︽ᠰᠢᠨ᠎ᠡ ᠶᠤᠸᠠᠨ ᠤᠯᠤᠰ ᠤᠨ ᠲᠡᠤᠬᠡ︾ ᠶᠢᠨ ᠠᠩᠬᠠᠳᠠᠭᠴᠢ ᠲᠤᠯᠭᠠᠨ ᠬᠠᠷᠭᠤᠭᠤᠯᠣᠭᠰᠠᠨ ᠲᠡᠪᠳᠡᠷ ᠬᠡᠪᠯᠡᠭᠳᠡᠪᠡ
ᠨᠡᠶᠢᠲᠡᠯᠡᠭᠰᠡᠨ ᠴᠠᠭ᠄
2018/11/12
        ᠲᠤᠮᠳᠠᠳᠤ ᠤᠯᠤᠰ ᠤᠨ ᠲᠡᠤᠬᠡ ᠶᠢᠨ ᠤᠬᠠᠭᠠᠨ ᠮᠠᠰᠢᠳᠠ ᠬᠦᠭᠵᠢᠵᠤ᠂ ᠤᠤᠯ ᠠᠴᠠ ᠲᠡᠤᠬᠡ ᠶᠢᠨ ᠲᠤᠯᠭᠤᠷ ᠪᠢᠴᠢᠭ ᠪᠦᠷᠢᠨ ᠭᠦᠢᠴᠡᠳ ᠪᠠᠶᠢᠳᠠᠭ ᠢᠶᠠᠷ ᠢᠶᠠᠨ ᠠᠯᠳᠠᠷ ᠲᠠᠢ ᠶᠤᠮ᠃ ᠲᠦᠪ ᠲᠡᠤᠬᠡ ᠶᠢᠨ ᠪᠢᠴᠢᠭ ᠲᠤ ᠨᠢᠭᠡ ᠨᠤᠮ ᠶᠡᠭᠡ ᠤᠨᠴᠠᠭᠠᠢ ᠬᠠᠷᠠᠭᠳᠠᠨ᠎ᠠ᠂ ᠡᠨᠡ ᠪᠤᠯ ᠲᠠᠷᠤᠢ ᠺᠧ ᠱᠤᠤ ᠮᠢᠨ ︵柯劭忞︶ ᠤ ᠭᠠᠭᠴᠠᠭᠠᠷ ᠢᠶᠠᠨ ᠨᠠᠶᠢᠷᠠᠭᠤᠯᠤᠭᠰᠠᠨ ︽ᠰᠢᠨ᠎ᠡ ᠶᠤᠸᠠᠨ ᠤᠯᠤᠰ ᠤᠨ ᠲᠡᠤᠬᠡ︾ ᠪᠤᠯᠤᠨ᠎ᠠ᠃ ᠤᠯᠠᠨ ᠲᠤᠰᠬᠠᠢ ᠮᠡᠷᠭᠡᠵᠢᠯᠳᠡᠨ ᠬᠦᠴᠦ ᠬᠠᠮᠳᠤᠷᠠᠨ ᠲᠠᠪᠤᠨ ᠵᠢᠯ ᠬᠡᠷᠡᠭᠰᠡᠵᠤ ᠲᠤᠯᠭᠠᠨ ᠬᠠᠷᠭᠤᠭᠤᠯᠤᠭᠰᠠᠨ ᠡᠮᠬᠢᠳᠭᠡᠯ ᠲᠡᠪᠲᠡᠷ ︽ᠰᠢᠨ᠎ᠡ ᠶᠤᠸᠡᠨ ᠤᠯᠤᠰ ᠤᠨ ᠲᠡᠤᠬᠡ︾ ᠶᠢ ᠤᠶᠢᠷ᠎ᠡ ᠳᠤ ᠡᠷᠳᠡᠨ ᠤ ᠲᠤᠯᠭᠤᠷ ᠪᠢᠴᠢᠭ ᠤᠨ ᠬᠡᠪᠯᠡᠯ ᠤᠨ ᠬᠤᠷᠢᠶ᠎ᠡ ᠠᠴᠠ ᠬᠡᠪᠯᠡᠭᠦᠯᠪᠡ᠃
         ︽ᠰᠢᠨ᠎ᠡ ᠶᠤᠸᠡᠨ ᠤᠯᠤᠰ ᠤᠨ ᠲᠡᠤᠬᠡ︾ ᠪᠤᠯ ︽ᠶᠤᠸᠡᠨ ᠤᠯᠤᠰ ᠤᠨ ᠲᠡᠤᠬᠡ︾ ᠶᠢᠨ ᠰᠠᠭᠤᠷᠢ ᠲᠡᠭᠡᠷ᠎ᠡ ᠪᠤᠢ ᠪᠤᠯᠤᠭᠰᠠᠨ ᠶᠤᠮ᠃ ᠲᠡᠮᠲᠡᠭᠯᠡᠯ ᠢ ᠦᠨᠳᠦᠰᠤᠯᠡᠪᠡᠯ᠂ ᠮᠢᠩ ᠤᠯᠤᠰ ᠤᠨ ᠦᠶ᠎ᠡ ᠳᠤ ︽ᠶᠤᠸᠡᠨ ᠤᠯᠤᠰ ᠤᠨ ᠲᠡᠤᠬᠡ︾ ᠶᠢ ᠨᠠᠶᠢᠷᠠᠭᠤᠯᠬᠤ ᠳᠤ ᠤᠷᠤᠯᠴᠠᠭᠰᠠᠨ ᠬᠦᠮᠦᠨ ᠨᠢ ᠮᠤᠩᠭᠤᠯ ᠦᠭᠡ ᠰᠠᠶᠢᠨ ᠮᠡᠳᠡᠬᠦ ᠦᠭᠡᠢ᠂ ᠶᠤᠸᠡᠨ ᠤᠯᠤᠰ ᠤᠨ ᠪᠢᠴᠢᠭ ᠰᠤᠳᠤᠷ᠂ ᠬᠠᠤᠯᠢ ᠴᠠᠭᠠᠵᠠ᠂ ᠲᠡᠤᠬᠡ ᠶᠢᠨ ᠲᠤᠷᠡᠰᠬᠠᠯᠳᠤ ᠵᠦᠢᠯᠡᠰ ᠢ ᠲᠡᠮᠢ ᠤᠶᠢᠯᠠᠭᠠᠬᠤ ᠦᠭᠡᠢ᠂ ᠠᠵᠢᠯ ᠨᠢ ᠠᠯᠠᠩ ᠰᠠᠯᠠᠩ ᠪᠠᠶᠢᠭᠰᠠᠨ ᠤᠴᠢᠷ ᠠᠴᠠ ᠮᠠᠰᠢ ᠤᠯᠠᠨ ᠠᠯᠳᠠᠭ᠎ᠠ ᠲᠠᠰᠢᠶ᠎ᠠ ᠭᠠᠷᠭᠠᠪᠠ᠃ ︽ᠶᠤᠸᠡᠨ ᠤᠯᠤᠰ ᠤᠨ ᠲᠡᠤᠬᠡ︾ ᠬᠡᠪᠯᠡᠭᠳᠡᠮᠡᠭᠴᠡ ᠬᠦᠮᠦᠰ ᠲᠤ ᠵᠢᠮᠡᠯᠡᠭᠳᠡᠪᠡ᠃ ᠴᠢᠩ ᠤᠯᠤᠰ ᠲᠤ ᠤᠷᠤᠭᠰᠠᠨ ᠤ ᠲᠡᠷᠠᠭ᠎ᠠ᠂ ᠡᠷᠳᠡᠮᠳᠡᠳ ᠲᠡᠰᠤᠷᠡᠯᠳᠠ ᠦᠭᠡᠢ ᠨᠦᠬᠦᠪᠦᠷᠢᠯᠡᠵᠤ᠂ ᠶᠤᠸᠡᠨ ᠤ ᠲᠡᠤᠬᠡ ᠶᠢ ᠰᠢᠨᠵᠢᠯᠡᠨ ᠨᠤᠳᠠᠯᠠᠵᠤ ᠡᠬᠢᠯᠡᠪᠡ᠃ ᠺᠧ ᠱᠤᠤ ᠮᠢᠨ ᠤ ︽ᠰᠢᠨ᠎ᠡ ᠶᠤᠸᠡᠨ ᠤᠯᠤᠰ ᠤᠨ ᠲᠡᠤᠬᠡ︾ ᠪᠤᠯ ᠲᠡᠳᠡᠭᠡᠷ ᠪᠦᠳᠦᠮᠵᠢ ᠶᠢᠨ ᠶᠡᠭᠡ ᠬᠤᠷᠢᠶᠠᠩᠭᠤᠢ ᠮᠦᠨ᠃ ᠺᠧ ᠱᠤᠤ ᠮᠢᠨ᠂ ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠠᠷᠪᠠᠨ ᠬᠤᠶᠠᠷ ᠤᠨ ᠤ ᠤᠷᠤᠭᠰᠠᠳ᠂ ᠴᠢᠩ ᠤᠯᠤᠰ ᠤᠨ ᠲᠡᠤᠬᠡ ᠪᠢᠴᠢᠯᠭᠡ ᠶᠢᠨ ᠤᠷᠳᠤᠨ ᠤ ᠶᠡᠷᠦᠩᠬᠡᠢ ᠨᠠᠶᠢᠷᠠᠭᠤᠯᠤᠭᠴᠢ ᠮᠦᠨ᠃          ᠨᠤᠳᠠᠯᠠᠯ ᠢ ᠦᠨᠳᠦᠰᠦᠯᠡᠪᠡᠯ᠂ ᠺᠧ ᠱᠤᠤ ᠮᠢᠨ ᠡᠨᠡ ᠨᠤᠮ ᠢ ᠪᠢᠴᠢᠬᠦ ᠳᠤ ᠪᠠᠨ ᠨᠠᠶᠮᠠᠨ ᠮᠢᠩᠭᠠᠨ ᠪᠤᠳᠢ ᠪᠦᠬᠦᠢ ︽ᠶᠦᠩᠯᠦ ᠶᠡᠭᠡ ᠲᠤᠯᠢ︾ ᠶᠢ ᠤᠯᠠᠨᠳᠠ ᠤᠷᠪᠠᠭᠤᠯᠵᠤ᠂ ᠪᠠᠰᠠ ᠦᠷᠦᠨᠡᠳᠠᠬᠢᠨ ᠤ ᠲᠡᠤᠬᠡ ᠶᠢᠨ ᠮᠠᠲ᠋ᠧᠷᠢᠶᠠᠯ ᠪᠠ ᠴᠢᠩ ᠤᠯᠤᠰ ᠤᠨ ᠴᠢᠶᠠᠨ ᠳ᠋ᠠ ᠰᠢᠨ ︵钱大忻︶ ᠠᠴᠠ ᠨᠠᠭᠠᠰᠢᠬᠢ ᠤᠯᠠᠨ ᠡᠷᠳᠡᠮᠳᠡᠨ ᠤ ︽ᠶᠤᠸᠡᠨ ᠤᠯᠤᠰ ᠤᠨ ᠲᠡᠤᠬᠡ︾ ᠶᠢᠨ ᠰᠤᠳᠤᠯᠤᠯ ᠤᠨ ᠦᠷ᠎ᠡ ᠪᠦᠳᠦᠭᠡᠯ ᠢ ᠯᠠᠪᠯᠠᠯᠳᠠ ᠪᠤᠯᠭᠠᠪᠠ᠃ ︽ᠰᠢᠨ᠎ᠡ ᠶᠤᠸᠡᠨ ᠤᠯᠤᠰ ᠤᠨ ᠲᠡᠤᠬᠡ︾ ᠨᠠᠶᠢᠳᠡ 257 ᠪᠤᠳᠢ ᠲᠠᠢ᠂ 20 ᠳ᠋ᠤᠭᠠᠷ ᠵᠠᠭᠤᠨ ᠤ ᠡᠬᠢᠨ ᠳᠤ ᠨᠢᠭᠡᠨᠳᠡ ᠨᠠᠶᠢᠷᠠᠭᠤᠯᠵᠤ ᠲᠠᠭᠤᠰᠬᠠᠪᠠ᠃ ︽ᠰᠢᠨ᠎ᠡ ᠶᠤᠸᠡᠨ ᠤᠯᠤᠰ ᠤᠨ ᠲᠡᠤᠬᠡ︾ ᠶᠢᠨ ᠬᠠᠮᠤᠭ ᠡᠷᠳᠡᠨ ᠤ ᠪᠠᠷ ᠬᠡᠪᠯᠡᠯ - ᠬᠤᠷᠭᠤᠯᠵᠢᠨ ᠪᠠᠷ ᠢ 1917 ᠤᠨ ᠳᠤ ᠬᠡᠪᠯᠡᠭᠦᠯᠪᠡ᠃ ᠬᠤᠷᠭᠤᠯᠵᠢᠨ ᠪᠠᠷ ᠤᠨ ᠲᠡᠷᠠᠭ᠎ᠠ᠂ ᠪᠠᠰᠠ 1920 ᠤᠨ ᠤ ᠲᠦᠢ ᠭᠧᠩ ᠲᠡᠩ ᠤᠨ ᠰᠡᠶᠢᠯᠦᠮᠡᠯ ᠪᠠᠷ᠂ ᠵᠢᠴᠢ ᠴᠠᠭᠠᠨ ᠮᠤᠷᠢᠨ ᠵᠢᠯ ᠤᠨ ᠵᠠᠰᠠᠪᠦᠷᠢ ᠤᠷᠤᠭᠤᠯᠤᠭᠰᠠᠨ ᠲᠡᠪᠳᠡᠷ ᠪᠤᠢ ᠃ ᠴᠠᠭᠠᠨ ᠮᠤᠷᠢᠨ ᠵᠢᠯ ᠤᠨ ᠲᠡᠪᠳᠡᠷ ᠨᠢ ᠲᠦᠢ ᠭᠧᠩ ᠲᠠᠩ ᠤᠨ ᠲᠡᠪᠳᠡᠷ ᠲᠤ ᠨᠡᠯᠢᠶᠡᠳ ᠠᠷᠪᠢᠨ ᠨᠡᠮᠡᠯᠳᠡ᠂ ᠵᠠᠰᠠᠪᠤᠷᠢ ᠤᠷᠭᠤᠯᠤᠭᠰᠠᠨ ᠢᠶᠠᠷ᠂ ᠶᠡᠷᠦᠩᠬᠡᠢ ᠲᠡᠭᠡᠷ᠎ᠡ ᠪᠠᠨ ᠡᠮᠦᠨᠡᠬᠢ ᠠᠴᠠ ᠪᠠᠨ ᠰᠠᠶᠢᠨ ᠪᠤᠯᠪᠠ᠃ ᠲᠡᠭᠦᠨ ᠤ ᠲᠡᠷᠠᠭ᠎ᠠ᠂ ᠺᠠᠢ ᠮᠢᠩ ᠨᠤᠮ ᠤᠨ ᠲᠡᠯᠭᠡᠭᠦᠷ ᠠᠴᠠ ︽ᠬᠤᠷᠢᠨ ᠲᠠᠪᠤᠨ ᠲᠡᠤᠬᠡ︾ ᠶᠢ ᠬᠡᠪᠯᠡᠭᠦᠯᠬᠦ ᠳᠤ ᠪᠠᠨ ︽ᠰᠢᠨ᠎ᠡ ᠶᠤᠸᠡᠨ ᠤᠯᠤᠰ ᠤᠨ ᠲᠡᠤᠬᠡ︾ ᠶᠢ ᠪᠡᠰᠡ ᠬᠤᠷᠢᠶᠠᠨ ᠤᠷᠤᠭᠤᠯᠵᠡᠢ᠃ ᠤᠤᠷ ᠰᠤᠶᠤᠯ ᠤᠨ ᠶᠡᠭᠡ ᠪᠠᠭᠰᠢᠳᠠᠨ ᠵᠠᠩ ᠲᠠᠢ ᠶᠠᠨ ︵章太炎︶ ᠪᠠᠷ ᠲᠤᠰ ᠨᠤᠮ ᠢ ᠦᠨᠡᠯᠡᠬᠦ ᠳᠤ ᠪᠠᠨ᠄ ︽ᠺᠧ ᠶᠢᠨ ᠨᠤᠮ ᠪᠠᠶᠠᠯᠢᠭ ᠠᠭᠤᠯᠭ᠎ᠠ ᠲᠠᠢ᠂ ᠬᠠᠭᠤᠴᠢᠨ ᠲᠡᠤᠬᠡ ᠠᠴᠠ ᠰᠢᠯᠢᠳᠡᠭ᠂ ᠲᠦᠪ ᠲᠡᠤᠬᠡᠨ ᠳᠤ ᠤᠷᠤᠭᠤᠯᠬᠤ ᠳᠤ ᠲᠤᠯᠢᠳᠠᠬᠤ ᠦᠭᠡᠢ︾ ᠭᠡᠪᠡ᠃        ᠡᠨᠡ ᠤᠳᠠᠭ᠎ᠠ ᠬᠡᠪᠯᠡᠭᠦᠯᠦᠭᠰᠠᠨ ᠡᠮᠬᠢᠳᠭᠡᠯ ᠪᠠᠷ ︽ᠰᠢᠨ᠎ᠡ ᠶᠤᠸᠡᠨ ᠤᠯᠤᠰ ᠤᠨ ᠲᠡᠤᠬᠡ︾ ᠪᠤᠯ ᠲᠤᠰ ᠨᠤᠮ ᠤᠨ ᠠᠩᠬᠠᠳᠠᠭᠴᠢ ᠲᠤᠯᠭᠠᠨ ᠬᠠᠷᠭᠤᠭᠤᠯᠤᠭᠰᠠᠨ ᠲᠡᠪᠳᠡᠷ ᠪᠤᠯᠤᠨ᠎ᠠ᠃ ᠲᠡᠷᠡ ᠨᠢ ᠴᠠᠭᠠᠨ ᠮᠤᠷᠢᠨ ᠵᠢᠯ ᠤᠨ ᠵᠠᠰᠠᠪᠤᠷᠢ ᠤᠷᠤᠭᠤᠯᠤᠭᠰᠠᠨ ᠲᠡᠪᠳᠡᠷ ᠢᠶᠠᠷ ᠡᠬᠡ ᠲᠡᠪᠳᠡᠷ ᠪᠤᠯᠭᠠᠵᠤ᠂ ᠲᠦᠢ ᠭᠧᠩ ᠲᠠᠩ ᠤᠨ ᠰᠠᠶᠢᠯᠦᠮᠡᠯ ᠲᠡᠪᠳᠡᠷ ᠢᠶᠠᠷ ᠬᠠᠷᠭᠤᠭᠤᠯᠬᠤ ᠲᠡᠪᠳᠡᠷ ᠪᠤᠯᠭᠠᠵᠤ᠂ ︽ᠶᠤᠸᠡᠨ ᠤᠯᠤᠰ ᠤᠨ ᠲᠡᠤᠬᠡ︾᠂ ︽ᠲᠤᠯᠭᠤᠷ ᠪᠢᠴᠢᠭ ᠤᠨ ᠨᠡᠪᠳᠡᠷᠬᠡᠢ ᠰᠢᠨᠵᠢᠯᠠᠯ ᠤᠨ ᠦᠷᠭᠦᠯᠵᠢᠯᠡᠯ︾᠂ ᠶᠤᠸᠡᠨ ᠤᠯᠤᠰ ᠤᠨ ᠬᠦᠮᠦᠰ ᠤᠨ ᠬᠦᠰᠢᠶ᠎ᠡ ᠨᠠᠮᠳᠠᠷ᠂ ᠵᠤᠬᠢᠶᠠᠯ ᠤᠨ ᠴᠢᠭᠤᠯᠭᠤᠨ ᠵᠡᠷᠭᠡ ᠶᠢ ᠯᠠᠪᠯᠠᠯᠳᠠ ᠪᠤᠯᠭᠠᠵᠤ᠂ ᠠᠳᠠᠯᠢ ᠪᠤᠰᠤ ᠵᠦᠢᠯ ᠬᠠᠷᠭᠤᠪᠠᠯ᠂ ︽ᠰᠢᠨ᠎ᠡ ᠶᠤᠸᠡᠨ ᠤᠯᠤᠰ ᠤᠨ ᠲᠡᠤᠬᠡ︾ ᠳᠤ ᠢᠯᠡᠳᠳᠡ ᠪᠤᠷᠤᠭᠤᠳᠠᠭᠰᠠᠨ ᠪᠤᠯ ᠦᠰᠦᠭ ᠪᠢᠴᠢᠭ ᠢ ᠨᠢ ᠵᠤᠬᠢᠰᠲᠡᠢ ᠵᠠᠯᠠᠷᠠᠭᠤᠯᠵᠤ᠂ ᠡᠰᠡ ᠪᠤᠯ ᠦᠯᠦ ᠵᠠᠰᠠᠯᠳᠠ ᠬᠢᠵᠤ᠂ ᠠᠯᠢ ᠴᠢᠳᠠᠬᠤ ᠪᠠᠷ ︽ᠰᠢᠨ᠎ᠡ ᠶᠤᠸᠡᠨ ᠤᠯᠤᠰ ᠤᠨ ᠲᠡᠤᠬᠡ︾ ᠶᠢᠨ ᠤᠭ ᠲᠦᠷᠰᠦ ᠶᠢ ᠬᠠᠳᠠᠭᠠᠯᠠᠪᠠ᠃ ︵ᠬᠢᠳᠠᠳ ︽ᠵᠤᠬᠢᠶᠠᠯ ᠰᠢᠭᠦᠮᠡᠭ ᠰᠤᠨᠢᠨ︾ ᠠᠴᠠ ᠶᠤᠨᠳᠤᠨ ᠨᠠᠶᠢᠷᠠᠭᠤᠯᠤᠨ ᠤᠷᠴᠢᠭᠤᠯᠪᠠ︶
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号