ᠠᠭ᠋ᠧᠭ᠌ᠭ
ᠨᠡᠶᠢᠲᠡᠯᠡᠭᠰᠡᠨ ᠴᠠᠭ᠄
2016/7/11
      ᠵᠢᠷᠤᠭᠴᠢᠨ ᠠᠭ᠋ᠧᠭ᠌ᠭ 1914 ᠤᠨ  ᠳᠤ ᠰᠢᠯᠤᠭᠤᠨ ᠬᠦᠬᠡ  ᠬᠤᠰᠢᠭᠤᠨ  ᠤ ᠪᠤᠱᡂᠳᠠᠢ ᠰᠤᠮᠤᠨ ᠤ ᠪᠠᠶᠠᠨᠪᠤᠯᠠᠭ ᠭᠠᠴᠠᠭᠠᠨ  ᠤ ᠮᠠᠯᠴᠢᠨ ᠪᠤᠷᠤᠨ᠋ᠤᠬᠢᠨ  ᠤ ᠭᠡᠷ ᠲᠤ ᠲᠦᠷᠤᠵᠠᠢ  ᠃ ᠲᠠᠪᠤᠨ ᠨᠠᠰᠤᠨ ᠳᠠᠭᠠᠨ ᠠᠭᠤᠯᠠ  ᠂ ᠤᠰᠤ  ᠂ ᠴᠠᠴᠡᠭ  ᠂ ᠮᠤᠳᠣ  ᠶᠢ ᠭᠠᠶᠢᠬᠠᠮ᠎ᠠ ᠰᠠᠶᠢᠬᠠᠨ ᠵᠢᠷᠤᠵᠦ ᠴᠢᠳᠠᠬᠤ ᠪᠤᠯᠵᠠᠢ  ᠃ ᠠᠷᠪᠡᠨ ᠭᠤᠷᠪᠠᠨ ᠨᠠᠰᠤᠨ  ᠳᠠᠭᠠᠨ ᠤᠰᠤᠨ ᠪᠤᠳᠤᠭ  ᠢᠶᠠᠷ ᠵᠢᠷᠤᠭᠰᠡᠨ ᠲᠤᠬᠤᠢ ᠦᠨᠳᠤᠷ ︽ᠴᠠᠭᠠᠨ ᠡᠪᠤᠬᠡᠨ ︾  ᠤ ᠵᠢᠷᠤᠭ ᠪᠤᠯ ᠲᠡᠬᠦᠨ  ᠤ ᠬᠠᠮᠤᠭ ᠠᠩᠬᠠᠨ  ᠤ ᠪᠦᠳᠤᠬᠡᠯ ᠪᠤᠯᠤᠨ᠎ᠠ  ᠃ ᠴᠠᠮ  ᠤᠨ ᠪᠠᠭ  ᠢ ᠴᠠᠷᠳᠠᠵᠦ  ᠂ ᠴᠠᠮ  ᠤᠨ ᠬᠤᠪᠴᠠᠰᠤ ᠬᠢᠭᠰᠡᠨ  ᠨᠢ ᠴᠤ ᠮᠠᠰᠢ ᠭᠤᠶᠤ ᠰᠠᠶᠢᠬᠠᠨ ᠪᠠᠶᠢᠵᠠᠢ  ᠃ ᠲᠡᠬᠦᠨ  ᠤ ᠤᠷᠠᠯᠠᠨ ᠪᠦᠳᠣᠭᠡᠭᠰᠡᠨ ᠵᠢᠷᠤᠭ ᠪᠠᠷᠢᠮᠠᠯ ᠨᠢ ᠲᠤᠩ ᠤᠯᠠᠨ ᠪᠠᠶᠢᠭᠰᠠᠨ ᠶᠤᠮ  ᠃ 1957 ᠤᠨ ᠳᠤ ᠲᠤᠮᠳᠠᠳᠣ ᠤᠯᠤᠰ  ᠤᠨ ᠤᠷᠠᠨ ᠵᠢᠷᠤᠭᠴᠢᠨ ᠤᠨ ᠨᠡᠶᠢᠭᠡᠮᠯᠢᠭ  ᠤᠨ ᠬᠡᠰᠢᠬᠦᠨ ᠢᠶᠠᠷ ᠡᠯᠰᠡᠭᠳᠡᠪᠡ  ᠃ ᠲᠡᠬᠦᠨ  ᠤ ︽ᠦᠪᠤᠷ ᠮᠤᠩᠭᠤᠯ  ᠤᠨ ᠮᠤᠩᠭᠤᠯ ᠦᠨᠳᠤᠰᠤᠳᠡᠨ  ᠤ ᠬᠡ ᠤᠭᠠᠯᠵᠠ ᠨᠤᠭᠤᠳ ︾ᠭᠡᠬᠦ ᠵᠢᠷᠤᠭ  ᠤᠨ ᠲᠡᠬᠦᠪᠤᠷᠢ ᠨᠢ ᠮᠤᠩᠭᠤᠯ ᠦᠨᠳᠣᠰᠤᠳᠡᠨ  ᠤ ᠤᠯᠠᠮᠵᠢᠯᠠᠯᠳᠣ ᠬᠡ ᠤᠭᠠᠯᠵᠠ   ᠶᠢᠨ ᠦᠪᠡᠷᠮᠢᠴᠠ ᠤᠨᠴᠠᠯᠢᠭ  ᠢ ᠬᠠᠳᠠᠭᠠᠯᠠᠵᠦ  ᠂ ᠰᠢᠨ᠎ᠠ ᠠᠭᠤᠯᠭ᠎ᠠ ᠨᠡᠮᠡᠵᠦ  ᠂ ᠰᠢᠨ᠎ᠠ ᠪᠠᠷ ᠪᠦᠳᠣᠭᠡᠭᠰᠡᠨ ᠨᠢᠬᠡᠨ ᠰᠢᠯᠢᠳᠡᠭ ᠬᠤᠪᠤᠷᠬᠠᠨ  ᠂ ᠨᠠᠷᠢᠯᠢᠭ ᠭᠤᠶᠤ ᠭᠡᠭᠡᠨᠴᠡᠷ ᠬᠡ ᠤᠭᠠᠯᠵᠠ  ᠶᠢᠨ ᠪᠦᠳᠤᠬᠡᠯ ᠪᠤᠯᠤᠨ᠎ᠠ  ᠃ ᠲᠡᠬᠦᠨ  ᠤ ᠵᠢᠷᠤᠵᠦ ᠪᠦᠳᠣᠭᠡᠭᠰᠡᠨ ᠬᠡ ᠤᠭᠠᠯᠵᠠ ᠨᠤᠭᠤᠳ  ᠢ ᠡᠳᠤᠬᠡ ᠬᠦᠷᠳᠡᠯ᠎ᠠ ᠮᠠᠨ  ᠤ ᠤᠷᠤᠨ  ᠤ ᠭᠠᠵᠠᠷ ᠪᠤᠯᠭᠠᠨ  ᠳᠤ ᠬᠡᠷᠡᠭᠯᠡᠭᠰᠡᠭᠡᠷ ᠪᠠᠶᠢᠨ᠎ᠠ  ᠃ ᠲᠡᠬᠦᠨ  ᠤ ᠰᠢᠯᠦᠭ ᠪᠦᠳᠣᠬᠡᠯ  ᠳᠤ ᠪᠠᠰᠠ ︽ᠬᠤᠶᠠᠷ ᠪᠤᠤᠷ᠎ᠠ  ᠶᠢᠨ ᠲᠡᠮᠠᠴᠡᠭᠡᠨ ︾᠂ ︽ᠪᠠᠭ᠎ᠠ ᠡᠷᠢᠶᠠᠨ  ᠤ ᠪᠠᠶᠢᠯᠳᠤᠭᠠᠨ ︾  ᠂ ︽ᠱᠠᠩᠳᠣ  ᠶᠢᠨ ᠭᠤᠤᠯ  ᠤᠨ ᠬᠦᠪᠡᠬᠡᠨ  ᠳᠠᠬᠢ  ᠥᠭᠡᠷ  ᠤᠨ ᠰᠦᠷᠦᠭ ︾  ᠂ ︽ᠬᠤᠨᠢᠴᠢᠨ ᠬᠡᠤᠬᠡᠨ ︾  ᠂ ︽ᠲᠠᠯ᠎ᠠ  ᠶᠢᠨ ᠮᠠᠯᠴᠢᠳ ︾  ᠁ᠵᠡᠷᠬᠡ ᠪᠤᠢ  ᠃ ( 1914-1962)
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号