ᠨᠠ᠊·ᠰᠠᠶᠢᠨᠴᠤᠭᠳᠣ ( ᠦᠬᠡᠷ᠎ᠠ ᠨᠡᠷ᠎ᠠ ᠨᠢ ᠰᠠᠶᠢᠴᠤᠩᠭ᠎ᠠ ) 1914ᠤᠨ ᠳᠤ ᠰᠢᠯᠤᠭᠤᠨ ᠬᠦᠬᠡ | ᠬᠤᠰᠢᠭᠤᠨ ᠤ ᠵᠢᠭᠠᠰᠤᠳᠠᠢ ᠰᠤᠮᠤᠨ ᠤ ᠨᠠᠰᠤᠨᠳᠡᠯᠭᠡᠷ ᠤᠨ ᠬᠤᠶᠠᠳᠤᠭᠠᠷ ᠬᠦᠪᠡᠬᠦᠨ ᠪᠤᠯᠤᠨ ᠵᠢᠶᠠᠭᠠᠵᠠᠢ ᠃ | ᠮᠤᠩᠭᠤᠯ ᠦᠨᠳᠤᠰᠤᠳᠡᠨ ᠤ ᠤᠷᠴᠢᠨ ᠪᠡ ᠤᠳᠣ ᠦᠶ᠎ᠠ ᠶᠢᠨ ᠪᠢᠴᠢᠭ ᠤᠨ ᠶᠡᠭᠡ ᠬᠦᠮᠤᠨ ᠂ ᠠᠯᠳᠠᠷᠳᠣ ᠢᠷᠠᠭᠤ | ᠨᠠᠶᠢᠷᠠᠭᠴᠢ ᠂ ᠮᠤᠩᠭᠤᠯ ᠂ ᠬᠢᠳᠠᠳ ᠂ ᠮᠠᠨᠵᠦ ᠂ ᠠᠩᠭ᠍ᠯᠢ ᠬᠡᠯᠡᠨ ᠳᠤ ᠨᠡᠪᠳᠡᠷᠡᠭᠰᠡᠨ ᠦᠨᠳᠤᠰᠤᠳᠡᠨ ᠤ ᠰᠤᠶᠤᠯ | ᠤᠨ ᠰᠠᠭᠤᠷᠢᠯᠠᠭᠴᠢ ᠂ ᠰᠤᠷᠭᠠᠨ ᠬᠦᠮᠤᠵᠢᠯ ᠤᠨ ᠵᠢᠳᠬᠦᠯᠳᠡᠨ ᠃ 1941ᠤᠨ ᠳᠤ ᠠᠩᠬᠠᠳᠠᠭᠴᠢ ᠰᠢᠯᠤᠭ᠌ ᠤᠨ | ᠲᠡᠬᠦᠪᠤᠷᠢ ᠨᠢ ᠬᠡᠪᠯᠡᠭᠳᠡᠭᠰᠡᠨ ᠶᠤᠮ ᠃ ᠴᠢᠯᠤᠭᠡᠯᠡᠭᠳᠡᠬᠦ ᠠᠴᠠ ᠡᠮᠤᠨ᠎ᠠ ︽ᠮᠠᠨ ᠤ ᠮᠤᠩᠭᠤᠯ ᠤᠨ ᠮᠠᠨᠳᠤᠬᠤ | ᠲᠠᠭᠤᠨ ︾ ᠂ ︽ᠡᠯᠡᠰᠤ ᠮᠠᠩᠬᠠᠨ ᠤ ᠡᠬᠡ ᠨᠤᠳᠤᠭ ︾ ᠵᠡᠷᠬᠡ ᠨᠠᠢᠮᠠᠨ ᠨᠤᠮ ᠭᠠᠷᠭᠠᠵᠠᠢ ᠃ ᠲᠡᠷᠠ 1947 | ᠤᠨ ᠳᠤ ᠮᠤᠩᠭᠤᠯ ᠤᠯᠤᠰ ᠠᠴᠠ ᠤᠯᠤᠰ ᠲᠠᠭᠠᠨ ᠪᠤᠴᠠᠵᠦ ᠢᠷᠡᠭᠰᠡᠨ ᠤ ᠲᠠᠷᠠᠭ᠎ᠠ ᠦᠪᠤᠷ ᠮᠤᠩᠭᠤᠯ ᠤᠨ ᠡᠳᠤᠷ | ᠤᠨ ᠰᠤᠨᠢᠨ ᠤ ᠬᠤᠷᠢᠶ᠎ᠠ ᠂ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠤᠯᠪᠤᠭ᠎ᠠ ᠵᠡᠷᠬᠡ ᠪᠠᠶᠢᠭᠤᠯᠤᠯᠭ᠎ᠠ | ᠳᠤ ᠠᠵᠢᠯᠯᠠᠵᠦ ᠪᠠᠶᠢᠬᠤ ᠦᠶ᠎ᠠ ᠰᠢᠯᠤᠭ᠌ ᠤᠨ ᠲᠡᠬᠦᠪᠤᠷᠢ ︽ᠪᠠᠶᠠᠷ ᠤᠨ ᠲᠠᠭᠤᠯᠠᠯ ︾ ᠵᠡᠷᠬᠡ 27 ᠨᠤᠮ | ᠬᠡᠪᠯᠡᠬᠦᠯᠵᠡᠢ ᠃ ᠨᠠ᠊·ᠰᠠᠶᠢᠨᠴᠤᠭᠳᠣ ᠲᠤᠮᠳᠠᠳᠣ ᠤᠯᠤᠰ ᠤᠨ ᠵᠤᠬᠢᠶᠠᠯᠴᠢᠳ ᠤᠨ ᠡᠪᠯᠡᠯ ᠤᠨ ᠬᠡᠰᠢᠬᠦᠨ ᠂ | ᠬᠡᠷᠡᠭ ᠡᠷᠬᠢᠯᠡᠭᠴᠢ ᠂ ︽ᠰᠢᠯᠦᠭ ᠰᠡᠳᠬᠦᠯ ︾ ᠤᠨ ᠨᠠᠶᠢᠷᠠᠭᠤᠯᠬᠤ ᠵᠦᠪᠯᠡᠯ ᠤᠨ ᠬᠡᠰᠢᠬᠦᠨ ᠂ ᠪᠦᠬᠦ ᠤᠯᠤᠰ | ᠤᠨ ᠤᠳᠬ᠎ᠠ ᠤᠷᠠᠯᠢᠭ ᠤᠨ ᠬᠤᠯᠪᠤᠭᠠᠨ ᠤ ᠬᠡᠰᠢᠬᠦᠨ ᠂ ᠦᠪᠤᠷ ᠮᠤᠩᠭᠤᠯ ᠤᠨ ᠵᠤᠬᠢᠶᠠᠯᠴᠢᠳ ᠤᠨ | ᠨᠡᠶᠢᠬᠡᠮᠯᠢᠭ ᠤᠨ ᠲᠡᠷᠢᠬᠦᠯᠡᠭᠴᠢ ᠂ ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠭᠤᠷᠪᠡ ᠂ | ᠲᠦᠷᠪᠡᠳᠣᠭᠡᠷ ᠬᠤᠭᠤᠴᠠᠭᠠᠨ ᠤ ᠬᠡᠰᠢᠬᠦᠨ ᠵᠡᠷᠬᠡ ᠡᠬᠦᠷᠬᠡ ᠲᠠᠢ ᠪᠠᠶᠢᠵᠠᠢ ᠃ 1999 ᠤᠨ ᠳᠤ ᠮᠤᠩᠭᠤᠯ | ᠤᠳᠬ᠎ᠠ ᠵᠤᠬᠢᠶᠠᠯ ᠤᠨ ᠲᠡᠤᠬᠡᠨ ᠳᠠᠬᠢ ᠠᠩᠬᠠᠳᠠᠭᠴᠢ ᠪᠦᠷᠢᠨ ᠵᠤᠬᠢᠶᠠᠯ ︽ᠨᠠ᠊·ᠰᠠᠶᠢᠨᠴᠤᠭᠳᠣ ᠶᠢᠨ | ᠪᠦᠷᠢᠨᠵᠤᠬᠢᠶᠠᠯ ︾ ᠢ ᠬᠡᠪᠯᠡᠨ ᠲᠠᠷᠬᠠᠭᠠᠭᠰᠡᠨ ᠪᠠᠶᠢᠨ᠎ᠠ ᠃ ( 1914-1973) |