ᠠᠯᠳᠠᠩᠬᠤᠸ᠎ᠠ ᠴᠡᠴᠡᠭ ᠠᠯᠤᠰ ᠤᠨ ᠵᠤᠴᠢᠳ ᠢᠶᠠᠨ ᠪᠠᠶᠠᠷᠯᠠᠨ ᠤᠭᠳᠤᠵᠤ ᠪᠠᠶᠢᠨ᠎ᠠ
ᠨᠡᠶᠢᠲᠡᠯᠡᠭᠰᠡᠨ ᠴᠠᠭ᠄
2024/7/19
          ᠵᠢᠯ ᠪᠦᠷᠢ ᠶᠢᠨ 7 ᠰᠠᠷ᠎ᠠ ᠶᠢᠨ ᠦᠶᠡᠰ ᠢᠶᠠᠷ᠂ ᠰᠢᠯᠤᠭᠤᠨ ᠬᠥᠬᠡ ᠬᠤᠰᠢᠭᠤᠨ ᠤ ᠰᠢᠷ᠎ᠠ ᠲᠠᠯ᠎ᠠ ᠳᠤ ᠠᠯᠳᠠᠩᠬᠤᠸ᠎ᠠ ᠴᠡᠴᠡᠭ ᠪᠠᠳᠠᠷᠠᠨ ᠳᠡᠯᠭᠡᠷᠡᠵᠤ᠂ ᠲᠦᠷᠪᠡᠨ ᠵᠦᠪ ᠨᠠᠢᠮᠠᠨ ᠵᠤᠪᠬᠢᠰ ᠤᠨ ᠵᠤᠭᠠᠴᠠᠭᠰᠠᠳ ᠰᠢᠵᠢᠷ ᠬᠢᠯᠪᠠᠭᠠᠳᠤ ᠴᠡᠴᠡᠭᠡᠰ ᠤᠨ ᠳᠠᠯᠠᠢ ᠶᠢ ᠰᠤᠨᠢᠷᠬᠠᠬᠤ ᠪᠠᠷ ᠠᠳᠡ ᠬᠦᠷᠦᠯᠴᠡᠨ ᠢᠷᠡᠳᠡᠭ᠃         ᠣᠶᠢᠷ᠎ᠠ ᠳᠤ᠂ ᠰᠤᠷᠪᠤᠯᠵᠢᠯᠠᠭᠴᠢ ᠶᠢ ᠥᠪᠥᠷ ᠮᠣᠩᠭᠤᠯ ᠤᠨ ᠴᠣᠷ ᠤᠨ ᠭᠠᠭᠴᠠ ᠳᠡᠯᠡᠬᠡᠶ ᠶᠢᠨ ᠰᠣᠶᠣᠯ  ᠤᠨ ᠥᠪ ᠪᠤᠯᠬᠤ ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠪᠠᠷ ᠬᠦᠷᠬᠦ ᠳᠤ᠂ ᠠᠯᠲᠠᠨ ᠰᠢᠷᠭᠠᠯ ᠴᠡᠴᠡᠭᠡᠰ ᠤᠨ ᠳᠠᠯᠠᠢ ᠤᠷᠢᠬᠠᠨ ᠰᠠᠯᠬᠢᠨ ᠤ ᠠᠶᠠᠰ ᠢᠶᠠᠷ ᠰᠢᠵᠢᠷᠳᠦᠨ ᠲᠤᠯᠬᠢᠶᠠᠯᠠᠵᠤ᠂ ᠬᠥᠬᠡ ᠲᠩᠷᠢ ᠬᠥᠪᠥᠩ ᠡᠭᠦᠯᠡ ᠨᠣᠮᠢᠨ ᠳᠠᠩᠰᠤᠭ ᠪᠠᠶᠢᠭᠠᠯᠢ ᠲᠠᠢ ᠥᠩᠭᠡ ᠢᠯᠭᠠᠷᠠᠨ ᠪᠠᠶᠢᠯ᠎ᠠ᠃ ᠤᠶᠢᠷᠠᠳᠤᠨ ᠤᠴᠢᠪᠠᠯ ᠠᠯᠳᠠᠩᠬᠤᠸ᠎ᠠ ᠴᠡᠴᠡᠭ ᠤᠨ ᠠᠩᠬᠢᠯᠤᠮ᠎ᠠ ᠦᠨᠦᠷ ᠬᠠᠩᠬᠤᠯᠵᠤ᠂ ᠠᠶᠢᠯᠴᠢᠯᠠᠷ᠎ᠠ ᠢᠷᠡᠭᠰᠡᠨ ᠵᠤᠭᠠᠴᠠᠭᠰᠠᠳ ᠨᠢᠭᠡᠪᠦᠷᠢ ᠶᠢ ᠡᠬᠡ ᠪᠠᠶᠢᠭᠠᠯᠢ ᠶᠢᠨ ᠷᠢᠳᠢ ᠰᠢᠳᠢ ᠳᠤ ᠰᠤᠭᠳᠤᠭᠤᠷᠠᠭᠤᠯᠤᠨ᠎ᠠ᠃        ᠭᠠᠳᠠᠨ᠎ᠠ ᠳᠤᠳᠤᠨ᠎ᠠ ᠶᠢᠨ ᠵᠤᠭᠠᠴᠠᠭᠰᠠᠳ ᠴᠡᠴᠡᠭ ᠤᠨ ᠲᠡᠯᠡᠶ ᠪᠠᠷ ᠰᠡᠯᠡᠭᠦᠴᠡᠨ ᠠᠯᠬᠤᠵᠤ᠂ ᠲᠠᠯ᠎ᠠ ᠨᠤᠲᠤᠭ ᠤᠨ ᠥᠷᠭᠡᠨ ᠠᠭᠤᠳᠠᠮ ᠪᠤᠯᠤᠨ ᠪᠠᠶᠢᠭᠠᠯᠢ ᠶᠢᠨ ᠰᠤᠨᠢᠨ ᠭᠠᠶᠢᠬᠠᠮᠰᠢᠭ ᠢ ᠮᠡᠳᠡᠷᠡᠨ᠂ ᠭᠡᠷᠡᠯ ᠵᠢᠷᠤᠭ ᠤᠨ ᠮᠠᠰᠢᠨ ᠢᠶᠠᠨ ᠭᠠᠷᠭᠠᠨ ᠪᠠᠶᠢᠨ ᠳᠠᠬᠢᠨ ᠵᠢᠷᠤᠭᠯᠠᠵᠤ ᠪᠠᠶᠢᠯ᠎ᠠ᠃ ᠪᠡᠭᠡᠵᠢᠩ ᠠᠴᠠ ᠢᠷᠡᠭᠰᠡᠨ ᠵᠤᠤ ᠠᠪᠤᠭᠠᠢ᠄ ︽ᠪᠢ ᠠᠳᠡ ᠬᠤᠶᠠᠳᠤᠭᠠᠷ ᠤᠳᠠᠭ᠎ᠠ ᠢᠷᠡᠵᠦ ᠪᠠᠶᠢᠨ᠎ᠠ᠂ ᠨᠢᠳᠤᠨᠤᠨ ᠵᠤᠨ ᠢᠷᠡᠬᠦ ᠳᠤ ᠬᠡᠳᠦᠶᠢᠪᠡᠷ ᠴᠠᠭ ᠪᠠᠴᠢᠮ ᠪᠠᠶᠢᠭᠰᠠᠨ ᠪᠤᠯᠪᠠᠴᠤ ᠨᠠᠳᠠ ᠳᠤ ᠲᠤᠩ ᠰᠠᠶᠢᠬᠠᠨ ᠰᠠᠭᠤᠭᠳᠠᠯ ᠦᠭᠭᠦᠭᠰᠡᠨ ᠶᠤᠮ᠃ ᠳᠡᠭᠡᠭᠡᠳ ᠡᠨᠡ ᠤᠳᠠᠭ᠎ᠠ ᠠᠯᠳᠠᠩᠬᠤᠸ᠎ᠠ ᠴᠡᠴᠡᠭ ᠳᠡᠯᠭᠡᠷᠡᠭᠦ ᠦᠶ᠎ᠡ ᠪᠠᠷ ᠳᠠᠬᠢᠨ ᠢᠷᠡᠯ᠎ᠡ᠃ ᠠᠳᠡᠬᠢ ᠪᠠᠶᠢᠭᠠᠯᠢ ᠶᠢᠨ ᠣᠷᠴᠢᠨ ᠲᠣᠭᠤᠷᠢᠨ ᠮᠠᠰᠢ ᠰᠠᠶᠢᠬᠠᠨ᠂ ᠪᠠᠰᠠ ᠭᠦᠨ ᠵᠤᠵᠠᠭᠠᠨ ᠲᠡᠦᠬᠡ ᠰᠣᠶᠣᠯ ᠤᠨ ᠠᠭᠤᠯᠤᠭᠳᠠᠬᠤᠨ ᠲᠠᠢ᠃ ᠠᠳᠡ ᠢᠷᠡᠪᠡᠯ ᠰᠡᠳᠬᠢᠯ ᠰᠠᠨᠠᠭ᠎ᠠ ᠠᠭᠤᠵᠢᠷᠠᠵᠤ᠂ ᠡᠬᠡ ᠪᠠᠶᠢᠭᠠᠯᠢ ᠲᠠᠢ ᠨᠢᠭᠡ ᠴᠣᠭᠴᠠ ᠪᠤᠯᠤᠨ ᠠᠭᠤᠰᠬᠤ ᠪᠤᠯᠤᠨ᠎ᠠ᠃ ᠡᠬᠡ ᠪᠠᠶᠢᠭᠠᠯᠢ ᠶᠢᠨ ᠪᠣᠶ ᠪᠥᠬᠦᠶ ᠰᠠᠶᠢᠨ ᠰᠠᠶᠢᠬᠠᠨ ᠡᠨᠧᠷᠬᠢ ᠴᠦᠮ ᠪᠦᠷᠢᠳᠦᠭᠰᠡᠨ ᠭᠠᠵᠠᠷ ᠪᠠᠶᠢᠨ᠎ᠠ︾ ᠭᠡᠯ᠎ᠡ᠃        ᠵᠤᠭᠠᠴᠠᠭᠰᠠᠳ ᠲᠤ ᠤᠨᠴᠠᠯᠢᠭᠳᠤ ᠵᠢᠭᠤᠯᠴᠢᠯᠠᠯ ᠢ ᠪᠡᠶᠡᠴᠢᠯᠡᠨ ᠤᠶᠢᠯᠠᠭᠠᠭᠤᠯᠬᠤ ᠶᠢᠨ ᠲᠥᠯᠥᠭᠡ᠂ ᠰᠢᠯᠤᠭᠤᠨ ᠬᠥᠬᠡ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠨᠠᠷᠢᠨ ᠨᠢᠮᠪᠠᠶ ᠲᠦᠯᠦᠪᠵᠢᠬᠦᠯᠦᠨ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠦᠵᠡᠮᠵᠢ ᠶᠢᠨ ᠣᠷᠣᠨ ᠤ ᠦᠶᠯᠡᠴᠢᠯᠡᠭᠡᠨ ᠤ ᠲᠥᠬᠦᠭᠡᠷᠦᠮᠵᠢ ᠶᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠂ ᠵᠢᠭᠤᠯᠴᠢᠯᠠᠯ ᠤᠨ ᠦᠶᠯᠡᠳᠬᠦᠨ ᠢ ᠪᠠᠶᠠᠯᠢᠭᠵᠢᠭᠤᠯᠤᠨ᠂ ᠲᠡᠦᠬᠡ ᠰᠣᠶᠣᠯ  ᠤᠨ ᠠᠭᠤᠯᠤᠭᠳᠠᠬᠤᠨ ᠢ ᠭᠦᠨᠵᠡᠭᠡᠶ ᠠᠭᠤᠳᠠᠯᠵᠤ᠂ ᠣᠨᠴᠠᠯᠢᠭᠲᠤ ᠵᠢᠭᠤᠯᠴᠢᠯᠠᠯ ᠤᠨ ᠵᠠᠮ ᠱᠤᠭᠤᠮ ᠪᠠ ᠭᠤᠤᠯ ᠰᠡᠳᠦᠪᠲᠦ ᠠᠵᠢᠯᠯᠠᠭ᠎ᠠ ᠶᠢ ᠨᠡᠭᠡᠭᠡᠨ ᠬᠥᠭᠵᠢᠭᠦᠯᠵᠦ᠂ ᠠᠮᠢ ᠠᠬᠤᠶ ᠶᠢᠨ ᠬᠠᠮᠠᠭᠠᠯᠠᠯᠲᠠ ᠶᠢ ᠴᠢᠩᠭᠠᠳᠬᠠᠨ᠂ ᠳᠡᠭᠡᠳᠦ ᠲᠠᠰ ᠤᠨ᠂ ᠪᠥᠬᠦ ᠲᠠᠯ᠎ᠠ ᠶᠢᠨ᠂ ᠣᠯᠠᠨ ᠳᠠᠪᠬᠤᠷᠭ᠎ᠠ ᠶᠢᠨ ᠵᠢᠭᠤᠯᠴᠢᠯᠠᠯ ᠰᠡᠯᠡᠭᠦᠴᠡᠯ ᠢ ᠪᠡᠶᠡᠴᠢᠯᠡᠨ ᠣᠶᠢᠯᠠᠭᠠᠬᠤ ᠨᠦᠬᠦᠴᠡᠯ ᠪᠠᠶᠢᠳᠠᠯ ᠢ ᠪᠦᠷᠢᠳᠦᠭᠦᠯᠦᠭᠰᠡᠨ ᠪᠠᠶᠢᠨ᠎ᠠ᠃       ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠬᠠᠷᠢᠭᠤᠴᠠᠯᠭᠠᠲᠠᠨ ᠦ᠋ ᠵᠢᠶᠠᠨ ᠮᠢᠩ ᠬᠡᠯᠡᠬᠦ ᠳᠡᠭᠡᠨ᠄ ︽ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠦᠵᠡᠮᠵᠢ ᠶᠢᠨ ᠣᠷᠣᠨ ᠨᠢ ᠵᠤᠭᠠᠴᠠᠭᠰᠠᠳ ᠲᠤ ᠨᠠᠩ ᠰᠠᠶᠢᠨ ᠦᠢᠯᠡᠴᠢᠯᠡᠭᠡ ᠬᠠᠩᠭᠠᠬᠤ ᠶᠢᠨ ᠲᠥᠯᠥᠭᠡ ᠮᠣᠳᠣᠨ ᠬᠦᠭᠦᠷᠭᠡᠨ ᠵᠠᠮ ᠢ ᠥᠭᠡᠷᠡᠴᠢᠯᠡᠨ ᠵᠠᠰᠠᠵᠤ᠂ ︽ᠵᠢᠵᠢᠭ ᠭᠠᠯᠲᠤ ᠳᠡᠷᠭᠡ ᠪᠠᠷ ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢ ᠲᠤᠭᠤᠷᠢᠬᠤ︾ ᠪᠡᠶᠡᠴᠢᠯᠡᠨ ᠣᠶᠢᠯᠠᠭᠠᠬᠤ ᠲᠥᠷᠥᠯ ᠵᠦᠶᠯ ᠢ ᠨᠡᠮᠡᠵᠦ᠂ ᠪᠠᠭᠤᠷᠢ ᠶᠢᠨ ᠭᠠᠳᠠᠷ ᠲᠠᠯ᠎ᠠ ᠶᠢᠨ ᠵᠠᠮ ᠤᠨ ᠬᠤᠶᠠᠷ ᠲᠠᠯ᠎ᠠ ᠳᠤ  ᠤᠬᠠᠭᠤᠯᠭ᠎ᠠ ᠶᠢᠨ ᠲᠤᠭ ᠡᠯᠭᠦᠭᠰᠡᠨ ᠪᠠᠶᠢᠨ᠎ᠠ᠃ ᠠᠯᠳᠠᠩᠬᠤᠸ᠎ᠠ ᠴᠡᠴᠡᠭ ᠤᠨ ᠨᠠᠶᠢᠷ ᠠᠴᠠ ᠡᠮᠦᠨ᠎ᠡ ᠪᠢᠳᠡ  ᠰᠢᠷ᠎ᠠ ᠲᠠᠯ᠎ᠠ ᠶᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠵᠤ᠂ ᠦᠵᠡᠮᠵᠢ ᠶᠢᠨ ᠣᠷᠣᠨ ᠤ ᠠᠵᠢᠯᠲᠠᠳ ᠲᠤ ᠪᠥᠬᠦ ᠲᠠᠯ᠎ᠠ ᠶᠢᠨ ᠲᠤᠬᠠᠶᠢᠯᠠᠭᠰᠠᠨ ᠠᠵᠢᠯ ᠤᠨ ᠪᠣᠯᠪᠠᠰᠤᠷᠠᠯ ᠬᠦᠷᠳᠡᠭᠡᠵᠡᠢ᠃ ᠣᠳᠣᠬᠠᠨ ᠪᠣᠯᠲᠠᠯ᠎ᠠ᠂ ᠦᠵᠡᠮᠵᠢ ᠶᠢᠨ ᠣᠷᠣᠨ ᠨᠡᠶᠢᠲᠡ 4 ᠲᠦᠮᠡ ᠢᠯᠡᠭᠦᠦ ᠵᠤᠭᠠᠴᠠᠭᠰᠠᠳ ᠢ ᠭᠥᠯᠢᠶᠡᠨ ᠠᠪᠴᠤ᠂ ᠪᠥᠬᠦ ᠤᠯᠤᠰ ᠤᠨ ᠡᠯ᠎ᠡ ᠭᠠᠵᠠᠷ ᠤᠨ ᠬᠦᠮᠦᠰ ᠦᠷᠬᠦᠯᠵᠢᠯᠡᠨ ᠥᠪᠥᠷ ᠮᠣᠩᠭᠤᠯ ᠤᠨ ᠴᠣᠷ ᠤᠨ ᠭᠠᠭᠴᠠ ᠳᠡᠯᠡᠬᠡᠶ ᠶᠢᠨ ᠰᠣᠶᠣᠯ ᠤᠨ ᠥᠪ ᠪᠤᠯᠬᠤ ᠶᠤᠸᠠᠨ ᠤ ᠳᠡᠭᠡᠳᠦ ᠨᠡᠶᠢᠰᠯᠡᠯ  ᠤᠨ ᠪᠠᠭᠤᠷᠢ ᠳᠤ ᠢᠷᠡᠵᠦ ᠲᠣᠭᠤᠷᠢᠨ ᠦᠵᠡᠵᠦ ᠵᠤᠭᠠᠴᠠᠬᠤ ᠶᠢ ᠪᠠᠶᠠᠷᠯᠠᠨ ᠤᠭᠲᠤᠵᠤ ᠪᠠᠶᠢᠨ᠎ᠠ︾ ᠭᠡᠯ᠎ᠡ᠃       ᠣᠶᠢᠯᠠᠭᠠᠭᠰᠠᠨ ᠢᠶᠠᠷ᠂ 2024 ᠣᠨ ᠤ ᠰᠢᠯᠤᠭᠤᠨ ᠬᠥᠬᠡ ᠬᠤᠰᠢᠭᠤᠨ ᠤ ᠠᠯᠳᠠᠩᠬᠤᠸ᠎ᠠ ᠴᠡᠴᠡᠭ ᠤᠨ ᠨᠠᠶᠢᠷ 7 ᠰᠠᠷ᠎ᠠ ᠶᠢᠨ 19 ᠤ ᠡᠳᠦᠷ ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠦᠵᠡᠮᠵᠢ ᠶᠢᠨ ᠣᠷᠣᠨ ᠳᠤ ᠡᠬᠢᠯᠡᠬᠦ ᠪᠠᠷ ᠪᠠᠶᠢᠵᠦ᠂ ᠨᠠᠶᠢᠷ ᠤᠨ ᠬᠤᠭᠤᠴᠠᠭᠠᠨ ᠳᠤ ᠳᠠᠭᠤᠤ ᠬᠥᠭᠵᠢᠮ ᠤᠨ ᠴᠤᠭᠯᠠᠭᠠᠨ᠂ ᠴᠠᠭᠠᠨ ᠢᠳᠡᠭᠡᠨ ᠤ ᠰᠢᠯᠭᠠᠷᠠᠭᠤᠯᠤᠯᠳᠠ᠂ ᠪᠥᠬᠡ ᠶᠢᠨ ᠪᠠᠷᠢᠯᠳᠤᠭᠠᠨ᠂ ᠰᠤᠷ ᠬᠠᠷᠪᠤᠬᠤ᠂ ︽ᠰᠢᠷ᠎ᠠ ᠲᠠᠯ᠎ᠠ ᠶᠢᠨ ᠵᠣᠨ︾ ᠰᠢᠷᠢᠰ ᠦᠳᠡᠰᠢᠯᠡᠭᠡ ᠵᠡᠷᠭᠡ ᠠᠵᠢᠯᠯᠠᠭ᠎ᠠ ᠶᠠᠪᠤᠭᠳᠠᠨ᠂ ᠵᠤᠭᠠᠴᠠᠭᠰᠠᠳ ᠤᠨ ᠤᠨᠴᠠᠯᠢᠭᠳᠤ ᠢᠳᠡᠭᠡᠨ ᠤᠮᠳᠠᠭᠠᠨ ᠠᠮᠳᠠᠯᠠᠬᠤ᠂ ᠨᠠᠭᠠᠳᠴᠤ ᠵᠤᠭᠠᠴᠠᠬᠤ᠂ ᠦᠵᠡᠮᠵᠢ ᠰᠤᠨᠢᠷᠬᠠᠬᠤ᠂ ᠬᠤᠳᠠᠯᠳᠤᠨ ᠠᠪᠬᠤ ᠪᠥᠬᠦ ᠲᠠᠯ᠎ᠠ ᠶᠢᠨ ᠬᠡᠷᠡᠭᠴᠡᠭᠡ ᠶᠢ ᠬᠠᠩᠭᠠᠬᠤ ᠪᠤᠯᠤᠨ᠎ᠠ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号