ᠰᠠᠮᠳᠠᠨ
ᠨᠡᠶᠢᠲᠡᠯᠡᠭᠰᠡᠨ ᠴᠠᠭ᠄
2020/4/26
    ᠰᠠᠮᠳᠠᠨ ︵1918~ 1970 ᠣᠨ︶᠂ ᠴᠠᠬᠠᠷ ᠰᠢᠯᠣᠭᠤᠨ ᠬᠥᠬᠡ ᠬᠤᠰᠢᠭᠤᠨ ᠤ ᠬᠤᠶᠠᠳᠣᠭᠠᠷ ᠰᠣᠮᠣᠨ  ᠤ ᠮᠠᠯᠴᠢᠨ ᠶᠣᠮ᠃ ᠲᠡᠷᠡ ᠬᠠᠷᠠᠬᠠᠨ ᠪᠠᠭ᠎ᠠ ᠨᠠᠰᠣᠨ ᠠᠴᠠ ᠪᠠᠨ ᠠᠪᠤ ᠡᠵᠢ ᠪᠠᠨ ᠳᠠᠭᠠᠵᠤ ᠬᠥᠳᠡᠯᠮᠦᠷᠢ ᠶᠢᠨ ᠳᠣᠮᠳᠠ ᠥᠰᠦᠨ ᠪᠣᠶᠢᠵᠢᠭᠰᠠᠨ ᠪᠣᠯᠬᠤᠷ ᠬᠥᠳᠡᠯᠮᠦᠷᠢ ᠶᠢ ᠬᠠᠶᠢᠷᠠᠯᠠᠬᠤ᠂ ᠬᠥᠳᠡᠯᠮᠦᠷᠢᠴᠢᠨ ᠠᠷᠠᠳ ᠲᠥᠮᠡᠨ ᠢᠶᠠᠨ ᠬᠠᠶᠢᠷᠠᠯᠠᠬᠤ ᠡᠷᠬᠢᠮ ᠨᠠᠨᠳᠢᠨ ᠰᠣᠷᠲᠠᠯ ᠢᠶᠠᠷ ᠬᠦᠮᠦᠵᠢᠭᠳᠡᠵᠡᠢ᠃ ᠬᠤᠲᠠ ᠣᠰᠣᠨ ᠤ ᠪᠠᠨ ᠠᠬᠠᠮᠠᠳ ᠨᠠᠰᠣᠲᠠᠨ ᠢ ᠬᠥᠨᠲᠦᠳᠭᠡᠨ ᠬᠠᠯᠠᠮᠵᠢᠯᠠᠵᠤ ᠠᠬ᠎ᠠ ᠳᠡᠭᠦᠦ ᠨᠠᠷ ᠢᠶᠠᠨ ᠳᠡᠮᠵᠢᠨ ᠳᠣᠰᠠᠯᠠᠳᠠᠭ ᠣᠴᠢᠷ ᠰᠠᠶᠢᠨ ᠵᠠᠯᠠᠭᠤ ᠬᠡᠮᠡᠨ ᠮᠠᠭᠲᠠᠳᠠᠭ ᠠᠵᠢ᠃     ᠰᠠᠮᠳᠠᠨ 1938 ᠣᠨ ᠳᠤ ᠬᠦᠮᠦᠨ ᠤ ᠣᠷᠣᠨ ᠳᠤ ᠬᠠᠭᠤᠴᠢᠨ ︵ᠶᠠᠫᠣᠨ ᠤ ᠦᠶ᠎ᠡ︶ ᠴᠡᠷᠢᠭ ᠲᠤ ᠪᠠᠷᠢᠭᠳᠠᠵᠤ ᠶᠠᠪᠣᠭᠠᠳ 6 ᠵᠢᠯ ᠰᠢᠬᠠᠮ ᠳᠠᠷᠣᠯᠠᠭᠳᠠᠵᠤ ᠮᠣᠷᠢ ᠲᠡᠵᠢᠭᠡᠬᠦ᠂ ᠳᠣᠭᠤᠭ᠎ᠠ ᠪᠠᠷᠢᠬᠤ ᠵᠡᠷᠭᠡ ᠠᠵᠢᠯ ᠢ ᠬᠢᠵᠦ ᠥᠩᠭᠡᠷᠡᠪᠡ᠃ 1945 ᠣᠨ ᠳᠤ ᠬᠤᠪᠢᠰᠬᠠᠯᠲᠤ ᠴᠡᠷᠢᠭ ᠲᠤ ᠮᠣᠷᠳᠠᠵᠤ ᠣᠷᠣᠨ ᠨᠣᠲᠤᠭ ᠢᠶᠠᠨ ᠴᠢᠯᠦᠭᠡᠯᠡᠬᠦ ᠳᠠᠶᠢᠨ ᠳᠤ ᠭᠠᠷᠮᠠᠭᠠᠶᠢᠯᠠᠨ ᠣᠷᠣᠯᠴᠠᠵᠤ ᠨᠢᠭᠡᠨ ᠣᠳᠠᠭᠠᠨ ᠤ ᠳᠡᠭᠡᠷᠡᠮ ᠢ ᠨᠡᠬᠡᠮᠵᠢᠯᠡᠨ ᠣᠰᠠᠳᠬᠠᠬᠤ ᠵᠠᠮ ᠳᠠᠭᠠᠨ ᠬᠦᠨᠳᠦ ᠡᠪᠡᠳᠴᠢᠯᠡᠭᠡᠳ ᠠᠷᠭ᠎ᠠ ᠪᠣᠰᠤ ᠭᠡᠷ ᠨᠣᠲᠤᠭ ᠲᠠᠭᠠᠨ ᠪᠣᠴᠠᠵᠤ ᠡᠪᠡᠳᠴᠢᠨ ᠢᠶᠠᠨ ᠰᠣᠪᠢᠯᠠᠪᠠ᠃ 1948 ᠣᠨ ᠤ ᠬᠤᠶᠠᠳᠣᠭᠠᠷ ᠰᠠᠷ᠎ᠠ ᠳᠤ ᠰᠢᠯᠣᠭᠤᠨ ᠬᠥᠬᠡ ᠬᠤᠰᠢᠭᠤᠨ ᠤ ᠬᠤᠶᠠᠳᠣᠭᠠᠷ ᠰᠣᠮᠣᠨ ᠤ ᠮᠠᠯᠴᠢᠳ ᠤᠨ ᠬᠤᠷᠠᠯ  ᠤᠨ ᠭᠤᠣᠯ ᠬᠦᠴᠦᠨ ᠤ ᠪᠣᠯᠪᠠᠰᠣᠷᠠᠯ ᠳᠤ ᠣᠷᠣᠯᠴᠠᠵᠤ ᠲᠣᠰ ᠰᠣᠮᠣᠨ ᠳᠠᠭᠠᠨ ᠮᠠᠯᠴᠢᠳ ᠤᠨ ᠬᠤᠷᠠᠯ ᠤᠨ ᠡᠷᠬᠢᠯᠡᠭᠴᠢ ᠪᠠᠷ ᠲᠣᠮᠢᠯᠠᠭᠳᠠᠭᠰᠠᠨ ᠪᠢᠯᠡ᠃ ᠰᠠᠮᠳᠠᠨ ᠮᠠᠯ ᠠᠵᠤ ᠠᠬᠤᠢ ᠶᠢᠨ ᠹᠷᠣᠨᠲ ᠲᠤ ᠭᠠᠪᠰᠢᠭᠠᠶᠢᠯᠠᠵᠤ ᠮᠠᠯ  ᠢᠶᠠᠨ ᠥᠨᠢᠷ ᠥᠰᠭᠡᠨ ᠦᠷᠡᠵᠢᠭᠦᠯᠬᠦ ᠳᠤ ᠵᠢᠳᠬᠦᠯ ᠦᠵᠡᠭᠦᠯᠦᠭᠰᠡᠨ ᠣᠴᠢᠷ ᠡᠷᠦᠬᠡ ᠶᠢᠨ ᠴᠡᠷᠢᠭ ᠤᠨ ᠰᠢᠯᠢᠳᠡᠭ ᠺᠠᠳ᠋ᠷ᠂ ᠬᠥᠳᠡᠯᠮᠦᠷᠢ ᠶᠢᠨ ᠵᠢᠱᠢᠶᠡᠴᠢ ᠪᠠᠷ ᠰᠣᠩᠭᠤᠭᠳᠠᠵᠠᠢ᠃     1949 ᠣᠨ ᠤ ᠨᠢᠭᠡ ᠯᠡ ᠵᠢᠯ ᠳᠤ ᠮᠠᠯ ᠤᠨ ᠳᠠᠶᠢᠰᠣᠨ ᠴᠢᠨ᠋ᠸ᠎ᠠ ᠶᠢ 170 ᠠᠯᠠᠵᠤ ᠣᠯᠠᠨ ᠮᠠᠯᠴᠢᠳ ᠤᠨ ᠬᠠᠯᠠᠭᠤᠨ ᠬᠦᠷᠢᠶᠡᠯᠡᠯ ᠢ ᠣᠯᠵᠤ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠪᠠᠷ ᠰᠣᠩᠭᠤᠭᠳᠠᠵᠤ ᠪᠡᠭᠡᠵᠢᠩ ᠳᠤ ᠣᠴᠢᠵᠤ ᠲᠡᠷᠢᠭᠦᠯᠡᠭᠴᠢ ᠮᠠᠤ ᠽᠧ ᠳ᠋ᠦᠩ ᠲᠠᠢ ᠵᠣᠯ ᠵᠢᠷᠭᠠᠯ ᠲᠠᠢ ᠪᠠᠷ ᠵᠣᠯᠭᠠᠵᠠᠢ᠃     ᠠᠯᠲᠠᠨ ᠣᠳᠣᠨ ᠢᠶᠠᠷ ᠡᠩᠭᠡᠷ ᠢᠶᠠᠨ ᠴᠢᠮᠡᠵᠦ ᠠᠩᠴᠢᠨ ᠠᠯᠳᠠᠷ ᠢᠶᠠᠷ ᠲᠥᠮᠡᠨ ᠳᠡᠭᠡᠨ ᠠᠯᠳᠠᠷᠰᠢᠭᠰᠠᠨ ᠰᠠᠮᠳᠠᠨ ᠤ ᠭᠠᠪᠢᠶ᠎ᠠ ᠵᠢᠳᠬᠦᠯ ᠮᠠᠯᠴᠢᠨ ᠲᠥᠮᠡᠨ᠂ ᠮᠠᠩᠬᠠᠨ ᠨᠣᠲᠤᠭ ᠲᠠᠭᠠᠨ ᠳᠠᠭᠤᠷᠢᠰᠣᠭᠰᠠᠭᠠᠷ ᠪᠠᠶᠢᠨ᠎ᠠ᠃     ︽ᠰᠣᠶᠣᠯ ᠤᠨ ᠶᠡᠭᠡ ᠬᠤᠪᠢᠰᠬᠠᠯ︾ ᠳᠣᠮᠳᠠ ᠡᠯᠳᠡᠪ ᠵᠦᠢᠯ ᠤᠨ ᠬᠡᠷᠡᠭ ᠳᠣᠬᠤᠵᠤ ᠪᠡᠶ᠎ᠡ ᠮᠠᠬᠠᠪᠣᠳ ᠤᠨ ᠡᠷᠡᠭᠦᠯ ᠮᠡᠨᠳᠦ ᠳᠤ ᠲᠠᠮᠣᠯᠠᠯ ᠲᠠᠷᠴᠢᠯᠠᠭᠠᠯ ᠦᠵᠡᠭᠦᠯᠵᠦ ᠲᠡᠮᠡᠴᠡᠭᠰᠡᠨ ᠢᠶᠠᠷ 1970 ᠣᠨ ᠳᠤ ᠬᠤᠪᠢᠰᠬᠠᠯᠲᠤ ᠴᠡᠷᠢᠭ ᠲᠤ ᠮᠣᠷᠲᠠᠵᠤ᠂ ᠬᠠᠮᠲᠤ ᠶᠢᠨ ᠲᠥᠯᠦᠭᠡ ᠨᠢᠭᠡ ᠨᠠᠰᠤ ᠪᠠᠷ ᠢᠶᠠᠨ ᠵᠢᠳᠬᠦᠵᠦ ᠶᠠᠪᠣᠭᠰᠠᠨ ᠮᠠᠯᠴᠢᠨ ᠰᠠᠮᠳᠠᠨ ᠬᠤᠣᠷᠯᠠᠭᠳᠠᠵᠤ᠂ ᠵᠠᠪᠰᠢᠶᠠᠨ ᠪᠣᠰᠤ ᠬᠥᠳᠡᠭᠡ ᠮᠠᠩᠬᠠᠨ ᠬᠤᠩᠬᠤᠷ ᠲᠤ ᠦᠬᠦᠵᠦ ᠠᠮᠢᠳᠤ ᠶᠢᠷᠲᠢᠨᠴᠦ ᠠᠴᠠ ᠠᠩᠭᠢᠵᠢᠷᠠᠵᠤ ᠪᠢᠯᠡ᠃     ᠰᠠᠮᠳᠠᠨ ᠳᠤ 1979 ᠣᠨ ᠳᠤ ᠵᠢᠭᠠᠰᠣᠲᠠᠢ ᠰᠣᠮᠣᠨ ᠤ ᠨᠠᠮ ᠤᠨ ᠬᠤᠷᠢᠶ᠎ᠠ᠂ ᠬᠤᠪᠢᠰᠬᠠᠯ ᠤᠨ ᠵᠥᠪᠯᠡᠯ᠂ ᠬᠢᠯᠢᠰ ᠢ ᠨᠢ ᠵᠠᠯᠠᠷᠠᠭᠤᠯᠣᠨ ᠲᠣᠶᠢᠯᠪᠣᠷᠢᠲᠠᠢ ᠴᠠᠭᠠᠳᠬᠠᠯ ᠬᠢᠵᠦ᠂ ᠣᠯᠣᠰ ᠲᠥᠷᠦ ᠶᠢᠨ ᠨᠡᠷ᠎ᠡ ᠬᠥᠨᠳᠦ ᠶᠢ ᠨᠢ ᠰᠡᠷᠭᠦᠭᠡᠪᠡ᠃     ᠰᠠᠮᠳᠠᠨ᠂ 1997 ᠣᠨ ᠳᠤ ︽ᠰᠢᠯᠣᠭᠤᠨ ᠬᠥᠬᠡ ᠬᠤᠰᠢᠭᠤᠨ ᠤ ᠮᠠᠯ ᠠᠵᠤ ᠠᠬᠤᠢ ᠶᠢᠨ ᠲᠡᠮᠳᠡᠭᠯᠡᠯ︾  ᠳᠤ ᠲᠡᠮᠳᠡᠭᠯᠡᠭᠳᠡᠵᠡᠢ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号