨ ᠬᠡᠦᠬᠡᠳ ᠦᠭᠡᠢ᠂ ᠲᠡᠵᠢᠭᠡᠭᠰᠡᠨ ᠬᠦᠦ ᠨᠣᠷᠪᠤ ᠨᠢ ᠭᠠᠯ ᠭᠤᠯᠣᠮᠲᠠ ᠶᠢ ᠨᠢ ᠵᠠᠯᠭᠠᠮᠵᠢᠯᠠᠭᠠᠳ ᠣᠳᠤ ᠬᠠᠩᠬᠠᠯ ᠰᠣᠮᠣᠨ ᠳᠤ ᠪᠣᠢ᠃ ᠲᠣᠰ ᠬᠦᠮᠦᠨ ᠮᠣᠩᠭᠤᠯ ᠲᠥᠪᠡᠳ ᠤᠨ ᠰᠣᠷᠭᠠᠭᠤᠯᠢ ᠳᠤ ᠪᠠᠶᠢᠬᠤ ᠦᠶᠡᠰ᠂ ᠵᠠᠶᠠᠭᠠᠲᠠᠢ ᠲᠠᠢ ᠵᠣᠵᠠᠭᠠᠨ ᠬᠠᠨᠢᠯᠠᠭᠰᠠᠨ ᠠᠬ᠎ᠠ ᠳᠡᠭᠦᠦ ᠭᠡᠨ᠎ᠡ᠃ ᠲᠡᠷᠡ ᠴᠢᠯᠦᠭᠡᠯᠡᠭᠳᠡᠭᠰᠡᠨ ᠤ ᠡᠬᠢᠨ ᠤ ᠦᠶ᠎ᠡ ᠳᠤ ᠨᠡᠯᠢᠶᠡᠳ ᠥᠨᠳᠦᠷ ᠳᠡᠰ  ᠤᠨ ᠣᠳᠣᠷᠢᠳᠬᠤ ᠪᠠᠶᠢᠷᠢ ᠳᠤ ᠪᠠᠶᠢᠭᠰᠠᠨ ᠣᠯᠣᠰ ᠲᠥᠷᠦᠴᠢᠨ ᠢᠶᠠᠷ ᠪᠠᠷᠠᠬᠤ ᠦᠭᠡᠢ ᠪᠠᠰᠠ ᠨᠢᠭᠡᠨ ᠭᠠᠷᠮᠠᠭᠠᠢ ᠰᠢᠯᠦᠭᠴᠢ ᠶᠣᠮ᠃         ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ 1998 ᠣᠨ ᠳᠤ ᠬᠡᠪᠯᠡᠭᠦᠯᠦᠭᠰᠡᠨ ᠮᠣᠩᠭᠤᠯ ᠰᠣᠶᠣᠯ ᠤᠨ ᠴᠣᠪᠣᠷᠠᠯ ᠪᠢᠴᠢᠭ ︽ᠰᠣᠭᠤ ᠶᠢᠨ ᠨᠣᠭᠤᠭ᠎ᠠ︾ ︵1931~ 1945 ᠣᠨ ᠤ ᠬᠤᠭᠤᠷᠣᠨᠳᠣᠬᠢ ᠮᠣᠩᠭᠤᠯ ᠣᠷᠠᠨ ᠵᠣᠬᠢᠶᠠᠯ ᠤᠨ ᠰᠣᠩᠭᠤᠮᠠᠯ︶ ᠳᠤ ᠴᠠᠬᠠᠷ ᠴᠢᠭᠤᠯᠭᠠᠨ ᠤ ᠰᠢᠯᠣᠭᠤᠨ ᠬᠥᠬᠡ ᠶᠢᠨ ᠪᠠᠶᠠᠰᠬᠤᠯᠠᠩ ᠬᠡᠮᠡᠭᠴᠢ ᠪᠠᠷ 1942~ 1945 ᠣᠨ ᠤ ᠬᠤᠭᠤᠷᠣᠨᠳᠤ ︽ᠬᠥᠬᠡ ᠲᠤᠭ︾ ᠰᠣᠨᠢᠨ ᠳᠡᠭᠡᠷ᠎ᠡ ᠨᠡᠶᠢᠲᠡᠯᠡᠭᠦᠯᠦᠭᠰᠡᠨ ᠡᠳᠦᠢ ᠲᠡᠳᠦᠢ ᠭᠠᠶᠢᠬᠠᠯᠲᠠᠢ ᠰᠠᠶᠢᠬᠠᠨ ᠰᠢᠯᠦᠭ ᠪᠠᠶᠢᠳᠠᠭ᠃ ᠲᠡᠭᠦᠨ ᠤ ᠪᠢᠴᠢᠭᠰᠡᠨ ︽ᠣᠳᠣᠨ  ᠤ ᠰᠦᠷᠦᠭ︾ ᠭᠡᠬᠦ ᠰᠢᠯᠦᠭ ᠪᠣᠯᠣᠨ ︽ᠣᠷᠣᠨ ᠨᠣᠲᠤᠭ ᠮᠢᠨᠢ︾᠂ ︽ᠨᠠᠶᠢᠷᠲᠠᠢ ᠬᠦᠮᠦᠨ ᠳᠡᠭᠡᠨ ᠢᠯᠡᠭᠡᠭᠰᠡᠨ ᠨᠠᠶᠢᠷᠠᠮᠳᠠᠯ ᠤᠨ ᠰᠢᠯᠦᠭ︾᠂ ︽ᠭᠡᠷᠡᠯ ᠭᠡᠷᠡᠯᠲᠦᠨ ᠭᠡᠷᠡᠯᠲᠦᠪᠠᠢ︾ ᠵᠡᠷᠭᠡ ᠪᠥᠲᠦᠭᠡᠯ ᠤᠳ ᠢ ᠲᠠᠯ᠎ᠠ ᠨᠣᠲᠤᠭ ᠤᠨ ᠥᠩᠭᠡ ᠪᠣᠳᠤᠭ ᠵᠣᠵᠠᠭᠠᠨ ᠪᠥᠭᠡᠳ ᠠᠮᠢᠳᠣᠷᠠᠯ ᠠᠬᠤᠢ ᠶᠢᠨ ᠠᠭᠤᠷ ᠠᠮᠢᠰᠬᠤᠯ ᠶᠢᠨ ᠪᠢᠯᠬᠠᠮ᠎ᠠ ᠶᠣᠮ ᠭᠡᠵᠦ ᠪᠣᠰᠣᠳ ᠠᠴᠠ ᠦᠨᠡᠯᠡᠭᠰᠡᠨ ᠪᠠᠶᠢᠳᠠᠭ᠃ ᠳᠣᠬᠠᠢ ᠶᠢᠨ ᠦᠶ᠎ᠡ ᠳᠤ ︽ᠬᠥᠬᠡ ᠲᠤᠭ︾ ᠰᠣᠨᠢᠨ ᠳᠡᠭᠡᠷ᠎ᠡ ᠪᠠᠶᠠᠰᠬᠤᠯᠠᠩ ᠤᠨ ᠪᠢᠴᠢᠭᠰᠡᠨ ᠭᠠᠶᠢᠬᠠᠯᠲᠠᠢ ᠰᠠᠶᠢᠬᠠᠨ ᠠᠮᠢᠳᠣᠷᠠᠯ ᠤᠨ ᠰᠢᠯᠦᠭ ᠤᠳ ᠪᠠᠷᠤᠭ ᠠᠷᠪᠠ ᠭᠠᠷᠣᠢ ᠨᠡᠶᠢᠲᠡᠯᠡᠭᠳᠡᠵᠡᠢ᠃          ᠪᠠᠶᠠᠰᠬᠤᠯᠠᠩ᠂ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ ᠲᠡᠮᠳᠡᠭᠯᠡᠭᠳᠡᠵᠡᠢ᠃ ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠪᠠᠭᠤᠯᠭᠠᠪᠠ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号