| ᠳᠠᠰᠢᠨᠠᠮᠵᠢᠯ ︵1909~ 1996 ᠣᠨ︶᠂ ᠣᠣᠯ ᠤᠨ ᠴᠠᠬᠠᠷ ᠴᠢᠭᠤᠯᠭᠠᠨ ᠲᠠᠶᠢᠹᠣᠰᠧ ᠪᠠᠷᠠᠭᠤᠨ ᠭᠠᠷ | ᠰᠦᠷᠦᠭ ᠤᠨ ᠱᠠᠩᠳᠤ ᠶᠢᠨ ᠭᠤᠣᠯ ᠰᠣᠮᠣᠨ ᠤ ᠬᠦᠮᠦᠨ ︵ᠣᠣᠯ ᠨᠣᠲᠤᠭ ᠨᠢ ᠡᠮᠴᠢ ᠯᠠᠮᠠ ᠶᠢᠨ ᠭᠡᠭᠡᠨ ᠱᠠᠪᠢᠨᠠᠷ | ᠠᠶᠢᠯ︶᠃ | 1939~ 1940 ᠣᠨ ᠬᠦᠷᠲᠡᠯ᠎ᠡ ᠡᠷᠢᠶᠡᠨ ᠥᠷᠲᠡᠭᠡ ᠬᠠᠪᠢ ᠪᠠᠷ ᠰᠠᠭᠤᠵᠤ ᠮᠠᠯ ᠮᠠᠯᠵᠢᠨ ᠠᠳᠣᠭᠤ | ᠬᠠᠷᠢᠭᠤᠯᠵᠤ ᠪᠠᠶᠢᠪᠠ᠃ | 1940~ 1946 ᠣᠨ ᠬᠦᠷᠲᠡᠯ᠎ᠡ ᠳ᠋ᠧ ᠸᠠᠩ ᠤᠨ ᠮᠣᠩᠭᠤᠯ ᠴᠡᠷᠢᠭ ᠲᠤ ᠪᠠᠷᠢᠭᠳᠠᠵᠤ ᠶᠠᠪᠣᠭᠠᠳ ᠬᠤᠸᠠ ᠳ᠋ᠧ᠂ | ᠳᠠᠯᠠᠨ ᠬᠠᠷ᠎ᠠ᠂ ᠴᠢᠭᠤᠯᠣᠯᠲᠤ ᠬᠠᠭᠠᠯᠭ᠎ᠠ ᠵᠡᠷᠭᠡ ᠭᠠᠵᠠᠷ ᠢᠶᠠᠷ ᠶᠠᠪᠣᠵᠤ ᠪᠠᠶᠢᠭᠠᠳ ᠴᠡᠷᠢᠭ ᠠᠴᠠ ᠪᠠᠨ ᠣᠷᠭᠤᠵᠤ | ᠡᠷᠢᠶᠡᠨ ᠥᠷᠲᠡᠭᠡᠨ ᠳᠡᠭᠡᠨ ᠬᠠᠷᠢᠵᠤ ᠢᠷᠡᠪᠡ᠃ | 1946 ~ 1947 ᠣᠨ ᠬᠦᠷᠲᠡᠯ᠎ᠡ ᠥᠪᠦᠷ ᠮᠣᠩᠭᠤᠯ ᠤᠨ ᠥᠪᠡᠷᠲᠡᠭᠡᠨ ᠬᠠᠮᠠᠭᠠᠯᠠᠬᠤ ᠴᠡᠷᠢᠭ ᠤᠨ 4 ᠳ᠋ᠣᠭᠡᠷ | ᠬᠤᠪᠢᠶᠠᠷᠢ ᠠᠩᠭᠢ ᠶᠢᠨ 32 ᠳ᠋ᠣᠭᠠᠷ ᠬᠤᠷᠢᠶ᠎ᠠ ᠶᠢᠨ 3 ᠰᠣᠮᠣᠨ ᠤ ᠪᠠᠶᠢᠯᠳᠣᠭᠴᠢ᠂ ᠳᠠᠰᠤᠭ ᠤᠨ ᠳᠠᠷᠤᠭ᠎ᠠ᠂ ᠳᠡᠳ᠋ | ᠰᠠᠯᠠᠭᠠᠨ ᠳᠠᠷᠤᠭ᠎ᠠ᠂ ᠰᠠᠯᠠᠭᠠᠨ ᠳᠠᠷᠤᠭ᠎ᠠ ᠪᠠᠶᠢᠪᠠ᠃ | ᠳᠠᠰᠢᠨᠠᠮᠵᠢᠯ 1944 ᠣᠨ ᠠᠴᠠ ᠡᠬᠢᠯᠡᠵᠦ ᠶᠠᠫᠣᠨ ᠢ ᠡᠰᠡᠷᠭᠦᠴᠡᠬᠦ ᠳᠠᠶᠢᠨ᠂ ᠠᠷᠠᠳ ᠤᠨ ᠴᠢᠯᠦᠭᠡᠯᠡᠬᠦ ᠳᠠᠶᠢᠨ ᠤ | ᠳᠠᠷᠢ ᠶᠢᠨ ᠣᠳᠤᠭ᠎ᠠ ᠳᠣᠮᠳᠠ ᠴᠢᠰᠤ ᠣᠷᠣᠰᠬᠠᠵᠤ ᠦᠬᠦᠬᠦ ᠠᠴᠠ ᠠᠶᠣᠬᠤ ᠦᠭᠡᠢ᠂ ᠭᠠᠯ ᠵᠠᠯᠠᠭᠤ ᠨᠠᠰᠣ ᠪᠠᠨ | ᠣᠯᠣᠰ ᠣᠷᠣᠨ ᠤ ᠴᠢᠯᠦᠭᠡᠯᠡᠯᠲᠡ ᠳᠤ ᠵᠣᠷᠢᠭᠤᠯᠣᠨ ᠶᠡᠭᠡ ᠪᠠᠭ᠎ᠠ ᠭᠠᠪᠢᠶ᠎ᠠ 4 ᠣᠳᠠᠭ᠎ᠠ ᠪᠠᠶᠢᠭᠤᠯᠵᠤ ᠪᠥᠬᠦ ᠣᠯᠣᠰ | ᠤᠨ ᠪᠠᠶᠢᠯᠳᠣᠭᠠᠨ ᠤ ᠪᠠᠭᠠᠳᠣᠷᠴᠣᠳ ᠢ ᠱᠠᠩᠨᠠᠨ ᠬᠥᠬᠢᠭᠦᠯᠬᠦ ᠶᠡᠭᠡ ᠬᠤᠷᠠᠯ ᠳᠡᠭᠡᠷ᠎ᠡ ᠮᠠᠤ ᠵᠦᠰᠢ ᠵᠢᠴᠢ ᠨᠠᠮ ᠲᠥᠷᠦ | ᠶᠢᠨ ᠣᠳᠣᠷᠢᠳᠬᠤ ᠬᠦᠮᠦᠰ ᠲᠠᠢ ᠠᠭᠤᠯᠵᠠᠵᠤ ᠪᠠᠶᠢᠯᠳᠣᠭᠠᠨ ᠤ ᠴᠣᠯᠠ ᠣᠯᠵᠠᠢ᠃ | ᠳᠠᠰᠢᠨᠠᠮᠵᠢᠯ ᠤᠨ ᠳᠣᠬᠠᠢ ᠬᠠᠮᠲᠤ ᠪᠠᠶᠢᠯᠳᠣᠭᠴᠢ ᠪᠠᠶᠢᠭᠰᠠᠨ ᠳᠣᠷᠵᠢᠷᠠᠪᠳᠠᠨ᠂ ᠠᠮᠣᠷᠮᠡᠨᠳᠦ᠂ ᠰᠣᠶᠣᠯᠲᠤ᠂ | ᠣᠶᠣᠨᠪᠢᠯᠢᠭ᠌᠂ ᠠᠭᠲᠣᠩᠭᠠ᠂ ᠰᠣᠳᠨᠠᠮᠰᠡᠷᠡᠩ᠂ ᠴᠡᠪᠡᠭᠵᠡᠪ᠂ ᠰᠣᠳᠨᠠᠮᠳᠠᠷᠵᠠ᠂ ᠵᠠᠯᠪᠢᠨᠢᠮᠠ᠂ ᠲᠡᠮᠡᠴᠡᠯᠲᠦ᠂ | ᠷᠠᠰᠢᠨᠢᠮ᠎ᠠ᠂ ᠫᠧᠯᠵᠢ ᠨᠠᠷ᠂ ︽ᠵᠢᠭᠦᠷ ᠬᠠᠳᠠᠨ ᠪᠥᠷᠭᠦᠳ︾ ᠬᠡᠮᠡᠬᠦ ᠭᠠᠷᠴᠠᠭ ᠢᠶᠠᠷ ︽ᠥᠪᠦᠷ ᠮᠣᠩᠭᠤᠯ ᠤᠨ ᠡᠳᠦᠷ | ᠤᠨ ᠰᠣᠨᠢᠨ︾ ᠳᠤ ︽ᠮᠣᠷᠢᠲᠤ ᠴᠡᠷᠢᠭ ᠤᠨ ᠪᠠᠶᠢᠯᠳᠣᠭᠠᠨ ᠤ ᠪᠠᠭᠠᠲᠣᠷ ᠳᠠᠰᠢᠨᠠᠮᠵᠢᠯ ᠨᠥᠬᠦᠷ ᠢ ᠮᠥᠷᠦᠭᠡᠳᠦᠭᠰᠡᠨ | ᠳᠣᠷᠠᠰᠣᠮᠵᠢ︾ ᠨᠡᠶᠢᠲᠡᠯᠡᠭᠰᠡᠨ ᠶᠣᠮ᠃ ᠡᠭᠦᠨ ᠠᠴᠠ ᠬᠡᠳᠦᠨ ᠵᠢᠱᠢᠶ᠎ᠡ ᠳᠣᠷᠠᠳᠪᠠᠯ ᠳᠣᠣᠷᠠᠬᠢ ᠮᠡᠲᠦ᠄ | ᠮᠠᠨ ᠤ ᠠᠷᠪᠠᠨ ᠨᠢᠭᠡᠳᠦᠭᠡᠷ ᠳ᠋ᠢᠸᠢᠽᠢ ᠨᠢ ᠱᠠᠩᠳᠤ ᠰᠢᠶᠠᠨ ᠤ ᠣ᠊ ᠵᠢᠶᠠ ᠼᠦᠨ ᠭᠡᠳᠡᠭ ᠳᠣᠰᠬᠤᠨ ᠳᠤ ᠪᠠᠶᠢᠭᠰᠠᠨ᠃ | ᠠᠷᠣ ᠶᠢᠨ ᠠᠭᠤᠯᠠ ᠨᠢ ᠴᠠᠭᠠᠨ ᠬᠠᠳᠠ ᠪᠠᠷ ᠰᠣᠪᠣᠷᠭᠠᠯᠠᠭᠰᠠᠨ ᠰᠢᠭ᠋ ᠡᠭᠴᠡ ᠪᠣᠰᠤᠭ᠎ᠠ ᠣᠷᠭᠢᠯ ᠪᠣᠯᠬᠤᠷ ︽ | ᠴᠠᠭᠠᠨ ᠪᠣᠭᠳᠠ︾ ᠭᠡᠵᠦ ᠨᠡᠷᠡᠶᠢᠳᠦᠭᠰᠡᠨ ᠠᠴᠠ ᠮᠠᠯᠴᠢᠨ ᠲᠥᠮᠡᠨ ᠮᠠᠨ ᠤ ᠳ᠋ᠢᠸᠢᠽᠢ ᠶᠢ ︽ᠴᠠᠭᠠᠨ ᠪᠣᠭᠳᠤ ᠶᠢᠨ | ᠴᠡᠷᠢᠭ︾ ᠭᠡᠵᠦ ᠳᠠᠭᠤᠳᠠᠬᠤ ᠪᠣᠯᠣᠭᠰᠠᠨ ᠶᠣᠮ᠃ ᠲᠡᠷᠡ ᠡᠩ ᠤᠨ ᠮᠠᠯᠴᠢᠨ ᠪᠠᠶᠢᠭᠰᠠᠨ ᠠᠴᠠ ᠪᠠᠨ ᠬᠤᠪᠢᠰᠬᠠᠯᠲᠤ | ᠴᠡᠷᠢᠭ ᠤᠨ ᠨᠢᠭᠡᠨ ᠪᠠᠶᠢᠯᠳᠣᠭᠴᠢ ᠪᠣᠯᠣᠨ ᠬᠦᠮᠦᠵᠢᠭᠳᠡᠭᠰᠡᠨ ᠢᠶᠠᠷ ᠪᠠᠷᠠᠬᠤ ᠦᠭᠡᠢ᠂ ᠳᠡᠮᠡᠢ ᠣᠳᠠᠭᠰᠠᠨ ᠦᠭᠡᠢ | ᠳᠠᠰᠤᠭ ᠤᠨ ᠳᠠᠷᠤᠭ᠎ᠠ᠂ ᠰᠠᠯᠠᠭᠠᠨ ᠳᠠᠷᠤᠭ᠎ᠠ ᠪᠣᠯᠣᠭᠰᠠᠨ ᠶᠣᠮ᠃ ᠬᠤᠷᠢ ᠭᠠᠷᠣᠢ ᠵᠢᠩ ᠤᠨ ᠬᠦᠨᠳᠦ ᠴᠢ ᠵᠢᠤ | ᠫᠦ᠋ᠯᠧᠮᠶᠣᠲ ᠢ ᠮᠣᠷᠢᠨ ᠭᠦᠶᠦᠳᠡᠯ ᠳᠡᠭᠡᠷ᠎ᠡ ᠭᠠᠷ ᠤᠨ ᠠᠶ᠎ᠠ ᠪᠠᠷ ᠡᠷᠭᠢᠯᠳᠦᠭᠦᠯᠦᠨ ᠰᠦᠷᠴᠢᠨ ᠫᠣᠣᠳᠠᠵᠤ᠂ ᠳᠠᠶᠢᠰᠣᠨ | ᠢ ᠡᠪᠡᠰᠦ ᠬᠠᠳᠠᠵᠤ ᠪᠠᠶᠢᠬᠤ ᠰᠢᠭ᠋ ᠬᠡᠳᠦᠨ ᠠᠷᠪᠠ ᠪᠠᠷ ᠨᠢ ᠬᠢᠶᠠᠷᠠᠳᠠᠯ᠎ᠠ ᠣᠨᠠᠭᠠᠳᠠᠭ ᠪᠠᠶᠢᠪᠠ᠃ ᠲᠡᠭᠦᠨ ᠤ | ᠠᠵᠢᠯᠯᠠᠭ᠎ᠠ ᠢᠯᠡᠷᠡᠯ ᠨᠢ ᠪᠠᠭᠠᠲᠣᠷ ᠢᠶᠠᠷ ᠪᠠᠷᠠᠬᠤ ᠦᠭᠡᠢ᠂ ᠲᠥᠷᠦᠭᠰᠡᠨ ᠲᠥᠯᠦᠪ ᠰᠢᠨᠵᠢ ᠨᠢ ᠴᠦ ᠪᠠᠭᠠᠲᠣᠷ ᠬᠦᠮᠦᠨ | ᠤ ᠪᠠᠶᠢᠳᠠᠯ ᠲᠡᠭᠦᠯᠳᠡᠷ ᠪᠠᠶᠢᠳᠠᠭ᠃ ᠬᠠᠩᠬᠠᠭᠠᠷ ᠥᠷᠭᠡᠨ ᠴᠡᠭᠡᠵᠢ ᠲᠠᠢ᠂ ᠬᠠᠨᠠᠭᠠᠷ ᠲᠡᠨᠢᠭᠦᠨ ᠪᠡᠶ᠎ᠡ ᠲᠠᠢ᠂ ᠬᠦᠷᠡᠩ | ᠪᠣᠷᠤ ᠴᠢᠷᠠᠢ ᠲᠠᠢ᠂ ᠪᠣᠯᠴᠢᠩ ᠰᠢᠷᠪᠣᠰᠤ ᠨᠢ ᠵᠠᠩᠭᠢᠷᠠᠭᠰᠠᠨ᠂ ᠪᠥᠬᠦ ᠳ᠋ᠢᠸᠢᠽᠢ ᠶᠢᠨ ᠪᠥᠭᠦᠳᠡᠭᠡᠷ ︽ᠳ᠋᠊ ᠬᠦᠬᠦ︾ | ᠭᠡᠵᠦ ᠳᠠᠭᠤᠳᠠᠳᠠᠭ᠃ ᠪᠠᠰᠠ ᠪᠠᠶᠢᠯᠳᠣᠭᠠᠨ ᠤ ᠭᠠᠪᠢᠶᠠᠳᠠᠨ ᠢᠶᠠᠷ ᠬᠡᠳᠦ ᠣᠳᠠᠭ᠎ᠠ ᠲᠡᠮᠳᠡᠭᠯᠡᠭᠦᠯᠵᠦ᠂ ᠶᠡᠭᠡ ᠪᠠᠭ᠎ᠠ | ᠪᠠᠶᠢᠯᠲᠣᠭᠠᠨ ᠳᠤ ᠵᠠᠭᠤ ᠰᠢᠬᠠᠮ ᠣᠳᠠᠭ᠎ᠠ ᠣᠷᠣᠯᠴᠠᠨ᠂ ᠣᠰᠠᠳᠬᠠᠭᠰᠠᠨ ᠳᠠᠶᠢᠰᠣᠨ ᠨᠢ ᠵᠠᠭᠤ ᠭᠠᠷᠣᠢ ᠪᠠᠶᠢᠨ᠎ᠠ ︵ | ᠬᠤᠯᠠ ᠫᠣᠣᠳᠠᠵᠤ ᠣᠰᠠᠳᠬᠠᠭᠰᠠᠨ ᠨᠢ ᠪᠠᠭᠲᠠᠬᠤ ᠦᠭᠡᠢ︶᠃ ᠡᠭᠦᠨ ᠳᠤ ᠵᠥᠪᠬᠡᠨ ᠢᠯᠳᠦ ᠪᠠᠷ ᠴᠠᠪᠴᠢᠵᠤ᠂ | ᠳᠠᠰᠢᠭᠤᠷ ᠢᠶᠠᠷ ᠴᠣᠬᠢᠵᠤ ᠠᠯᠠᠭᠰᠠᠨ ᠳᠠᠶᠢᠰᠣᠨ ᠨᠢ 26 ᠪᠣᠯᠪᠠ ᠭᠡᠵᠦ ᠲᠡᠷᠡ ᠦᠶ᠎ᠡ ᠳᠤ ᠨᠡᠶᠢᠲᠡᠯᠡᠵᠦ ᠪᠠᠶᠢᠭᠰᠠᠨ | ᠶᠣᠮ᠃ ᠭᠠᠷᠠᠮᠣᠰᠦ᠋ᠩᠷᠣᠪ ᠭᠡᠭᠴᠢ ᠨᠢᠭᠡᠨ ᠪᠢᠴᠢᠬᠠᠨ ᠪᠠᠶᠢᠯᠳᠣᠭᠴᠢ ︵ᠪᠠᠭ᠎ᠠ ᠳᠠᠭᠠᠨ ᠠᠶᠢᠯ ᠤᠨ ᠵᠠᠷᠣᠴᠠ ᠪᠠᠶᠢᠵᠤ | ᠬᠡᠭᠡᠷ᠎ᠡ ᠬᠤᠨᠣᠭᠠᠳ ᠬᠥᠯ ᠤᠨ ᠲᠠᠪᠣᠨ ᠬᠤᠷᠣᠭᠤ ᠨᠢ ᠬᠥᠯᠳᠡᠵᠦ᠂ ᠰᠢᠷᠪᠣᠰᠤ ᠨᠢ ᠳᠠᠲᠠᠭᠰᠠᠨ ᠵᠡᠮᠳᠡᠭ ᠬᠦᠮᠦᠨ︶ | ᠳᠣᠰᠬᠤᠨ ᠤ ᠵᠠᠬ᠎ᠠ ᠳᠤ ᠴᠡᠷᠢᠭ ᠠᠴᠠ ᠪᠠᠨ ᠬᠤᠴᠣᠷᠴᠢᠬᠠᠭᠠᠳ ᠮᠣᠷᠳᠠᠵᠤ ᠴᠢᠳᠠᠬᠤ ᠦᠭᠡᠢ ᠰᠠᠨᠳᠣᠷᠴᠤ ᠪᠠᠶᠢᠭᠰᠠᠨ | ᠢ ᠨᠢᠭᠡᠨᠲᠡ ᠵᠠᠶᠢᠳᠠᠵᠤ ᠭᠠᠷᠣᠭᠰᠠᠨ ᠳ᠋᠊ ᠭᠦᠬᠦ ᠣᠯᠵᠤ ᠮᠡᠳᠡᠮᠡᠭᠴᠡ ᠪᠣᠴᠠᠭᠠᠳ ᠮᠣᠷᠢ ᠳᠣᠪᠲᠣᠯᠭᠠᠨ ᠬᠦᠷᠴᠦ | ᠬᠠᠮᠵᠢᠵᠤ ᠮᠣᠷᠳᠠᠭᠤᠯᠲᠠᠯᠠ ᠳᠠᠶᠢᠰᠣᠨ ᠶᠠᠭ ᠨᠡᠬᠡᠮᠵᠢᠯᠡᠭᠡᠳ ᠣᠶᠢᠷᠠᠳᠴᠤ ᠢᠷᠡᠵᠡᠢ᠃ ᠲᠡᠷᠡ ᠭᠡᠳᠡᠷᠭᠦ ᠬᠡᠳᠦ | ᠫᠣᠣᠳᠠᠭᠠᠳ᠂ ᠳᠠᠶᠢᠰᠣᠨ ᠤ ᠦᠵᠦᠭᠦᠷ ᠤᠨ ᠴᠡᠷᠢᠭ ᠠᠴᠠ ᠬᠡᠳᠦ ᠶᠢ ᠣᠨᠠᠭᠠᠵᠤᠭᠠᠷᠠᠮᠣᠰᠦ᠋ᠩᠷᠣᠪ ᠢ ᠠᠪᠣᠷᠠᠵᠤ | ᠠᠪᠣᠭᠰᠠᠨ ᠶᠣᠮ᠃ | 1947 ᠣᠨ ᠤ ᠨᠠᠮᠣᠷ ᠲᠡᠮᠦᠷᠳᠠᠢ ᠶᠢᠨ ᠲᠣᠯᠣᠯᠳᠣᠭᠠᠨ ᠳᠤ ᠳᠠᠰᠢᠨᠠᠮᠵᠢᠯ ᠤᠨ ᠡᠮᠦᠨ᠎ᠡ ᠨᠢᠭᠡ ᠳᠠᠶᠢᠰᠣᠨ ᠮᠣᠷᠢ ᠪᠠᠨ | ᠳᠠᠰᠢᠭᠤᠷᠳᠠᠨ ᠭᠡᠳᠡᠷᠭᠦ ᠬᠠᠷᠠᠨ ᠬᠠᠷᠠᠨ ᠳᠣᠲᠠᠭᠠᠬᠤ ᠳᠤ ︽ᠮᠣᠷᠢᠨ ᠠᠴᠠ ᠪᠠᠨ ᠪᠠᠭᠤ᠂ ᠭᠠᠷ ᠢᠶᠠᠨ ᠡᠷᠭᠦ︕︾ | ᠭᠡᠵᠦ ᠬᠡᠳᠦᠨᠲᠡ ᠬᠠᠰᠬᠢᠷᠴᠠᠢ᠃ ᠭᠡᠲᠡᠯ᠎ᠡ ᠲᠡᠷᠡ ᠭᠠᠶᠢᠬᠠᠯ ᠮᠣᠵᠢᠭᠤᠳᠠᠯᠠᠨ ᠳᠣᠲᠠᠭᠠᠭᠠᠳ ᠪᠠᠶᠢᠬᠤᠯᠠᠷ᠂ ᠳᠠᠰᠢᠨᠠᠮᠵᠢᠯ | ᠬᠠᠵᠠᠭᠤ ᠪᠠᠷ ᠨᠢ ᠳᠠᠭᠠᠷᠢᠨ ᠭᠠᠷᠣᠮᠠᠭᠴᠠ ᠪᠠᠷᠠᠭᠤᠨ ᠮᠥᠷᠦ ᠶᠢ ᠨᠢ ᠳᠣᠷᠣᠭᠰᠢ ᠵᠢᠰᠢᠭᠦᠯᠳᠡᠭᠦᠯᠦᠨ ᠨᠢᠭᠡ ᠯᠡ | ᠴᠠᠪᠴᠢᠭᠰᠠᠨ ᠴᠢᠨᠢ ᠴᠡᠭᠡᠵᠢ ᠪᠠᠷ ᠢᠶᠠᠨ ᠲᠠᠰᠤ ᠣᠶᠢᠴᠢᠵᠤ᠂ ᠬᠥᠨᠳᠡᠯᠡᠨ ᠡᠭᠦᠷᠦᠭᠰᠡᠨ ᠫᠣᠤ ᠶᠢᠨ ᠬᠢᠨᠢ ᠬᠤᠢ | ᠳᠠᠰᠣᠷᠠᠵᠤ᠂ ᠬᠠᠷᠠᠭᠤᠢ ᠲᠡᠮᠦᠷ ᠲᠤᠨᠢ ᠢᠯᠳᠦᠨ ᠤ ᠣᠷᠤ ᠦᠯᠡᠳᠡᠵᠦ ᠬᠦᠷᠦᠭᠡᠳ ᠵᠣᠭᠰᠣᠵᠠᠢ᠃ ᠳᠠᠰᠢᠨᠠᠮᠵᠢᠯ ᠶᠡᠷᠦ | ᠨᠢ ᠲᠥᠷᠦᠯᠬᠢ ᠴᠢᠳᠠᠯ ᠳᠣᠷᠪᠢ ᠲᠠᠢ ᠶᠣᠮ ᠦᠦ︖ ᠡᠰᠡᠭᠦᠯ᠎ᠡ ᠴᠡᠷᠢᠭ ᠤᠨ ᠰᠣᠷᠢᠯᠲᠠ ᠳᠠᠭᠠᠨ ᠬᠠᠲᠠᠭᠤᠵᠢᠭᠰᠠᠨ | ᠶᠣᠮ ᠦᠦ︖ ᠲᠡᠭᠦᠨ ᠤ ᠪᠡᠶ᠎ᠡ ᠲᠡᠩᠬᠡᠭᠡ ᠡᠩ ᠤᠨ ᠬᠦᠮᠦᠨ ᠠᠴᠠ ᠬᠤᠯᠠ ᠶᠡᠭᠡ ᠪᠠᠶᠢᠳᠠᠭ ᠶᠣᠮ᠃ | ᠳ᠋᠊ ᠭᠦᠬᠦ 1947 ᠣᠨ ᠳᠤ ᠳᠠᠰᠤᠭ ᠤᠨ ᠳᠠᠷᠤᠭ᠎ᠠ ᠠᠴᠠ ᠪᠠᠨ ᠰᠠᠯᠠᠭᠠᠨ ᠳᠠᠷᠤᠭ᠎ᠠ ᠪᠣᠯᠵᠤ ᠳᠠᠪᠰᠢᠭᠰᠠᠨ ᠤ | ᠰᠡᠭᠦᠯᠡᠷ ᠬᠠᠮᠢᠶᠠᠷᠴᠤ ᠬᠠᠷᠢᠭᠤᠴᠠᠬᠤ ᠬᠦᠷᠢᠶ᠎ᠡ ᠬᠡᠪᠴᠢᠶ᠎ᠡ ᠨᠢ ᠨᠡᠩ ᠥᠷᠭᠡᠵᠢᠵᠦ ᠬᠦᠮᠦᠨ ᠮᠣᠷᠢ ᠨᠢ ᠴᠦ | ᠠᠷᠪᠢᠳᠣᠭᠰᠠᠨ ᠪᠠᠶᠢᠪᠠ᠃ | ᠪᠠᠶᠢᠯᠳᠣᠭᠠᠨ ᠳᠤ ᠬᠠᠮᠤᠭ ᠠᠩᠬ᠎ᠠ ᠣᠳᠠᠭ᠎ᠠ ᠣᠷᠣᠯᠴᠠᠵᠤ ᠪᠠᠶᠢᠭ᠎ᠠ ᠭᠤᠮᠪᠣᠵᠠᠪ ᠢ ᠳᠠᠰᠢᠨᠠᠮᠵᠢᠯ ᠳᠡᠷᠭᠡᠳᠡ ᠪᠠᠨ | ᠳᠠᠭᠤᠳᠠᠨ ᠠᠪᠠᠴᠢᠵᠤ ᠡᠮᠦᠨᠡᠬᠢ ᠭᠤᠷᠪᠠᠨ ᠵᠠᠭᠤᠭᠠᠳ ᠮᠧᠲᠷ ᠵᠠᠶᠢᠲᠠᠢ ᠪᠣᠲᠠ ᠰᠥᠬᠡᠭ ᠢ ᠵᠢᠭᠠᠭᠠᠳ᠄ ︽ᠴᠢ ᠰᠠᠶᠢᠨ | ᠦᠵᠡ︕ ᠲᠡᠷᠡ ᠨᠢᠭᠡ ᠴᠠᠶᠢᠪᠣᠷ ᠶᠠᠭᠤᠮ᠎ᠠ ᠬᠠᠷᠠᠭᠳᠠᠵᠤ ᠪᠠᠶᠢᠭ᠎ᠠ ᠪᠣᠯ ᠳᠠᠶᠢᠰᠣᠨ ᠤ ᠬᠥᠩᠭᠡᠨ ᠫᠦᠯᠧᠮᠶᠦᠲ ᠤᠨ | ᠮᠠᠯᠠᠭᠠᠢ ᠶᠣᠮ᠂ ᠣᠯᠵᠤ ᠦᠵᠡᠪᠡ ᠦᠦ︖︾ ᠭᠡᠪᠡ᠃ ᠭᠤᠮᠪᠣᠵᠠᠪ ᠬᠡᠴᠢᠨᠡᠭᠡᠨ ᠬᠠᠷᠠᠭᠠᠳ ᠰᠠᠶ᠋ᠢ ︽ᠣᠯᠵᠤ | ᠦᠵᠡᠯ᠎ᠡ︕︾ ᠭᠡᠵᠦ ᠬᠠᠷᠢᠭᠤᠯᠲᠠᠯᠠ᠄ ︽ᠲᠡᠷᠡ ᠪᠢ ᠲᠡᠭᠦᠨ ᠤ ᠲᠣᠯᠣᠭᠠᠢ ᠶᠢ ᠳᠡᠯᠪᠡ ᠲᠠᠯᠪᠢᠶ᠎ᠠ︕︾ ᠭᠡᠳ | ᠳᠠᠶᠢᠰᠣᠨ ᠤ ᠫᠦ᠋ᠯᠧᠮᠶᠦᠲ ᠢ ᠭᠤᠷᠪᠠ ᠫᠣᠣᠳᠠᠯᠠ᠃ ᠳᠠᠶᠢᠰᠣᠨ ᠤ ᠫᠦᠯᠧᠮᠶᠦᠲ ᠤᠨ ᠴᠠᠶᠢᠪᠣᠷ ᠮᠠᠯᠠᠭᠠᠢ ᠨᠢ ᠳᠣᠬᠤᠢ | ᠬᠢᠷᠢᠲᠠᠢ ᠳᠡᠭᠡᠷ᠎ᠡ ᠦᠰᠦᠷᠦᠨ᠂ ᠫᠦᠯᠧᠮᠶᠦᠲ ᠳᠣᠣᠭᠠᠷᠬᠤ ᠪᠠᠨ ᠪᠣᠯᠢᠪᠠ᠃ ᠳᠠᠰᠢᠨᠠᠮᠵᠢᠯ ᠰᠠᠯᠠᠭᠠᠨ ᠳᠠᠷᠤᠭ᠎ᠠ ᠪᠣᠯ | ᠳᠠᠶᠢᠨ ᠤ ᠳᠣᠮᠳᠠ ᠠᠴᠠ ᠳᠠᠶᠢᠨ ᠢ ᠰᠣᠷᠬᠤ ᠵᠣᠷᠢᠭ ᠰᠠᠨᠠᠭ᠎ᠠ ᠪᠠᠷ ᠪᠣᠳᠠᠲᠤ ᠲᠠᠯᠠᠪᠣᠷ ᠲᠤ ᠪᠢᠳᠡᠨ ᠢ ᠰᠣᠷᠭᠠᠬᠤ | ᠳᠠᠭᠠᠨ ︽ᠬᠡᠷᠪᠡ ᠥᠭᠡᠳᠡ ᠠᠴᠠ ᠴᠢᠨᠢ ᠢᠷᠡᠭᠰᠡᠨ ᠰᠣᠮᠤ ᠪᠡᠶ᠎ᠡ ᠶᠢᠨ ᠴᠢᠨᠢ ᠬᠤᠶᠢᠨ᠎ᠠ ᠡᠮᠦᠨ᠎ᠡ ᠠᠰᠯᠠᠨ ᠳᠣᠰᠴᠤ | ᠪᠠᠶᠢᠪᠠᠯ ᠳᠠᠷᠣᠶᠢᠬᠠᠨ ᠪᠠᠶᠢᠷᠢ ᠪᠠᠨ ᠰᠣᠯᠢᠬᠤ ᠬᠡᠷᠡᠭᠲᠡᠢ᠃ ᠦᠭᠡᠢ ᠪᠣᠯ ᠠᠶᠣᠯᠲᠠᠢ᠂ ᠬᠡᠷᠪᠡ ᠵᠡᠭᠦᠨ ᠪᠠᠷᠠᠭᠤᠨ ᠲᠠᠯ᠎ᠠ | ᠪᠠᠷ ᠴᠢᠨᠢ ᠮᠧᠲᠷ ᠢᠯᠡᠭᠦᠦ ᠳᠣᠰᠴᠤ ᠪᠠᠶᠢᠪᠠᠯ᠂ ᠬᠠᠮᠢᠶᠠᠷᠣᠭᠰᠠᠨ ᠤ ᠬᠡᠷᠡᠭ ᠦᠭᠡᠢ᠂ ᠳᠡᠭᠡᠭᠦᠷ ᠴᠢᠨᠢ ᠢᠰᠬᠡᠷᠬᠦ ᠪᠣᠶᠤ | ᠱᠣᠣᠭᠢᠭᠠᠳ ᠭᠠᠷᠬᠤ ᠰᠣᠮᠤ ᠪᠣᠯ ᠨᠡᠩ ᠠᠶᠣᠯ ᠦᠭᠡᠢ᠂ ᠬᠠᠷᠢᠨ ᠴᠢᠬᠢᠨ ᠤ ᠴᠢᠨᠢ ᠳᠡᠭᠡᠭᠦᠷ ᠫᠠᠰ ᠭᠡᠬᠦ ᠪᠣᠶᠤ | ᠣᠷᠣᠭᠤᠯ ᠢᠶᠠᠷ ᠰᠣᠷᠣᠬᠤ ᠰᠢᠭ᠋ ᠱᠣᠪ ᠱᠣᠪ ᠭᠡᠬᠦ ᠰᠣᠮᠤ ᠪᠣᠯ ᠲᠣᠩ ᠠᠶᠣᠮᠰᠢᠭᠲᠠᠢ᠂ ᠣᠶᠢᠷ᠎ᠠ ᠪᠣᠯᠵᠤ ᠪᠠᠶᠢᠨ᠎ᠠ | ᠭᠡᠳᠡᠭ ᠢ ᠮᠡᠳᠡᠭᠡᠷᠡᠢ︕︾ ᠭᠡᠵᠦ ᠶᠠᠷᠢᠳᠠᠭ ᠪᠠᠶᠢᠯ᠎ᠠ᠃ ᠪᠠᠰᠠ ᠨᠢᠭᠡ ᠣᠳᠠᠭ᠎ᠠ ᠪᠠᠶᠢᠯᠳᠣᠭᠠᠨ ᠠᠴᠠ ᠣᠬᠤᠷᠢᠵᠤ | ᠪᠠᠶᠢᠬᠤ ᠳᠤ ᠲᠠ᠊ ᠰᠠᠯᠠᠭᠠᠨ ᠳᠠᠷᠤᠭ᠎ᠠ ᠬᠠᠮᠤᠭ ᠤᠨ ᠰᠡᠭᠦᠯ ᠳᠤᠨᠢ ᠬᠤᠴᠣᠷᠴᠤ ᠨᠥᠬᠦᠳ ᠢᠶᠠᠨ ᠬᠠᠮᠠᠭᠠᠯᠠᠨ ᠶᠠᠪᠣᠲᠠᠯᠠ | ᠳᠡᠷᠭᠡᠳᠡ ᠨᠢ ᠵᠡᠷᠭᠡᠴᠡᠨ ᠳᠠᠪᠬᠢᠵᠦ ᠪᠠᠶᠢᠭᠰᠠᠨ ᠳᠣᠷᠵᠢᠷᠠᠪᠳᠠᠨ ᠤ ᠮᠣᠷᠢ ᠨᠢ ᠰᠣᠮᠣᠨ ᠳᠤ ᠣᠨᠣᠭᠳᠠᠨ ᠮᠣᠷᠢ ᠲᠠᠢ | ᠬᠦᠮᠦᠨ ᠲᠠᠢ ᠪᠠᠨ ᠣᠨᠠᠵᠠᠢ᠃ ᠦᠬᠦᠵᠦ ᠠᠮᠢᠳᠣᠷᠠᠬᠤ ᠶᠢᠨ ᠵᠠᠩᠭᠢᠯᠠᠭ᠎ᠠ ᠳᠡᠭᠡᠷ᠎ᠡ ︽ᠭᠠᠷ ᠢᠶᠠᠨ ᠬᠤᠷᠳᠣᠨ ᠨᠠᠭᠠᠰᠢ︕ | ︾ ᠬᠡᠭᠦ ᠳᠠ᠊ ᠰᠠᠯᠠᠭᠠᠨ ᠳᠠᠷᠤᠭ᠎ᠠ ᠶᠢᠨ ᠲᠠᠨᠢᠯ ᠳᠠᠭᠤ ᠰᠣᠨᠣᠰᠳᠠᠬᠤᠯᠠᠷ ᠲᠡᠷᠡ ᠭᠠᠷ ᠰᠣᠩᠭᠠᠭᠰᠠᠨ ᠴᠢᠨᠢ ᠰᠠᠯᠠᠭᠠᠨ | ᠳᠠᠷᠤᠭ᠎ᠠ ᠶᠢᠨ ᠬᠢᠨᠢ ᠬᠦᠳᠡᠷ ᠲᠣᠮᠤ ᠭᠠᠷ ᠲᠡᠭᠦᠨ ᠢ ᠰᠢᠭᠦᠷᠡᠨ ᠠᠪᠴᠤ ᠮᠣᠷᠢᠨ ᠳᠡᠭᠡᠷ᠎ᠡ ᠪᠠᠨ ᠳᠡᠭᠦᠷᠦᠭᠡᠳ | ᠳᠠᠶᠢᠰᠣᠨ ᠠᠴᠠ ᠠᠪᠣᠷᠠᠭᠰᠠᠨ ᠶᠣᠮ᠃ ᠳᠠᠯ᠎ᠠ ᠶᠢ ᠳᠠᠪᠠᠭᠰᠠᠨ ᠳᠣᠷᠵᠢᠷᠠᠪᠳᠠᠨ ᠭᠤᠸᠠᠢ ᠣᠳᠤ ᠴᠦ ᠭᠡᠳ ︽ᠮᠢᠨᠣ | ᠡᠳᠦᠢ ᠨᠠᠰᠣᠯᠠᠭᠠᠳ᠂ ᠡᠨᠡ ᠮᠡᠳᠦ ᠵᠢᠷᠭᠠᠯ ᠲᠠᠢ ᠠᠮᠢᠳᠣᠷᠠᠵᠤ ᠪᠠᠶᠢᠬᠤ ᠨᠢ ᠪᠥᠷ ᠲᠠ᠊ ᠰᠠᠯᠠᠭᠠᠨ ᠳᠠᠷᠤᠭ᠎ᠠ ᠶᠢᠨ | ᠭᠠᠪᠢᠶ᠎ᠠ ᠶᠣᠮ ᠰᠢᠦ︕ ᠣᠰᠤ ᠶᠢ ᠨᠢ ᠣᠣᠭᠤᠪᠠᠯ ᠡᠬᠢ ᠶᠢ ᠨᠢ ᠪᠤᠤ ᠮᠠᠷᠲᠠ ᠭᠡᠳᠡᠭ ᠢᠶᠠᠷ ᠮᠠᠨ ᠤ 11 ᠳ᠋ᠣᠭᠡᠷ | ᠳ᠋ᠢᠸᠢᠽᠢ ᠳᠤ ᠳᠠ᠊ ᠰᠠᠯᠠᠭᠠᠨ ᠳᠠᠷᠤᠭ᠎ᠠ ᠰᠢᠭ᠋ ᠡᠶᠢᠮᠦ ᠪᠠᠭᠠᠲᠣᠷ ᠳᠠᠶᠢᠴᠢᠨ ᠬᠦᠮᠦᠰ ᠪᠠᠶᠢᠭᠰᠠᠨ ᠢ ᠪᠢᠳᠡ ᠮᠠᠷᠲᠠᠵᠤ | ᠪᠣᠯᠬᠤ ᠦᠭᠡᠢ᠃ ᠨᠢᠭᠡ ᠣᠳᠠᠭ᠎ᠠ ᠳᠠᠶᠢᠰᠣᠨ ᠬᠠᠷᠢᠨ ᠳᠣᠰᠬᠤᠨ ᠤ ᠣᠨᠣᠵᠤ ᠪᠣᠯᠬᠤ ᠮᠣᠷᠢ᠂ ᠯᠠᠭᠤᠰᠠ᠂ ᠡᠯᠵᠢᠭᠡ | ᠶᠢ ᠳᠡᠭᠡᠷᠡᠮᠳᠡᠨ ᠠᠪᠠᠴᠢᠵᠤ᠂ ᠳ᠋ᠢ ᠪᠦᠸᠧ ᠴᠢ ︵ᠳᠠᠪᠠᠴᠢ︶ ᠠᠭᠤᠯᠠᠨ ᠵᠦᠭ ᠳᠣᠲᠠᠭᠠᠭᠠᠳ ᠴᠠᠭ ᠢᠯᠡᠭᠦᠦ ᠪᠣᠯᠬᠤ | ᠵᠠᠪᠳᠣᠵᠤ ᠪᠠᠶᠢᠬᠤ ᠳᠤ᠂ ᠬᠡᠷᠪᠡ ᠨᠡᠬᠡᠮᠵᠢᠯᠡᠨ ᠣᠰᠠᠳᠬᠠᠬᠤ ᠦᠭᠡᠢ ᠪᠣᠯ ᠡᠨᠡ ᠪᠥᠯᠦᠭ ᠳᠠᠶᠢᠰᠣᠨ ᠢ ᠠᠯᠳᠠᠵᠤ | ᠶᠠᠪᠣᠭᠤᠯᠬᠤ ᠳᠤ ᠬᠦᠷᠦᠨ᠎ᠡ ᠭᠡᠳ ᠣᠳᠣᠷᠢᠳᠣᠯᠭ᠎ᠠ ᠠᠴᠠ ᠪᠠᠴᠢᠮ ᠠᠷᠭ᠎ᠠ ᠬᠡᠮᠵᠢᠶ᠎ᠡ ᠠᠪᠴᠤ ᠬᠠᠮᠤᠭ ᠤᠨ ᠰᠠᠶᠢᠨ | ᠮᠣᠷᠢ᠂ ᠰᠠᠶᠢᠨ ᠫᠣᠤ ᠲᠠᠢ ᠰᠢᠯᠢᠳᠡᠭ ᠪᠠᠶᠢᠯᠳᠣᠭᠴᠢᠳ ᠢ ᠲᠦᠷ ᠴᠠᠭ ᠤᠨ ᠬᠤᠰᠢᠭᠤᠴᠢ ᠰᠣᠮᠤ ᠪᠣᠯᠭᠠᠨ ᠵᠣᠬᠢᠶᠠᠨ | ᠪᠠᠶᠢᠭᠤᠯᠵᠤ ᠬᠠᠮᠤᠭ ᠲᠦᠷᠭᠡᠨ ᠬᠤᠷᠳᠣᠴᠠ ᠪᠠᠷ ᠳᠠᠶᠢᠰᠣᠨ ᠢ ᠨᠡᠬᠡᠮᠵᠢᠯᠡᠬᠦ ᠵᠠᠷᠯᠢᠭ ᠪᠠᠭᠤᠯᠭᠠᠪᠠ᠃ ᠳᠠᠶᠢᠰᠣᠨ | ᠵᠢᠭᠰᠠᠭᠠᠯ ᠤᠨ ᠭᠠᠵᠠᠷ ᠢ ᠶᠠᠭᠠᠷᠠᠨ ᠡᠵᠡᠯᠡᠵᠦ ᠳᠣᠯᠤᠭ᠎ᠠ ᠨᠠᠢᠮᠠᠨ ᠬᠥᠩᠭᠡᠨ ᠫᠦᠯᠧᠮᠶᠦᠲ ᠢᠶᠠᠷ ᠮᠠᠨ ᠤ ᠵᠦᠭ | ᠭᠠᠯᠯᠠᠪᠠ᠃ ᠡᠨᠡ ᠦᠶ᠎ᠡ ᠳᠤ ᠳᠠ᠊ ᠰᠠᠯᠠᠭᠠᠨ ᠳᠠᠷᠤᠭ᠎ᠠ ᠠᠶᠣᠯ ᠲᠦᠭᠰᠢᠭᠦᠷᠢ ᠶᠢ ᠬᠠᠶᠢᠬᠤᠷᠣᠯ ᠦᠭᠡᠢ ᠪᠠᠷ ᠮᠣᠷᠢ ᠪᠠᠨ | ᠳᠠᠰᠢᠭᠤᠷᠳᠠᠨ ᠨᠢᠭᠡᠨ ᠳᠣᠪᠣᠷᠬᠠᠭ ᠭᠠᠵᠠᠷ ᠢᠶᠠᠷ ᠪᠡᠶ᠎ᠡ ᠪᠠᠨ ᠳᠠᠯᠳᠠᠯᠠᠨ ᠳᠠᠶᠢᠰᠣᠨ ᠤ ᠭᠠᠯᠯᠠᠯᠲᠠ ᠠᠴᠠ ᠵᠠᠶᠢᠯᠠᠵᠤ | ᠵᠡᠭᠦᠨ ᠲᠠᠯ᠎ᠠ ᠠᠴᠠ ᠨᠢ ᠭᠡᠨᠡᠳᠲᠡ ᠭᠠᠭᠴᠠᠭᠠᠷ ᠢᠶᠠᠨ ᠳᠠᠭᠠᠷᠢᠨ ᠣᠷᠣᠪᠠ᠃ ᠳᠠᠶᠢᠰᠣᠨ ᠫᠣᠤ ᠶᠢᠨ ᠠᠮᠠ ᠪᠠᠨ ᠴᠦ | ᠡᠷᠭᠢᠭᠦᠯᠵᠦ ᠠᠮᠵᠢᠬᠤ ᠦᠭᠡᠢ ᠡᠷᠦᠢ ᠬᠤᠷᠣᠢ ᠦᠭᠡᠢ ᠰᠠᠮᠠᠭᠤᠷᠠᠨ ᠵᠠᠷᠢᠮ ᠨᠢ ᠮᠣᠷᠢᠨ ᠳᠤ ᠬᠢᠰᠬᠢᠭᠳᠡᠨ ᠵᠠᠷᠢᠮ ᠨᠢ | ᠵᠡᠪᠰᠡᠭ ᠢᠶᠠᠨ ᠬᠠᠶᠠᠨ ᠵᠢᠭᠤᠳᠠᠬᠤ ᠳᠤ ᠮᠠᠨ ᠤ ᠬᠤᠰᠢᠭᠤᠴᠢ ᠰᠣᠮᠤ ᠳᠣᠬᠢᠶᠠᠯ ᠢ ᠠᠮᠵᠢᠨ ᠳᠠᠭᠠᠷᠢᠨ ᠣᠷᠣᠵᠤ | ᠴᠠᠪᠴᠢᠬᠤ ᠶᠢ ᠨᠢ ᠴᠠᠪᠴᠢᠨ᠂ ᠫᠣᠣᠳᠠᠬᠤ ᠶᠢ ᠨᠢ ᠫᠣᠣᠳᠠᠨ᠂ ᠭᠠᠷ ᠢᠶᠠᠨ ᠡᠷᠭᠦᠭᠰᠡᠨ ᠢ ᠨᠢ ᠣᠯᠵᠠᠯᠠᠨ ᠪᠥᠬᠦᠶᠢᠯᠡ | ᠪᠠᠶᠢᠯᠳᠣᠭᠠᠨ ᠬᠤᠶᠠᠷ ᠴᠠᠭ ᠪᠣᠯᠣᠭᠰᠠᠨ ᠦᠭᠡᠢ ᠳᠠᠭᠤᠰᠴᠠᠢ᠃ ᠡᠨᠡ ᠣᠳᠠᠭ᠎ᠠ ᠨᠡᠶᠢᠲᠡ 263 ᠳᠠᠶᠢᠰᠣᠨ ᠢ | ᠣᠰᠠᠳᠬᠠᠨ᠂ 16 ᠫᠦᠯᠧᠮᠶᠦᠲ᠂ 9 ᠫᠠᠶᠢᠵᠢᠫᠣᠤ᠂ 10 ᠶᠡᠭᠡ ᠫᠣᠤ᠂ 200 ᠭᠠᠷᠣᠢ ᠶᠠᠪᠠᠭᠠᠨ ᠫᠣᠤ ᠪᠠ ᠪᠣᠰᠣᠳ | ᠴᠡᠷᠢᠭ ᠤᠨ ᠬᠡᠷᠡᠭᠰᠡᠯ ᠪᠣᠳᠠᠰ ᠣᠯᠵᠠᠯᠠᠪᠠ᠃ ᠮᠡᠨ ᠤ ᠲᠠᠯ᠎ᠠ ᠶᠢᠨ ᠲᠠᠪᠣᠨ ᠬᠦᠮᠦᠨ ᠰᠢᠷᠬᠠᠳᠣᠵᠤ ᠭᠤᠷᠪᠠᠨ ᠬᠦᠮᠦᠨ | ᠦᠷᠡᠭᠳᠡᠵᠦ ᠲᠣᠩ ᠪᠠᠭ᠎ᠠ ᠬᠤᠬᠢᠷᠠᠯ ᠢᠶᠠᠷ ᠲᠣᠮᠤ ᠶᠡᠭᠡ ᠢᠯᠠᠯᠲᠠ ᠣᠯᠵᠠᠢ᠃ ᠯᠢᠶᠠᠩ ᠵᠢᠶᠠ ᠼᠦᠨ ᠳᠣᠰᠬᠤᠨ ᠤ | ᠪᠠᠶᠢᠯᠳᠣᠭᠠᠨ ᠳᠤ ᠲᠡᠷᠡ ᠪᠠᠭ᠎ᠠ ᠸᠠᠩᠴᠢᠨ ᠪᠣᠯᠣᠨ ᠳᠠᠹᠢᠯ ᠬᠤᠶᠠᠷ ᠠᠴᠠ ᠭᠠᠳᠠᠨ᠎ᠠ 8 ᠪᠠᠶᠢᠯᠳᠣᠭᠴᠢ ᠶᠢ | ᠠᠪᠣᠷᠠᠭᠰᠠᠨ᠃ ᠰᠠᠨ ᠮᠢᠶᠠᠨ ᠵᠢᠩ ᠳᠣᠰᠬᠤᠨ ᠤ ᠪᠠᠶᠢᠯᠳᠣᠭᠠᠨ ᠳᠤ ᠨᠢᠭᠡ ᠠᠬᠠᠮᠠᠳ ᠪᠠᠶᠢᠯᠳᠣᠭᠴᠢ᠂ ᠬᠤᠶᠠᠷ ᠰᠢᠨ᠎ᠡ | ᠪᠠᠶᠢᠯᠳᠣᠭᠴᠢ ᠶᠢ ᠠᠪᠣᠷᠠᠭᠰᠠᠨ᠃ 1947 ᠣᠨ ᠤ ᠲᠡᠮᠡᠭᠡᠲᠦ ᠶᠢᠨ ᠪᠠᠶᠢᠯᠳᠣᠭᠠᠨ ᠳᠤ ᠸᠠᠩᠴᠢᠨᠰᠦ᠋ᠷᠦᠩ᠂ | ᠢᠳᠠᠮᠰᠦ᠋ᠷᠦᠩ ᠵᠡᠷᠭᠡ 14 ᠬᠦᠮᠦᠨ ᠤ ᠵᠠᠷᠢᠮ ᠤᠨ ᠬᠢᠨᠢ ᠮᠣᠷᠢ ᠨᠢ ᠠᠯᠠᠭᠳᠠᠴᠢᠬᠠᠭᠠᠳ᠂ ᠵᠠᠷᠢᠮ ᠤᠨ ᠬᠢᠨᠢ ᠬᠥᠯ ᠨᠢ | ᠰᠢᠷᠬᠠᠳᠣᠴᠢᠬᠠᠭᠠᠳ ᠪᠠᠶᠢᠭᠰᠠᠨ ᠢ ᠠᠪᠣᠷᠠᠵᠤ ᠠᠪᠣᠭᠰᠠᠨ᠃ | ᠳᠠᠰᠢᠨᠠᠮᠵᠢᠯ ᠨᠥᠬᠦᠷ ᠰᠠᠶᠢᠨ ᠠᠳᠣᠭᠤᠴᠢᠨ᠂ ᠰᠠᠶᠢᠨ ᠣᠷᠭᠠᠴᠢᠨ᠂ ᠲᠡᠷᠡ ᠮᠣᠷᠢ ᠲᠠᠨᠢᠨ᠎ᠠ᠂ ᠰᠣᠷᠭᠠᠵᠤ ᠴᠢᠳᠠᠨ᠎ᠠ᠂ | ᠡᠳ᠋ᠯᠡᠵᠦ ᠴᠢᠳᠠᠨ᠎ᠠ᠃ | 1947 ᠣᠨ ᠤ ᠵᠣᠨ ︵ᠣᠳᠤ ᠶᠢᠨ ᠬᠥᠪᠡᠭᠡᠲᠦ ᠰᠢᠷ᠎ᠠ︶ ᠬᠤᠰᠢᠭᠤᠨ ᠤ ᠭᠦᠦᠱᠢ ᠶᠢᠨ ᠰᠦᠮ᠎ᠡ ᠶᠢᠨ ᠮᠢᠩᠭ᠎ᠠ | ᠭᠠᠷᠣᠢ ᠠᠳᠣᠭᠤᠨ ᠠᠴᠠ ᠮᠣᠷᠢᠳ ᠪᠠᠷᠢᠬᠤ ᠦᠶ᠎ᠡ ︽ᠣᠩᠭᠤᠨ ᠰᠠᠷᠠᠯ︾ ᠭᠡᠭᠴᠢ ᠡᠪᠦᠳᠦᠭ ᠲᠣᠯᠣᠮ᠎ᠠ ᠥᠨᠳᠦᠷ | ᠳᠡᠯ ᠲᠠᠢ ᠭᠤᠣ ᠳᠠᠲᠠᠭᠰᠠᠨ ᠲᠠᠷᠭᠤᠨ ᠮᠣᠷᠢ ᠣᠯᠠᠨ ᠠᠳᠣᠭᠤᠨ ᠠᠴᠠ ᠣᠨᠴᠠᠭᠠᠢ ᠪᠠᠶᠢᠨ ᠪᠠᠶᠢᠨ ᠰᠦᠷᠦᠭ ᠠᠴᠠ | ᠪᠠᠨ ᠢᠯᠡ ᠭᠠᠷᠴᠤ ᠳᠡᠨᠵᠢᠨ ᠳᠡᠭᠡᠷ᠎ᠡ ᠳᠡᠯ ᠰᠡᠭᠦᠯ ᠢᠶᠠᠨ ᠪᠣᠰᠬᠠᠨ ᠬᠤᠮᠣᠯ ᠣᠨᠠᠭᠠᠨ ᠬᠤᠯᠠᠳᠠᠨ ᠳᠣᠲᠠᠭᠠᠬᠤ ᠶᠠᠩᠵᠤ | ᠲᠠᠢ ᠪᠠᠶᠢᠯ᠎ᠠ᠃ ᠳᠠ᠊ ᠰᠠᠯᠠᠭᠠᠨ ᠳᠠᠷᠤᠭ᠎ᠠ ᠰᠠᠶᠢᠨ ᠭᠡᠭᠴᠢ ᠶᠢᠨ ᠣᠷᠭ᠎ᠠ ᠶᠢᠨ ᠮᠣᠷᠢ ᠣᠨᠣᠵᠤ ᠠᠶᠠᠷᠬᠠᠨ ᠲᠣᠭᠤᠷᠢᠨ | ᠶᠠᠪᠣᠭᠰᠠᠭᠠᠷ ᠭᠡᠨᠡᠲᠡᠭᠦᠯᠦᠨ ᠳᠠᠪᠬᠢᠵᠤ ᠣᠷᠣᠭᠠᠳ ᠮᠢᠩᠭᠠᠨ ᠠᠳᠣᠭᠤᠨ ᠤ ᠨᠥᠭᠦᠭᠡ ᠵᠠᠬ᠎ᠠ ᠬᠦᠷᠲᠡᠯ᠎ᠡ ᠬᠡᠵᠢᠶᠡᠨᠡᠢ | ᠴᠢᠬᠢᠯᠵᠢᠭᠦᠷ ᠢᠶᠠᠷ ᠨᠢ ᠳᠠᠷᠣᠨ ᠣᠷᠭᠠᠯᠠᠵᠤ ᠠᠪᠣᠭᠰᠠᠨ ᠪᠠᠶᠢᠯ᠎ᠠ᠃ ᠲᠡᠭᠡᠭᠡᠳ ᠬᠡᠴᠢᠨᠡᠭᠡᠨ ᠬᠦᠮᠦᠨ ᠨᠣᠴᠣᠯᠳᠣᠵᠤ | ᠪᠠᠶᠢᠭᠠᠳ ᠨᠣᠭᠲᠤ ᠴᠢᠳᠦᠷ ᠬᠢᠵᠦ ᠠᠪᠣᠭᠰᠠᠨ ᠤ ᠰᠡᠭᠦᠯᠡᠷ ︽ᠶᠠᠮᠠᠷ ᠴᠦ ᠶᠠᠭᠤᠮ᠎ᠠ ᠲᠦᠷᠭᠡᠨ ᠳᠡᠭᠡᠷ᠎ᠡ ᠪᠠᠨ ᠰᠠᠶᠢᠨ | ᠭᠡᠳᠡᠭ ᠶᠣᠮ᠂ ᠲᠠᠷᠭᠤᠨ ᠴᠠᠳᠬᠤᠯᠠᠩ ᠦᠶ᠎ᠡ ᠳᠤᠨᠢ ᠴᠢᠳᠠᠯ ᠲᠠᠷ ᠶᠢ ᠨᠢ ᠦᠵᠡᠬᠦ ᠶᠣᠮ ᠰᠢᠦ︕︾ ᠭᠡᠵᠦ ᠳᠠ᠊ | ᠰᠠᠯᠠᠭᠠᠨ ᠳᠠᠷᠤᠭ᠎ᠠ ᠪᠠᠷᠢᠨ ᠥᠪᠡᠷ ᠤᠨ ᠢᠶᠠᠨ ᠮᠣᠷᠢᠨ ᠤ ᠡᠮᠡᠭᠡᠯ ᠢ ᠳᠣᠬᠤᠭᠰᠠᠨ ᠤ ᠳᠠᠷᠠᠭ᠎ᠠ ᠳᠠᠬᠢᠨ ᠨᠢᠭᠡ ᠨᠣᠭᠲᠤ | ᠪᠠᠷ ᠳᠠᠷᠣᠭᠤᠯᠵᠤ ᠪᠠᠬᠢᠯᠡᠭᠡᠳ ᠮᠣᠷᠳᠠᠪᠠ᠃ ᠠᠷᠳᠠᠭ ᠬᠠᠩᠬᠠᠯ ᠳᠣᠭᠰᠢᠨ ᠮᠣᠷᠢ ᠶᠣᠮ ᠭᠡᠨ᠎ᠡ᠃ ᠠᠩᠬ᠎ᠠ ᠣᠳᠠᠭ᠎ᠠ | ᠨᠢᠷᠣᠭᠤᠨ ᠳᠡᠭᠡᠷ᠎ᠡ ᠪᠠᠨ ᠬᠦᠮᠦᠨ ᠭᠠᠷᠭᠠᠵᠤ ᠪᠠᠶᠢᠭ᠎ᠠ ᠶᠣᠮ ᠭᠡᠨ᠎ᠡ᠃ ᠵᠢᠭᠲᠡᠶᠢᠬᠡᠨ ᠴᠠᠬᠢᠷᠴᠤ ᠪᠣᠯᠬᠢᠨ ᠳᠣᠶᠢᠯᠠᠵᠤ | ᠡᠬᠢᠯᠡᠪᠡ᠃ ᠳᠡᠷᠭᠡᠳᠡᠬᠢ ᠬᠦᠮᠦᠰ ᠤᠨ ᠳᠣᠭᠠᠯᠠᠭᠰᠠᠨ ᠢᠶᠠᠷ ᠪᠣᠯ ᠵᠢᠷᠠ ᠭᠠᠷᠣᠢ ᠲᠣᠶᠢᠯᠠᠯᠠ ᠭᠡᠳᠡᠭ᠃ ᠭᠡᠬᠦ ᠳᠠ᠊ | ᠰᠠᠯᠠᠭᠠᠨ ᠳᠠᠷᠤᠭ᠎ᠠ ᠠᠵᠢᠭ ᠴᠦ ᠦᠭᠡᠢ ᠠᠯᠣᠰ ᠢ ᠬᠠᠷᠠᠴᠢᠬᠠᠭᠰᠠᠨ ᠠᠳᠠᠭ ᠨᠢ ᠭᠠᠨᠵᠤᠭ᠎ᠠ ᠪᠠᠨ ᠴᠦ ᠪᠠᠷᠢᠭ᠎ᠠ ᠦᠭᠡᠢ | ᠂ ᠳᠠᠰᠢᠭᠤᠷ ᠢᠶᠠᠨ ᠭᠠᠷ ᠲᠠᠭᠠᠨ ᠡᠷᠭᠢᠯᠳᠦᠭᠦᠯᠦᠨ ᠮᠢᠳᠠᠶᠢᠭᠰᠠᠨ ᠴᠢᠭ ᠢᠶᠠᠷ ᠢᠶᠠᠨ ᠰᠠᠭᠤᠭᠠᠳ ᠪᠠᠶᠢᠯ᠎ᠠ᠃ ᠮᠠᠨ ᠤ | ᠪᠠᠶᠢᠯᠳᠣᠭᠴᠢᠳ ᠠᠯᠠᠭ᠎ᠠ ᠪᠠᠨ ᠳᠠᠰᠢᠨ ︽ᠣᠣᠬᠠᠢ᠂ ᠣᠣᠬᠠᠢ︕ ᠪᠣᠯᠵᠤ ᠪᠠᠶᠢᠨ᠎ᠠ︾ ᠭᠡᠵᠦ ᠬᠠᠰᠬᠢᠷᠣᠯᠳᠣᠬᠤ ᠳᠤ | ᠯᠠᠮᠠ ᠨᠠᠷ ᠲᠣᠯᠣᠭᠠᠢ ᠪᠠᠨ ᠰᠠᠵᠢᠨ ᠭᠠᠶᠢᠬᠠᠰᠢ ᠠᠯᠳᠠᠨ ︽ᠡᠨᠡ ᠬᠦᠮᠦᠨ ᠴᠢᠨᠢ ᠦᠨᠡᠬᠡᠷ ᠰᠠᠶᠢᠨ ᠡᠷ᠎ᠡ᠂ ᠪᠠᠭᠠᠲᠣᠷ | ᠬᠦᠮᠦᠨ ᠪᠠᠶᠢᠨ᠎ᠠ ᠬᠦ᠋︕︾ ᠭᠡᠵᠦ ᠪᠢᠰᠢᠷᠡᠨ ᠱᠠᠭᠰᠢᠵᠠᠭᠠᠵᠤ ᠪᠠᠶᠢᠭᠰᠠᠨ ᠪᠢᠯᠡ᠃ | 1948 ᠣᠨ ᠤ 12 ᠰᠠᠷ᠎ᠠ ᠳᠤ ᠴᠢᠭᠤᠯᠣᠯᠲᠤ ᠬᠠᠭᠠᠯᠭ᠎ᠠ ᠬᠤᠳᠠ ᠶᠢ ᠴᠢᠯᠦᠭᠡᠯᠡᠬᠦ ᠦᠶ᠎ᠡ ᠮᠠᠨ ᠤ 43 ᠳ᠋ᠣᠭᠠᠷ | ᠬᠤᠷᠢᠶ᠎ᠠ ᠣᠷᠣᠯᠴᠠᠭᠰᠠᠨ ᠶᠣᠮ᠃ ᠨᠢᠭᠡ ᠣᠷᠣᠢ ᠳᠠ᠊ ᠰᠠᠯᠠᠭᠠᠨ ᠳᠠᠷᠤᠭ᠎ᠠ ᠮᠠᠨᠠᠭ᠎ᠠ ᠪᠠᠶᠢᠴᠠᠭᠠᠬᠤ ᠪᠠᠷ ᠶᠠᠪᠣᠬᠤ ᠳᠠᠭᠠᠨ | ᠨᠢᠭᠡ ᠬᠤᠩᠬᠤᠷ ᠰᠢᠭ᠋ ᠭᠠᠵᠠᠷ ᠢᠶᠠᠷ ᠭᠠᠷᠪᠠᠯ ᠡᠮᠦᠨ᠎ᠡ ᠭᠦᠳᠦᠭᠦᠷ ᠳᠡᠭᠡᠷ᠎ᠡ ᠨᠢ ᠪᠥᠷᠦᠭ ᠪᠠᠷᠤᠭ ᠬᠦᠮᠦᠨ ᠤ | ᠲᠣᠯᠣᠭᠠᠢ ᠪᠣᠯᠲᠠᠯᠵᠠᠬᠤ ᠰᠢᠭ᠋ ᠪᠣᠯᠬᠤᠯ᠎ᠠ ︽ᠲᠠ ᠨᠠᠷ ᠨᠢᠭᠡᠨᠲᠡ ᠮᠠᠨ ᠳᠤ ᠪᠦᠰᠡᠯᠡᠭᠳᠡᠵᠡᠢ᠂ ᠫᠣᠤ ᠪᠠᠨ ᠳᠣᠰᠢᠶᠠᠪᠠᠯ | ᠠᠭᠤᠴᠢᠯᠠᠨ᠎ᠠ︕︾ ᠭᠡᠵᠦ ᠰᠦᠷ ᠦᠵᠡᠭᠦᠯᠦᠨ ᠵᠠᠩᠳᠣᠷᠴᠠᠢ᠃ ᠰᠦᠰᠦ ᠨᠢ ᠬᠡᠮᠬᠡᠷᠡᠭᠰᠡᠨ ᠠᠷᠪᠠᠭᠠᠳ ᠳᠠᠶᠢᠰᠣᠨ | ᠭᠠᠷ ᠢᠶᠠᠨ ᠡᠷᠭᠦᠨ ᠭᠠᠷᠴᠤ ᠢᠷᠡᠪᠡ᠃ ᠢᠩᠭᠢᠭᠡᠳ ᠲᠡᠷᠡ ᠠᠷᠪᠠ ᠢᠯᠡᠭᠦᠦ ᠶᠠᠪᠠᠭᠠᠨ ᠫᠣᠤ᠂ ᠨᠢᠭᠡ ᠭᠠᠷ ᠫᠣᠤ | ᠣᠯᠵᠠᠯᠠᠵᠤ ᠪᠢᠯᠡ᠃ ᠰᠡᠭᠦᠯᠡᠷ ᠨᠢ ᠮᠠᠨ ᠤ ᠵᠠᠷᠢᠮ ᠪᠠᠶᠢᠯᠳᠣᠭᠴᠢᠳ ᠳᠠᠶᠢᠰᠣᠨ ᠤ ᠦᠬᠦᠭᠡᠨᠴᠡ ᠳᠣᠷᠣᠢ ᠶᠢ | ᠳᠠᠭᠤᠷᠢᠶᠠᠨ ︽ᠡᠷᠭᠢᠮ ᠴᠡᠷᠢᠭ ᠤᠨ ᠨᠢᠭᠡ ᠯᠡ ᠬᠦᠮᠦᠨ ᠳᠤ ᠣᠯᠵᠠᠯᠠᠭᠰᠠᠳ ᠪᠣᠯᠵᠠᠢ ᠪᠢᠳᠡ︕︾ ᠬᠡᠮᠡᠨ | ᠳᠣᠭᠯᠠᠳᠠᠭ᠃ | 1949 ᠣᠨ ᠤ 3 ᠰᠠᠷ᠎ᠠ ᠳᠤ ᠳᠠ᠊ ᠰᠠᠯᠠᠭᠠᠨ ᠳᠠᠷᠤᠭ᠎ᠠ ᠡᠭᠦᠷᠭᠡ ᠪᠠᠨ ᠭᠦᠢᠴᠡᠳᠭᠡᠬᠦ ᠪᠠᠷ ᠳᠦᠷᠪᠡᠳ ᠬᠤᠰᠢᠭᠤ ᠤ | ᠣᠯᠠᠭᠠᠨᠬᠤᠸᠠ ᠪᠠᠯᠭᠠᠰᠣᠨ ᠤ ᠵᠡᠭᠦᠨ ᠬᠤᠶᠢᠨ᠎ᠠ ᠸᠠᠩ ᠤᠨ ᠣᠷᠳᠣᠨ ᠤ ᠪᠠᠷᠠᠭᠤᠨᠲᠠᠢ ᠨᠢᠭᠡᠨ ᠠᠶᠢᠯ ᠳᠤ ᠬᠦᠷᠲᠡᠯ᠎ᠡ | ᠭᠡᠨᠡᠳᠲᠡ ᠬᠤᠷᠢᠭᠠᠳ ᠳᠠᠶᠢᠰᠣᠨ ᠲᠠᠢ ᠨᠢᠭᠤᠷᠳᠠᠨ ᠲᠣᠯᠭᠠᠷᠠᠵᠠᠢ᠃ ᠲᠡᠷᠡ ᠭᠠᠷ ᠫᠣᠤ ᠪᠠᠨ ᠰᠣᠭᠤᠯᠣᠮᠠᠭᠴᠠ ᠨᠢᠭᠡ | ᠶᠢ ᠨᠢ ᠣᠨᠠᠭᠠᠵᠤ ᠬᠤᠶᠠᠷ ᠶᠢ ᠨᠢ ᠰᠢᠷᠬᠠᠳᠣᠭᠤᠯᠪᠠ᠃ ᠨᠢᠭᠡ ᠮᠡᠳᠡᠬᠦ ᠳᠤ ᠫᠣᠤ ᠨᠢ ᠬᠠᠭ᠋ᠠᠴᠢᠬᠠᠭᠰᠠᠨ ᠪᠠᠶᠢᠪᠠ᠃ | ᠭᠡᠲᠡᠯ᠎ᠡ ᠲᠡᠷᠡ ᠰᠠᠨᠳᠣᠷᠴᠤ ᠪᠠᠯᠠᠳᠠᠭᠠ ᠦᠭᠡᠢ᠄ ︽ᠫᠣᠤ ᠪᠠᠨ ᠳᠣᠰᠢᠶᠠᠪᠠᠯ ᠠᠭᠤᠴᠢᠯᠠᠳᠠᠭ ᠢ ᠮᠡᠳᠡᠨ᠎ᠡ ᠪᠠ᠂ ᠲᠠᠨᠣᠰ | ︕︾ ᠭᠡᠵᠦ ᠴᠢᠩᠭ᠎ᠠ ᠳᠠᠭᠤᠨ ᠢᠶᠠᠷ ᠵᠠᠩᠳᠣᠷᠬᠤ ᠳᠤ ᠲᠡᠳᠡᠭᠡᠷ ᠳᠠᠶᠢᠰᠣᠨ ᠶᠠᠮᠠᠷ ᠴᠦ ᠡᠰᠡᠷᠭᠦᠴᠡᠯ ᠦᠭᠡᠢ ᠪᠠᠭᠤᠵᠤ | ᠥᠭᠴᠡᠢ᠃ ᠶᠠᠭᠤᠨ ᠠᠴᠠ ᠴᠦ ᠰᠦᠷᠳᠡᠰᠢ ᠦᠭᠡᠢ ᠪᠠᠭᠠᠲᠣᠷ ᠵᠣᠷᠢᠭ ᠪᠠᠴᠢᠮ ᠪᠠᠶᠢᠳᠠᠯ ᠳᠤ ᠴᠦ ᠪᠠᠯᠠᠳᠠᠵᠤ | ᠰᠠᠨᠳᠣᠷᠳᠠᠭ ᠦᠭᠡᠢ ᠣᠬᠠᠭᠠᠨ ᠰᠠᠮᠪᠠᠭ᠎ᠠ ᠪᠠᠶᠢᠭᠰᠠᠨ ᠳᠠᠭᠠᠨ ᠲᠡᠷᠡ ᠰᠠᠶ᠋ᠢ ᠡᠶᠢᠮᠦ ᠠᠶᠣᠯᠲᠠᠢ ᠭᠡᠨᠡᠨ ᠦᠶ᠎ᠡ ᠢᠢᠨ ᠬᠦ | ᠲᠠᠶᠢᠪᠣᠭᠤ ᠪᠣᠯᠭᠤᠮᠵᠢᠲᠠᠢ ᠪᠠᠶᠢᠵᠤ ᠴᠢᠳᠠᠳᠠᠭ ᠪᠠᠶᠢᠵᠠᠢ᠃ ᠢᠢᠮᠦ ᠪᠠᠭᠠᠲᠣᠷᠯᠢᠭ ᠠᠵᠢᠯᠯᠠᠭ᠎ᠠ ᠲᠡᠭᠦᠨ ᠳᠤ ᠣᠯᠠᠨ ᠪᠣᠢ | ᠃ | 1956 ᠣᠨ ᠳᠤ ᠴᠡᠷᠢᠭ ᠠᠴᠠ ᠬᠠᠯᠠᠭᠳᠠᠵᠤ ᠭᠠᠵᠠᠷ ᠣᠷᠣᠨ ᠳᠤ ᠠᠵᠢᠯᠯᠠᠭᠰᠠᠨ ᠬᠤᠭᠤᠴᠠᠭᠠᠨ ᠳᠠᠭᠠᠨ ᠡᠳᠦᠷ | ᠰᠦᠨᠢ ᠢᠯᠭᠠᠯ ᠦᠭᠡᠢ᠂ ᠳᠡᠰᠪᠦᠷᠢ ᠬᠠᠳᠠᠭᠤᠵᠢᠯᠲᠠᠢ ᠴᠢᠷᠮᠠᠶᠢᠵᠤ᠂ ᠬᠠᠮᠲᠤ ᠨᠡᠶᠢᠲᠡ ᠶᠢᠨ ᠠᠵᠢᠯ ᠪᠠ ᠮᠠᠯ ᠠᠵᠤ | ᠠᠬᠤᠢ ᠶᠢᠨ ᠦᠢᠯᠡᠳᠪᠦᠷᠢᠯᠡᠯ ᠤᠨ ᠪᠥᠲᠦᠭᠡᠨ ᠪᠠᠶᠢᠭᠤᠯᠣᠯᠲᠠ ᠭᠡᠰᠡᠨ ᠦᠭᠡᠢ᠂ ᠶᠡᠬᠡᠭᠡᠨ ᠬᠤᠪᠢ ᠨᠡᠮᠡᠷᠢ ᠪᠠᠨ | ᠦᠵᠡᠭᠦᠯᠦᠨ ᠠᠮᠵᠢᠯᠲᠠ ᠪᠥᠲᠦᠭᠡᠯ ᠭᠠᠷᠭᠠᠭᠰᠠᠨ ᠠᠷᠠᠳ ᠤᠨ ᠰᠠᠶᠢᠨ ᠺᠠᠳ᠋ᠷ᠂ ᠨᠠᠮ ᠤᠨ ᠰᠠᠶᠢᠨ ᠭᠡᠰᠢᠭᠦᠨ᠂ ᠰᠠᠶᠢᠨ | ᠪᠠᠶᠢᠯᠳᠣᠭᠴᠢ ᠪᠠᠶᠢᠪᠠ᠃ | 1958 ᠣᠨ ᠤ ᠡᠪᠦᠯ ᠠᠴᠠ ᠡᠬᠢᠯᠡᠨ᠂ ᠠᠯᠠᠱᠠ ᠬᠤᠰᠢᠭᠤᠨ ᠤ ᠬᠥᠪᠡᠭᠡᠨᠠᠮᠤᠭ ᠨᠢᠭᠡᠳᠦᠯ ᠳᠤ ᠲᠦᠷ ᠴᠠᠭ ᠱᠦᠵᠢ | ᠪᠠᠷ ᠠᠵᠢᠯᠯᠠᠵᠠᠢ᠃ ᠮᠠᠯᠴᠢᠳ ᠢᠳᠡᠬᠦ ᠠᠮᠠ ᠪᠠᠨ ᠠᠪᠴᠤ ᠴᠢᠳᠠᠬᠤ ᠦᠭᠡᠢ᠂ ᠡᠪᠡᠳᠴᠢᠨ ᠢᠶᠠᠨ ᠦᠵᠡᠭᠦᠯᠵᠦ | ᠲᠡᠶᠢᠯᠬᠦ ᠦᠭᠡᠢ ᠭᠠᠴᠢᠭᠳᠠᠵᠤ ᠪᠠᠶᠢᠬᠤ ᠳᠤ ᠠᠯᠢ ᠪᠣᠯᠬᠤ ᠪᠠᠷ ᠠᠷᠭ᠎ᠠ ᠦᠵᠡᠵᠦ ᠰᠢᠢᠳᠪᠦᠷᠢᠯᠡᠵᠦ ᠥᠭᠳᠡᠭ ᠪᠥᠭᠡᠳ | ᠵᠠᠷᠢᠮ ᠳᠠᠭᠠᠨ ᠥᠪᠡᠷ ᠤᠨ ᠢᠶᠠᠨ ᠴᠠᠯᠢᠩ ᠠᠴᠠ ᠢᠯᠡᠭᠦᠴᠢᠯᠡᠵᠦ ᠥᠭᠳᠡᠭ ᠶᠣᠮ᠃ ᠭᠡᠲᠡᠯ᠎ᠡ 1961 ᠣᠨ ᠤ ︽ | ᠰᠣᠷᠲᠠᠯ ᠴᠡᠭᠴᠡᠯᠡᠬᠦ︾ ᠬᠥᠳᠡᠯᠭᠡᠭᠡᠨ ᠳᠣᠮᠳᠠ ᠲᠡᠭᠦᠨ ᠢ ︽ᠠᠰᠠᠭᠤᠳᠠᠯ ᠲᠠᠢ︾ ᠬᠦᠮᠦᠨ ᠢᠶᠠᠷ ᠪᠣᠷᠣᠭᠤᠰᠢᠶᠠᠨ | ᠰᠢᠭᠦᠮᠵᠢᠯᠡᠵᠦ᠂ ᠱᠦᠵᠢ ᠶᠢᠨ ᠬᠢᠨᠢ ᠳᠣᠰᠢᠶᠠᠯ ᠢ ᠣᠭᠴᠠᠷᠠᠭᠤᠯᠵᠤ ᠵᠢᠷᠭᠠᠯᠰᠠᠶᠢᠬᠠᠨ᠂ ᠪᠠᠶᠠᠨᠬᠤᠸᠠ ᠰᠣᠮᠤ ᠪᠠᠷ | ᠣᠷᠢᠳ ᠬᠤᠵᠢᠳ ᠡᠩ ᠤᠨ ᠠᠵᠢᠯᠲᠠᠨ ᠢᠶᠠᠷ ᠠᠵᠢᠯᠯᠠᠭᠤᠯᠵᠤ ᠪᠠᠶᠢᠲᠠᠯ᠎ᠠ ︽ᠰᠣᠶᠣᠯ ᠤᠨ ᠶᠡᠭᠡ ᠬᠤᠪᠢᠰᠬᠠᠯ︾ | ᠡᠬᠢᠯᠡᠨ᠂ ᠨᠢᠭᠡᠮᠦᠰᠦᠨ ︽ᠳᠡᠰ ᠵᠡᠷᠭᠡ︾ ᠨᠢ ᠳᠡᠪᠰᠢᠵᠦ ᠶᠠᠭᠤᠨ ᠤ ︽ᠬᠦᠮᠦᠨ ᠠᠯᠠᠭᠰᠠᠨ ᠶᠠᠯᠠᠲᠠᠨ︾᠂ ︽ | ᠣᠯᠣᠰ ᠠᠴᠠ ᠣᠷᠪᠠᠭ᠋ᠤ ᠬᠠᠷ᠎ᠠ ᠪᠥᠯᠦᠭᠲᠡᠨ︾᠂ ︽ᠮᠣᠩᠭᠤᠯ ᠤᠨ ᠵᠠᠰᠠᠪᠣᠷᠢᠯᠠᠬᠤ ᠦᠵᠡᠯᠲᠡᠨ︾ ᠁ ᠭᠡᠬᠦ | ᠮᠡᠲᠦ ᠶᠢᠨ ᠵᠦᠢᠯ ᠵᠢᠰᠦᠮ ᠤᠨ ︽ᠮᠠᠯᠠᠭᠠᠢ︾ ᠵᠡᠭᠦᠯᠭᠡᠨ᠂ ︽ᠶᠠᠯ᠎ᠠ︾ ᠳᠤ ᠣᠨᠠᠭᠠᠭᠠᠳ ᠶᠠᠩᠵᠤ ᠪᠦᠷᠢ ᠶᠢᠨ | ᠡᠷᠡᠭᠦᠦ ᠲᠠᠮᠣᠯᠣᠯ ᠠᠮᠰᠠᠭᠤᠯᠣᠭᠰᠠᠨ ᠠᠴᠠ ᠭᠠᠷ ᠬᠥᠯ ᠨᠢ ᠬᠤᠭᠤᠷᠠᠵᠤ ᠪᠥᠬᠦ ᠪᠡᠶ᠎ᠡ ᠨᠢ ᠰᠢᠷᠬ᠎ᠠ ᠰᠣᠷᠪᠢ ᠪᠠᠷ | ᠳᠦᠭᠦᠷᠴᠦ ᠵᠡᠮᠳᠡᠭ ᠬᠦᠮᠦᠨ ᠪᠣᠯᠣᠨ ᠬᠤᠴᠣᠷᠴᠠᠢ᠃ | 1961~ 1968 ᠣᠨ ᠬᠦᠷᠲᠡᠯ᠎ᠡ ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠤ ᠨᠢᠭᠡᠳᠦᠯ ᠤᠨ ᠺᠠᠳ᠋ᠷ᠂ | ᠱᠦᠵᠢ᠂ ᠪᠠᠶᠠᠨᠬᠤᠲᠠ ᠪᠠᠯᠭᠠᠰᠣᠨ ᠤ ᠳᠡᠳ᠋ ᠪᠠᠯᠭᠠᠰᠣᠨ ᠳᠠᠷᠤᠭ᠎ᠠ ᠶᠢᠨ ᠳᠣᠰᠢᠶᠠᠯ ᠳᠤ ᠪᠠᠶᠢᠵᠤ ᠪᠠᠶᠢᠭᠠᠳ 1979 | ᠣᠨ ᠳᠤ ᠲᠥᠷᠦ ᠶᠢᠨ ᠪᠣᠳᠣᠯᠭ᠎ᠠ ᠨᠠᠶᠢᠳᠠᠪᠣᠷᠢᠵᠢᠭᠤᠯᠬᠤ ᠦᠶ᠎ᠡ᠂ ᠡᠳᠡᠭᠡᠷ ᠬᠢᠯᠢᠰ ᠬᠡᠷᠡᠭ ᠤᠳ ᠢ ᠨᠢ ᠴᠠᠭᠠᠳᠬᠠᠵᠤ᠂ | ᠳᠠᠬᠢᠨ ᠠᠯᠠᠱᠠ ᠵᠡᠭᠦᠨ ᠬᠤᠰᠢᠭᠤᠨ ᠤ ᠣᠯᠣᠰ ᠲᠥᠷᠦ ᠶᠢᠨ ᠵᠥᠪᠯᠡᠯᠭᠡᠨ ᠤ ᠪᠠᠶᠢᠩᠭᠤ ᠶᠢᠨ ᠭᠡᠰᠢᠭᠦᠨ᠂ | ᠪᠠᠶᠠᠨᠬᠤᠸᠠ ᠪᠠᠯᠭᠠᠰᠣᠨ ᠤ ᠳᠠᠷᠤᠭ᠎ᠠ ᠶᠢᠨ ᠳᠣᠰᠢᠶᠠᠯ ᠢ ᠬᠠᠷᠢᠭᠤᠴᠠᠭᠤᠯᠵᠠᠢ᠃ | 1983 ᠣᠨ ᠤ 2 ᠳ᠋ᠣᠭᠠᠷ ᠰᠠᠷ᠎ᠠ ᠳᠤ ᠠᠵᠢᠯ ᠠᠴᠠ ᠪᠠᠨ ᠳᠠᠷᠬᠠᠯᠠᠭᠰᠠᠨ ᠪᠠᠶᠢᠨ᠎ᠠ᠃ 1998 ᠣᠨ ᠤ 1 ᠰᠠᠷ᠎ᠠ | ᠳᠤ ᠣᠳᠠᠭᠠᠨ ᠬᠤᠷᠠᠮᠳᠣᠭᠰᠠᠨ ᠵᠢᠷᠦᠬᠡᠨ ᠤ ᠡᠪᠡᠳᠴᠢᠨ ᠨᠢ ᠬᠥᠨᠳᠦᠷᠡᠵᠦ ᠡᠮᠨᠡᠭᠦᠯᠦᠭᠰᠡᠨ ᠪᠣᠯᠪᠠᠴᠤ ᠳᠣᠰᠠ | ᠪᠣᠯᠣᠭᠰᠠᠨ ᠦᠭᠡᠢ ᠨᠠᠰᠤ ᠪᠠᠷᠠᠪᠠ᠃ | ︽ᠰᠢᠯᠣᠭᠤᠨ ᠬᠥᠬᠡ ᠬᠤᠰᠢᠭᠤᠨ ᠤ ᠴᠣᠣᠳᠤ ᠬᠦᠮᠦᠰ︾ ᠨᠣᠮ ᠠᠴᠠ ᠪᠠᠭᠤᠯᠭᠠᠪᠠ᠃ | |