ᠡᠮᠡᠭᠳᠠᠢ ᠪᠠᠭᠠᠳᠤᠷ ᠮᠠᠨᠳᠤᠬᠠᠢ ᠬᠠᠳᠤᠨ
ᠨᠡᠶᠢᠲᠡᠯᠡᠭᠰᠡᠨ ᠴᠠᠭ᠄
2016/7/25
     ᠮᠠᠨᠳᠤᠬᠠᠢ ᠬᠠᠳᠤᠨ ᠪᠤᠯ ᠴᠠᠬᠠᠷ ᠤᠨ ᠴᠠᠭᠠᠨ ᠲᠠᠲ᠋ᠠᠷ ᠤᠳᠤᠭ ︵ᠤᠩᠭᠤᠳ ᠠᠶᠢᠮᠠᠭ︶ ᠤᠨ ᠴᠤᠷᠤᠰᠪᠠᠢ ᠲᠡᠮᠤᠷ ᠴᠧᠩᠰᠢᠶᠠᠩ ᠤᠨ ᠬᠡᠤᠬᠡᠨ ᠪᠠᠶᠢᠵᠤ᠂ ᠮᠠᠨᠳᠤᠭᠤᠯ ᠬᠠᠭᠠᠨ ᠤ ᠪᠠᠯᠪᠠᠰᠤᠨ ᠬᠠᠳᠤᠨ ᠪᠤᠯᠤᠨ᠎ᠠ᠃ 1479 ᠤᠨ ᠳᠤ᠂ ᠮᠠᠨᠳᠤᠬᠠᠢ ᠬᠠᠳᠤᠨ ᠴᠢᠩᠭᠢᠰ ᠤᠨ ᠠᠯᠲᠠᠨ ᠤᠷᠤᠭ ᠤᠨ ᠨᠤᠶᠠᠷᠬᠠᠯ ᠢ ᠰᠡᠷᠭᠦᠭᠡᠬᠦ ᠶᠢᠨ ᠲᠦᠯᠤᠭᠡ᠂ ᠲᠤᠯᠤᠭᠠᠨ ᠨᠠᠰᠤᠲᠠᠢ ᠪᠠᠲᠤᠮᠥ᠋ᠩᠬᠡ ᠳᠤ ᠮᠤᠷᠳᠠᠨ ᠲᠡᠭᠦᠨ ᠢ ᠬᠠᠭᠠᠨ ᠰᠠᠭᠤᠷᠢᠨ ᠳᠤ ᠳᠦᠰᠢᠨ ᠭᠠᠷᠭᠠᠵᠡᠢ᠃
    1480 ᠤᠨ ᠠᠴᠠ ᠡᠬᠢᠯᠡᠨ᠂ ᠮᠠᠨᠲᠤᠬᠠᠢ ᠬᠠᠲᠤᠨ ᠴᠡᠷᠢᠭ ᠢᠶᠠᠨ ᠪᠤᠯᠪᠠᠰᠤᠷᠠᠨ᠂ ᠮᠤᠷᠢ ᠪᠠᠨ ᠰᠦᠢᠵᠤ᠂ ᠬᠤᠶᠠᠭ ᠢᠶᠠᠨ ᠡᠮᠤᠰᠴᠤ ᠳᠠᠶᠢᠨ ᠳᠤ ᠮᠤᠷᠳᠡᠨ᠂ ᠨᠢᠯᠬ᠎ᠠ ᠬᠠᠭᠠᠨ ᠢ ᠳᠤᠰᠠᠯᠠᠵᠤ ᠦᠰᠤᠲᠡᠨ ᠳᠠᠶᠢᠰᠤᠨ ᠢ ᠳᠦᠪᠰᠢᠳᠬᠡᠨ᠂ ᠪᠠᠷᠠᠭᠤᠨ ᠭᠠᠷ ᠢ ᠬᠤᠷᠢᠶᠠᠮᠵᠢᠯᠠᠵᠤ᠂ ᠵᠡᠭᠦᠨ ᠮᠤᠩᠭᠤᠯ ᠢ ᠨᠢᠭᠡᠳᠬᠡᠨ᠂ ᠳᠠᠶᠠᠨ ᠬᠠᠭᠠᠨ ᠤ ᠵᠠᠰᠠᠭᠴᠢᠯᠠᠨ ᠨᠤᠶᠠᠷᠬᠠᠬᠤ ᠳᠤ ᠪᠠᠲᠤ ᠪᠠᠬᠢ ᠰᠠᠭᠤᠷᠢ ᠲᠠᠯᠪᠢᠵᠤ ᠦᠭᠭᠦᠭᠰᠡᠨ ᠪᠠᠶᠢᠨ᠎ᠠ᠃ ᠮᠠᠨᠳᠤᠬᠠᠢ ᠬᠠᠳᠤᠨ ᠪᠤᠯ ᠮᠤᠩᠭᠤᠯ ᠤᠨ ᠡᠷᠲᠡᠨ ᠤ ᠲᠡᠤᠬᠡᠨ ᠳᠠᠬᠢ ᠭᠠᠷᠮᠠᠭᠠᠢ ᠤᠯᠤᠰ ᠲᠦᠷᠤᠴᠢᠨ᠂ ᠴᠡᠷᠢᠭ ᠤᠨ ᠡᠷᠳᠡᠮᠲᠡᠨ᠂ ᠡᠮᠡᠭᠲᠡᠢ ᠪᠠᠭᠠᠳᠤᠷ ᠪᠤᠯᠤᠨ᠎ᠠ᠃ ︵ᠬᠤᠯᠪᠤᠭ᠎ᠠ ᠰᠦᠯᠵᠢᠶ᠎ᠡ ᠠᠴᠠ ᠰᠢᠯᠵᠢᠬᠦᠯᠪᠡ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号