| ᠰᠤᠷᠬᠠᠭᠳᠠᠨᠢ ︿suran xatani﹀ ᠬᠡᠷᠡᠶᠢᠳ ᠠᠶᠢᠮᠠᠭ ᠤᠨ ᠸᠠᠩ ᠬᠠᠨ ᠤ ᠲᠡᠬᠦᠦ ᠵᠠᠬ᠎ᠠ ᠬᠠᠮᠪᠤ ᠶᠢᠨ | ᠬᠤᠶᠠᠳᠤᠭᠠᠷ ᠥᠬᠢᠨ᠃ 1203 ᠣᠨ ᠳᠤ ᠴᠢᠩᠭᠢᠰ ᠬᠠᠭᠠᠨ ᠬᠡᠷᠡᠶᠢᠳ ᠠᠶᠢᠮᠠᠭ ᠢ ᠮᠦᠬᠦᠬᠡᠬᠦ ᠦᠶ᠎ᠡ ᠳᠤ ᠲᠡᠬᠦᠨ ᠢ | ᠤᠯᠵᠠᠯᠠᠨ ᠠᠪᠤᠭᠠᠳ᠂ ᠤᠳᠬᠤᠨ ᠬᠦᠪᠡᠬᠦᠨ ᠲᠤᠯᠤᠢ ᠳᠠᠭᠠᠨ ᠬᠠᠳᠤᠨ ᠪᠤᠯᠭᠠᠨ ᠦᠭᠴᠠᠢ᠃ | | 1232 ᠣᠨ ᠳᠤ ᠦᠭᠡᠳᠡᠢ ᠬᠠᠭᠠᠨ ᠠᠯᠳᠠᠨ ᠤᠯᠤᠰ ᠢ ᠲᠠᠶᠢᠯᠠᠭᠠᠳ ᠪᠤᠴᠠᠵᠤ ᠢᠷᠡᠬᠦ ᠵᠠᠮ ᠳᠠᠭᠠᠨ | ᠬᠦᠨᠳᠤ ᠡᠪᠡᠳᠴᠢᠯᠡᠭᠡᠳ ᠦᠭᠡ ᠬᠡᠯᠡᠵᠤ ᠴᠢᠳᠠᠬᠤ ᠦᠭᠡᠢ ᠪᠤᠯᠪᠠ᠃ ᠪᠦᠭᠡ ᠲᠦᠯᠭᠡᠴᠢᠨ ᠨᠠᠷ ᠢᠶᠠᠷ | ᠮᠡᠷᠭᠡᠯᠡᠬᠦᠯᠦᠭᠰᠡᠨ ᠳᠤ ᠠᠯᠳᠠᠨ ᠤᠯᠤᠰ ᠤᠨ ᠭᠠᠵᠠᠷ ᠤᠰᠤᠨ ᠤ ᠡᠵᠡᠳ᠂ ᠬᠦᠮᠦᠨ ᠬᠦᠷᠦᠩᠭᠡ ᠪᠠᠨ ᠰᠦᠢᠳᠬᠡᠬᠦᠯᠵᠤ | ᠂ ᠬᠤᠳᠠ ᠪᠠᠯᠭᠠᠰᠤ ᠪᠠᠨ ᠡᠪᠳᠡᠬᠦᠯᠦᠭᠰᠡᠨ ᠤ ᠤᠴᠢᠷ ᠬᠢᠯᠢᠩᠨᠡᠨ ᠬᠠᠭᠠᠨ ᠳᠤ ᠬᠤᠤᠷ ᠬᠦᠷᠬᠡᠵᠤ ᠪᠤᠢ ᠬᠡᠪᠡ᠃ | ᠬᠦᠮᠦᠨ᠂ ᠬᠦᠷᠦᠩᠭᠡ᠂ ᠠᠯᠳᠠ᠂ ᠮᠦᠩᠭᠦ᠂ ᠠᠳᠤᠭᠤᠰᠤ ᠢᠳᠡᠭᠡ ᠪᠠᠷ ᠵᠤᠯᠢᠶ᠎ᠠ ᠦᠭᠭᠦᠶ᠎ᠡ ᠬᠡᠰᠡᠨ ᠳᠤ ᠬᠠᠭᠠᠨ | ᠬᠡᠨᠡᠳᠳᠡ ᠨᠢᠳᠤ ᠪᠠᠨ ᠨᠡᠭᠡᠭᠡᠵᠤ ᠤᠰᠤ ᠤᠤᠭᠤᠭᠠᠳ ︽ᠶᠠᠭᠤ ᠪᠤᠯᠪᠠ︖︾ ᠬᠡᠮᠡᠨ ᠠᠰᠠᠭᠤᠪᠠ᠃ ᠪᠦᠭᠡ ᠨᠠᠷ᠄ | ︽ᠠᠯᠳᠠᠨ ᠤᠯᠤᠰ ᠤᠨ ᠭᠠᠵᠠᠷ ᠤᠰᠤᠨ ᠤ ᠡᠵᠡᠳ᠂ ᠬᠦᠮᠦᠨ ᠬᠦᠷᠦᠩᠭᠡ ᠪᠠᠨ ᠲᠠᠯᠠᠭᠤᠯᠤᠭᠠᠳ ᠡᠶᠢᠮᠤ ᠡᠪᠡᠳᠴᠢᠨ | ᠬᠦᠷᠬᠡᠪᠡ᠃ ᠡᠯᠳᠡᠪ ᠪᠤᠰᠤᠳ ᠶᠠᠭᠤᠮ᠎ᠠ ᠪᠠᠷ ᠵᠤᠯᠢᠶ᠎ᠠ ᠪᠤᠯᠭᠠᠶ᠎ᠠ ᠬᠦᠰᠡᠨ ᠳᠤ ᠵᠦᠪᠰᠢᠶᠡᠷᠡᠬᠡᠳ ᠡᠪᠡᠳᠴᠢᠨ ᠢ | ᠬᠦᠩᠭᠡᠷᠡᠬᠦᠯᠵᠤ ᠪᠠᠶᠢᠨ᠎ᠠ᠃ ᠤᠳᠤ ᠶᠠᠭᠠᠬᠢᠬᠤ ᠶᠢ ᠵᠠᠷᠯᠢᠭ ᠮᠡᠳᠡᠳᠦᠭᠡᠢ︕︾ ᠬᠡᠪᠡ᠃ ᠦᠭᠡᠳᠡᠢ ᠬᠠᠭᠠᠨ᠄ ︽ᠬᠠᠨ | ᠬᠦᠪᠡᠭᠦᠳ ᠤᠨ ᠲᠤᠳᠤᠷ᠎ᠠ ᠠᠴᠠ ᠮᠢᠨᠤ ᠲᠡᠷᠭᠡᠳᠡ ᠬᠡᠨ ᠪᠠᠶᠢᠨ᠎ᠠ ᠪᠤᠢ︖︾ ᠬᠡᠰᠡᠨ ᠳᠤ ᠲᠤᠯᠤᠢ᠄ ︽ᠰᠤᠤᠳᠤ | ᠴᠢᠩᠭᠢᠰ ᠬᠠᠭᠠᠨ ᠡᠴᠢᠭᠡ ᠮᠢᠨᠢ᠂ ᠲᠡᠭᠡᠷ᠎ᠡ ᠴᠢᠨᠢ ᠠᠬ᠎ᠠ ᠨᠠᠷ᠂ ᠲᠤᠤᠷ᠎ᠠ ᠴᠢᠨᠢ ᠲᠡᠬᠦᠦ ᠨᠠᠷ ᠪᠠᠶᠢᠳᠠᠯ᠎ᠠ᠂ ᠬᠠᠭᠠᠨ | ᠠᠬ᠎ᠠ ᠲᠠᠨ ᠢ ᠠᠬᠳᠠ ᠮᠤᠷᠢ ᠰᠢᠭ᠋ ᠰᠤᠷᠢᠵᠤ᠂ ᠢᠷᠭᠡ ᠬᠤᠨᠢ ᠰᠢᠭ᠋ ᠪᠠᠷᠢᠯᠠᠵᠤ ᠦᠵᠡᠬᠡᠳ ᠶᠡᠭᠡ ᠰᠠᠭᠤᠷᠢᠨ ᠳᠤ | ᠰᠠᠭᠤᠯᠭᠠᠵᠤ᠂ ᠤᠯᠠᠨ ᠣᠯᠣᠰ ᠢ ᠵᠠᠬᠢᠷᠬᠤ ᠲᠡᠬᠡᠳᠣ ᠡᠭᠦᠷᠭᠡ ᠶᠢ ᠲᠠᠭᠠᠭᠠᠯᠭᠠᠪᠠ᠃ ᠨᠠᠮᠠᠢᠢ ᠬᠠᠭᠠᠨ ᠠᠬ᠎ᠠ ᠶᠢᠨ | ᠲᠡᠷᠭᠡᠳᠡ ᠪᠠᠶᠢᠵᠤ᠂ ᠮᠠᠷᠳᠠᠭᠰᠠᠨ ᠢ ᠰᠠᠨᠠᠭᠤᠯᠵᠤ᠂ ᠤᠨᠳᠠᠭᠰᠠᠨ ᠢ ᠰᠡᠷᠢᠬᠦᠯᠵᠤ ᠶᠠᠪᠤ ᠬᠡᠰᠡᠨ ᠪᠢᠯᠡ᠃ ᠤᠳᠤ ᠬᠠᠭᠠᠨ | ᠠᠬ᠎ᠠ ᠴᠢᠮᠠᠢᠢ ᠠᠯᠳᠠᠪᠠᠯ᠂ ᠪᠢ ᠬᠡᠨ ᠤ ᠠᠯᠳᠠᠭᠰᠠᠨ ᠢ ᠰᠠᠨᠠᠭᠤᠯᠵᠤ᠂ ᠬᠡᠨ ᠤ ᠤᠨᠳᠠᠭᠰᠠᠨ ᠢ ᠰᠡᠷᠡᠬᠦᠯᠬᠦ ᠪᠤᠢ︖ | ᠦᠨᠡᠬᠡᠷ ᠬᠠᠭᠠᠨ ᠠᠬ᠎ᠠ ᠮᠠᠭᠤᠵᠢᠷᠠᠪᠠᠰᠤ᠂ ᠤᠯᠠᠨ ᠮᠤᠩᠭᠤᠯ ᠤᠯᠤᠰ ᠦᠨᠦᠴᠢᠷᠡᠵᠤ᠂ ᠤᠨᠳᠣᠣ ᠤᠯᠤᠰ ᠪᠠᠶᠠᠰᠬᠤ | ᠪᠤᠯᠤᠨ᠎ᠠ᠃ ᠬᠠᠭᠠᠨ ᠠᠬ᠎ᠠ ᠶᠢᠨ ᠤᠷᠤᠨ ᠳᠤ ᠪᠢ ᠵᠤᠯᠢᠶ᠎ᠠ ᠪᠤᠯᠤᠶ᠎ᠠ︕ ᠪᠦᠬᠡ ᠨᠠᠷ ᠪᠦᠭᠡᠯᠡᠵᠤ ᠵᠠᠯᠪᠢᠷᠠᠭᠳᠤᠨ︕︾ | ᠭᠡᠪᠡ᠃ ᠪᠦᠭᠡ ᠨᠠᠷ ᠠᠳᠢᠰᠯᠠᠭᠰᠠᠨ ᠤᠰᠤ ᠦᠭᠴᠤ ᠤᠤᠭᠤᠯᠭᠠᠭᠰᠠᠨ ᠳᠤ ᠲᠤᠯᠤᠢ᠄ ︽ᠪᠢ ᠰᠤᠭᠳᠤᠪᠠ᠃ | ᠦᠨᠦᠴᠢᠨ ᠬᠡᠦᠬᠡᠳ ᠪᠠ ᠪᠡᠯᠪᠡᠰᠤᠨ ᠪᠡᠷᠢᠶᠡᠳ ᠢ ᠬᠦᠮᠦᠵᠢᠬᠦᠯᠦᠨ ᠠᠰᠠᠷᠠᠬᠤ ᠶᠢ ᠬᠠᠭᠠᠨ ᠠᠬ᠎ᠠ ᠮᠡᠳᠡᠳᠦᠬᠡᠢ︕︾ | ᠭᠡᠳ ᠤᠨᠠᠵᠤ ᠨᠠᠰᠤ ᠪᠠᠷᠠᠵᠠᠢ᠃ | ᠲᠤᠯᠤᠢ ᠶᠢ ᠨᠠᠰᠤ ᠪᠠᠷᠠᠭᠰᠠᠨ ᠤ ᠲᠠᠷᠠᠭ᠎ᠠ᠂ ᠰᠤᠷᠬᠠᠭᠳᠠᠨᠢ ᠪᠠᠬᠢ ᠨᠢᠭᠡᠨ ᠤᠳᠠᠭ᠎ᠠ ᠦᠭᠡᠳᠡᠢ ᠬᠠᠭᠠᠨ ᠤ | ᠨᠢᠭᠡᠨ ᠬᠤᠳᠠᠯᠳᠤᠭᠠᠴᠢᠨ ᠢ ᠨᠢ ᠭᠤᠶᠤᠵᠤ ᠠᠪᠬᠤ ᠬᠡᠪᠡ᠃ ᠦᠭᠡᠳᠡᠢ ᠬᠠᠭᠠᠨ ᠲᠠᠳᠠᠭᠠᠯᠵᠠᠭᠰᠠᠨ ᠳᠤ ᠰᠤᠷᠠᠨᠬᠠᠳᠠᠨᠢ | ᠪᠠᠬᠢ᠄ ︽ᠮᠢᠨᠤ ᠬᠠᠶᠢᠷᠠᠳᠠᠢ ᠬᠦᠮᠦᠨ ᠬᠡᠨ ᠤ ᠲᠦᠯᠦᠬᠡ ᠨᠠᠰᠤ ᠨᠦᠭᠴᠢᠪᠡ︖︾ ᠬᠡᠮᠡᠨ ᠱᠤᠭᠰᠢᠨ ᠤᠬᠢᠯᠠᠵᠠᠢ᠃ | ᠡᠬᠦᠨ ᠢ ᠦᠭᠡᠳᠡᠢ ᠬᠠᠭᠠᠨ ᠰᠤᠨᠤᠰᠤᠭᠠᠳ᠄ ︽ᠰᠤᠷᠠᠨᠬᠠᠳᠠᠨᠢ ᠪᠠᠬᠢ ᠶᠢᠨ ᠦᠭᠡ ᠵᠦᠪ ᠪᠠᠶᠢᠨ᠎ᠠ︾ ᠬᠡᠶᠢᠳ ᠲᠡᠷᠡ | ᠬᠤᠳᠠᠯᠳᠤᠭᠠᠴᠢᠨ ᠢᠶᠠᠨ ᠦᠭᠭᠦᠭᠰᠡᠨ ᠪᠠᠶᠢᠪᠠ᠃ ᠲᠡᠭᠦᠨ ᠤ ᠬᠤᠶᠢᠨ᠎ᠡ ᠰᠤᠷᠠᠨᠬᠠᠳᠠᠨᠢ ᠪᠠᠬᠢ ᠶᠢᠨ ᠦᠭᠡ ᠵᠦᠪ | ᠪᠠᠶᠢᠨ᠎ᠠ︾ ᠬᠡᠶᠢᠳ ᠲᠡᠷᠡ ᠬᠤᠳᠠᠯᠳᠤᠭᠠᠴᠢᠨ ᠢᠶᠠᠨ ᠦᠭᠭᠦᠭᠰᠡᠨ ᠪᠠᠶᠢᠪᠠ᠃ ᠲᠡᠬᠦᠨ ᠤ ᠬᠤᠶᠢᠨ᠎ᠡ ᠰᠤᠷᠠᠨᠬᠠᠳᠠᠨᠢ | ᠪᠠᠬᠢ ᠶᠢ ᠦᠭᠡᠳᠡᠢ ᠬᠠᠭᠠᠨ ᠦᠪᠡᠷᠦᠨ ᠬᠦᠪᠡᠬᠦᠨ ᠬᠦᠶᠦᠭ ᠲᠡᠭᠡᠨ ᠬᠠᠳᠤᠨ ᠪᠤᠯᠭᠠᠵᠤ ᠦᠭᠭᠦ ᠬᠡᠰᠡᠨ ᠳᠤ | ᠰᠤᠷᠠᠨᠬᠠᠳᠠᠨᠢ ᠪᠠᠬᠢ᠄ ︽ᠬᠠᠭᠠᠨ ᠤ ᠵᠠᠷᠯᠢᠭ ᠢ ᠬᠡᠷᠬᠢᠨ ᠵᠦᠷᠢᠴᠡᠵᠤ ᠪᠤᠯᠬᠤ ᠠᠵᠢ᠃ ᠬᠡᠪᠡᠴᠤ ᠪᠢ ᠡᠳᠡᠬᠡᠷ | ᠦᠴᠦᠬᠡᠨ ᠪᠠᠭ᠎ᠠ ᠦᠨᠦᠴᠢᠨ ᠬᠡᠦᠬᠡᠳ ᠢ ᠦᠰᠬᠡᠨ ᠬᠦᠮᠦᠵᠢᠬᠦᠯᠦᠬᠡᠳ ᠭᠠᠷ ᠢ ᠨᠢ ᠭᠠᠨᠵᠤᠭᠠᠨ ᠳᠤ ᠬᠦᠷᠬᠡᠵᠤ᠂ | ᠬᠦᠯ ᠢ ᠨᠢ ᠲᠦᠷᠦᠬᠡᠨ ᠳᠤ ᠬᠢᠰᠬᠢᠬᠦᠯᠦᠭᠰᠡᠨ ᠤ ᠰᠡᠬᠦᠯᠡᠷ ᠪᠤᠯᠤᠶ᠎ᠠ︾ ᠬᠡᠵᠤ ᠰᠢᠯᠳᠠᠭᠯᠠᠭᠠᠳ ᠴᠠᠭᠠᠷᠢᠭᠯᠠᠨ ᠲᠦᠯᠬᠢᠪᠡ | ᠃ | ᠦᠭᠡᠳᠡᠢ ᠬᠠᠭᠠᠨ ᠨᠠᠰᠤ ᠨᠦᠭᠴᠢᠬᠦ ᠠᠴᠠ ᠪᠡᠨ᠎ᠡ ᠡᠮᠦᠨ᠎ᠡ᠂ ᠲᠤᠯᠤᠢ ᠶᠢᠨ ᠵᠠᠷᠬᠢᠷᠴᠤ ᠪᠠᠶᠢᠭᠰᠠᠨ ᠶᠡᠭᠡ | ᠴᠡᠷᠢᠭ ᠤᠨ ᠲᠤᠳᠤᠷ᠎ᠠ ᠠᠴᠠ ᠰᠦᠯᠳᠦᠰᠦᠨ ᠠᠶᠢᠮᠠᠭ ᠬᠢᠬᠡᠳ ᠰᠦᠨᠢᠳ ᠠᠶᠢᠮᠠᠭ ᠤᠨ 2 ᠮᠢᠩᠭᠠᠨ ᠴᠡᠷᠢᠭ ᠢ | ᠦᠪᠡᠷᠦᠨ ᠬᠦᠪᠡᠬᠦᠨ ᠬᠦᠳᠡᠨ ᠳᠡᠭᠡᠨ ᠰᠢᠯᠵᠢᠬᠦᠯᠦᠨ ᠦᠭᠪᠡ᠃ ᠡᠬᠦᠨ ᠳᠤ ᠲᠤᠯᠤᠢ ᠳᠤ ᠵᠠᠬᠢᠷᠤᠭᠳᠠᠵᠤ ᠪᠠᠶᠢᠭᠰᠠᠨ | ᠲᠦᠮᠡᠨ ᠤ ᠨᠤᠶᠠᠳ ᠬᠢᠬᠡᠳ ᠮᠢᠩᠭᠠᠨ ᠤ ᠨᠤᠶᠠᠳ ᠰᠤᠷᠠᠨᠬᠠᠳᠠᠨᠢ ᠪᠠᠬᠢ ᠶᠢᠨ ᠤᠷᠳᠤᠨ ᠳᠤ ᠢᠷᠡᠵᠤ᠄ ︽ᠴᠢᠩᠭᠢᠰ | ᠬᠠᠭᠠᠨ ᠤ ᠵᠠᠷᠯᠢᠭ ᠢ ᠦᠨᠳᠦᠰᠦᠯᠡᠪᠡᠯ᠂ ᠰᠦᠯᠳᠦᠰᠦᠨ ᠠᠶᠢᠮᠠᠭ ᠬᠢᠬᠡᠳ ᠰᠦᠨᠢᠳ ᠠᠶᠢᠮᠠᠭ ᠤᠨ 2 ᠮᠢᠩᠭᠠᠨ ᠴᠡᠷᠢᠭ | ᠵᠠᠪᠠᠯ ᠪᠢᠳᠡᠨ ᠤ ᠪᠤᠯᠬᠤ ᠶᠤᠰᠤᠳᠠᠢ᠂ ᠬᠡᠳᠡᠯ᠎ᠡ ᠲᠡᠳᠡᠨ ᠢ ᠦᠭᠡᠳᠡᠢ ᠬᠠᠭᠠᠨ ᠬᠦᠪᠡᠬᠦᠨ ᠬᠦᠳᠡᠨ ᠳᠡᠭᠡᠨ ᠦᠭᠴᠢᠯᠡ᠂ | ᠡᠭᠦᠨ ᠢ ᠪᠢᠳᠡ ᠬᠡᠷᠬᠢᠨ ᠬᠦᠯᠢᠴᠡᠵᠤ ᠴᠢᠳᠠᠬᠤ ᠠᠵᠢ︾ ᠭᠡᠪᠡ᠃ ᠰᠤᠷᠠᠨᠬᠠᠳᠠᠨᠢ ᠪᠠᠬᠢ᠄ ︽ᠲᠠ ᠨᠠᠷ ᠤᠨ ᠦᠭᠡ | ᠵᠦᠪ ᠪᠠᠶᠢᠨ᠎ᠠ᠂ ᠬᠡᠪᠡᠴᠤ ᠪᠢᠳᠡᠨ ᠤ ᠵᠠᠯᠭᠠᠮᠵᠢᠯᠠᠭᠰᠠᠨ ᠪᠤᠯᠤᠨ ᠤᠯᠤᠭᠰᠠᠨ ᠡᠳ᠋ ᠠᠰᠢᠭ ᠤᠨ ᠲᠤᠳᠤᠷ᠎ᠠ ᠲᠤᠳᠠᠭᠳᠠᠬᠤ | ᠶᠠᠭᠤᠮ᠎ᠠ ᠦᠭᠡᠢ ᠪᠠᠶᠢᠨ᠎ᠠ᠃ ᠴᠡᠷᠢᠭ ᠠᠩᠭᠢ ᠶᠢ ᠪᠠᠶᠢᠳᠤᠭᠠᠢ ᠪᠢᠳᠡ ᠦᠪᠡᠷᠰᠡᠳ ᠢᠶᠠᠨ ᠴᠦ ᠴᠦᠮ ᠶᠡᠭᠡ ᠬᠠᠭᠠᠨ ᠤ | ᠪᠤᠯᠬᠤ ᠶᠤᠮ᠃ ᠶᠠᠭᠤ ᠬᠢᠵᠤ ᠪᠠᠶᠢᠬᠤ ᠪᠠᠨ ᠲᠡᠷᠡ ᠦᠪᠡᠷ ᠢᠶᠠᠨ ᠮᠡᠳᠡᠨ᠎ᠡ᠂ ᠪᠢᠳᠡ ᠵᠠᠷᠯᠢᠭ ᠢ ᠨᠢ ᠲᠠᠭᠠᠪᠠᠯ | ᠪᠤᠯᠴᠢᠬᠠᠨ᠎ᠠ︾ ᠬᠡᠰᠡᠨ ᠳᠤ ᠤᠯᠠᠨ ᠢᠶᠠᠷ ᠢᠶᠠᠨ ᠪᠦᠷ ᠦᠭᠡ ᠲᠠᠭᠤᠨ ᠦᠭᠡᠢ ᠪᠣᠯᠪᠠ᠃ ᠡᠨᠡ 2 ᠮᠢᠩᠭᠠᠨ | ᠴᠡᠷᠢᠭ ᠠᠴᠠ ᠭᠠᠳᠠᠨ᠎ᠠ᠂ ᠲᠤᠯᠤᠢ ᠶᠢᠨ ᠵᠠᠬᠢᠷᠴᠤ ᠪᠠᠶᠢᠭᠰᠠᠨ 10 ᠲᠦᠮᠡᠨ ᠶᠡᠭᠡ ᠴᠡᠷᠢᠭ ᠪᠠ ᠡᠷᠳᠡ ᠦᠶ᠎ᠡ ᠳᠤ | ᠴᠢᠩᠭᠢᠰ ᠬᠠᠭᠠᠨ ᠤ ᠬᠤᠪᠢᠶᠠᠨ ᠦᠭᠭᠦᠭᠰᠡᠨ ᠮᠤᠩᠭᠤᠯ ᠤᠷᠤᠨ ᠵᠢᠴᠢ ᠡᠾᠧᠪᠧᠢ ᠮᠤᠵᠢ ᠶᠢᠨ ᠨᠢᠭᠡᠨ ᠬᠡᠰᠡᠭ ᠬᠢᠬᠡᠳ | ᠦᠭᠡᠳᠡᠢ ᠬᠠᠭᠠᠨ ᠤ ᠦᠶ᠎ᠡ ᠳᠤ ᠬᠤᠪᠢᠶᠠᠨ ᠦᠭᠭᠦᠭᠰᠡᠨ ᠡᠾᠧᠨᠠᠨ᠂ ᠱᠠᠨᠰᠢ ᠮᠤᠵᠢ ᠶᠢᠨ 4 ᠲᠦᠮᠡᠨ ᠡᠷᠦᠬᠡ᠂ | ᠪᠤᠬᠠᠷ ᠬᠤᠳᠠ ᠶᠢᠨ 3 ᠮᠢᠩᠭᠠᠨ ᠡᠷᠦᠬᠡ᠂ ᠡᠾᠧᠪᠧᠢ ᠮᠤᠵᠢ ᠶᠢᠨ 8 ᠲᠦᠮᠡᠨ ᠡᠷᠦᠬᠡ᠂ ᠨᠡᠶᠢᠳᠡ 12 ᠲᠦᠮᠡ 3 | ᠮᠢᠩᠭᠠᠨ ᠡᠷᠦᠬᠡ ᠬᠢᠲᠠᠳ᠂ ᠰᠠᠷᠳᠠᠭᠤᠯ ᠢᠷᠭᠡᠨ ᠢ ᠴᠦᠮ ᠰᠤᠷᠠᠨᠬᠠᠳᠠᠨᠢ ᠪᠠᠬᠢ ᠵᠠᠬᠢᠷᠴᠤ ᠪᠠᠶᠢᠭᠰᠠᠨ ᠶᠤᠮ᠃ | ᠰᠤᠷᠬᠠᠭᠳᠠᠨᠢ ᠪᠠᠬᠢ ᠪᠠᠰᠠ ᠠᠷᠭ᠎ᠠ ᠤᠬᠠᠭᠠᠨ ᠠᠪᠢᠶᠠᠰ ᠪᠢᠯᠢᠭ ᠲᠡᠭᠦᠯᠳᠡᠷ ᠬᠦᠮᠦᠨ ᠪᠠᠶᠢᠭᠰᠠᠨ ᠪᠤᠯᠬᠤᠷ ᠦᠭᠡᠳᠡᠢ | ᠬᠠᠭᠠᠨ ᠶᠡᠭᠡ ᠰᠠᠭᠤᠷᠢᠨ ᠳᠤ ᠰᠠᠭᠠᠳᠠᠵᠤ ᠪᠠᠶᠢᠭ᠎ᠠ ᠦᠶ᠎ᠡ ᠳᠡᠭᠡᠨ ᠪᠠᠰᠠ ᠦᠷᠬᠦᠯᠵᠢ ᠲᠦᠷᠦ ᠶᠢᠨ ᠬᠡᠷᠡᠭ ᠢ | ᠲᠡᠬᠦᠨ ᠯᠦᠭᠡ ᠵᠦᠪᠳᠡᠯᠴᠡᠵᠤ ᠪᠠᠶᠢᠭᠰᠠᠨ ᠪᠢᠯᠡ᠃ ᠦᠭᠡᠳᠡᠢ ᠬᠠᠭᠠᠨ ᠨᠠᠰᠤ ᠨᠦᠭᠴᠢᠭᠰᠡᠨ ᠤ ᠲᠠᠷᠠᠭ᠎ᠠ᠂ ᠲᠡᠭᠦᠨ ᠤ | ᠬᠦᠪᠡᠬᠦᠨ ᠭᠦᠶᠦᠭ ᠶᠡᠭᠡ ᠰᠠᠭᠤᠷᠢᠨ ᠢ ᠵᠠᠯᠭᠠᠮᠵᠢᠯᠠᠬᠤ ᠦᠶ᠎ᠡ ᠳᠤ ᠡᠷᠬᠢᠮ ᠨᠤᠶᠠᠳ ᠬᠢᠭᠡᠳ ᠡᠬᠡᠯ ᠠᠷᠠᠳ ᠤᠨ | ᠬᠦᠨᠳᠦᠳᠬᠡᠯ ᠬᠠᠶᠢᠷ᠎ᠠ ᠶᠢ ᠨᠡᠶᠢᠳᠡᠮ ᠬᠦᠷᠳᠡᠭᠰᠡᠨ ᠰᠤᠷᠠᠨᠬᠠᠳᠠᠨᠢ ᠪᠠᠬᠢ ᠪᠠᠷ᠂ ᠬᠤᠷᠠᠨ ᠴᠤᠭᠯᠠᠷᠠᠭᠰᠠᠨ ᠤᠯᠠᠨ | ᠬᠦᠮᠦᠰ ᠲᠤ ᠲᠤᠭ᠎ᠠ ᠲᠤᠮᠰᠢ ᠦᠭᠡᠢ ᠠᠯᠳᠠ ᠮᠦᠩᠭᠦ᠂ ᠰᠤᠪᠤᠳ ᠲᠠᠨ᠎ᠠ᠂ ᠡᠳ᠋ ᠡᠷᠳᠡᠨᠢᠰ᠂ ᠬᠤᠪᠴᠠᠰᠤ ᠬᠤᠨᠠᠷ ᠢ | ᠲᠦᠭᠡᠭᠡᠯᠭᠡᠨ ᠦᠭᠪᠡ᠃ ᠰᠤᠷᠠᠨᠬᠠᠳᠠᠨᠢ ᠪᠠᠬᠢ ᠦᠷᠦᠰᠢᠶᠡᠯ ᠡᠨᠡᠷᠡᠯ ᠶᠡᠭᠡᠳᠡᠢ ᠮᠦᠷᠳᠡᠭᠡᠨ ᠪᠠᠳᠦ ᠬᠠᠨ ᠯᠤᠭ᠎ᠠ ᠪᠠᠰᠠ | ᠨᠢᠬᠲᠠ ᠬᠠᠷᠢᠴᠠᠭ᠎ᠠ ᠲᠠᠢ ᠪᠠᠶᠢᠭᠰᠠᠨ ᠲᠤᠯᠠ ᠬᠦᠮᠦᠰ ᠴᠦᠮ ᠬᠦᠨᠳᠦᠳᠬᠡᠨ ᠦᠵᠡᠳᠡᠭ ᠪᠠᠶᠢᠵᠠᠢ᠃ | 1248 ᠣᠨ ᠳᠤ ᠭᠦᠶᠦᠭ ᠬᠠᠭᠠᠨ ᠦᠮᠴᠢᠯᠡᠭᠰᠡᠨ ᠨᠤᠲᠤᠭ ᠡᠮᠢᠯ ᠳᠡᠭᠡᠨ ᠤᠴᠢᠵᠤ ᠡᠪᠡᠳᠴᠢᠨ ᠢᠶᠠᠨ | ᠰᠤᠪᠢᠯᠠᠬᠤ ᠨᠡᠷ᠎ᠡ ᠪᠠᠷ ᠪᠠᠷᠠᠭᠤᠨᠰᠢ ᠮᠤᠷᠳᠠᠵᠤ ᠪᠠᠳᠦ ᠶᠢᠨ ᠤᠯᠤᠰ ᠢ ᠴᠢᠭᠯᠡᠭᠰᠡᠨ ᠪᠠᠶᠢᠨ᠎ᠠ᠃ ᠡᠨᠡ ᠦᠶ᠎ᠡ ᠳᠤ ᠪᠠᠳᠤ | ᠬᠠᠨ ᠲᠠᠢ ᠨᠦᠬᠦᠷᠰᠡᠭ ᠬᠠᠷᠢᠴᠠᠭ᠎ᠠ ᠲᠠᠢ ᠪᠠᠶᠢᠭᠰᠠᠨ ᠰᠤᠷᠠᠨᠬᠠᠳᠠᠨᠢ ᠪᠠᠬᠢ ᠰᠡᠮᠡᠭᠡᠷ ᠪᠠᠳᠤ ᠶᠢᠨ ᠲᠡᠷᠭᠡᠳᠡ ᠬᠦᠮᠦᠨ | ᠢᠯᠡᠬᠡᠵᠤ᠄ ︽ᠰᠡᠷᠡᠮᠵᠢᠳᠡᠢ ᠪᠠᠶᠢᠭᠠᠷᠠᠢ︕︾ ᠬᠡᠵᠤ ᠬᠡᠯᠡᠬᠦᠯᠪᠡ᠃ ᠡᠨᠡ ᠮᠡᠳᠡᠭᠡ ᠶᠢ ᠤᠯᠤᠭᠰᠠᠨ ᠪᠠᠳᠤ ᠶᠡᠭᠡ | ᠴᠡᠷᠢᠭ ᠲᠠᠶᠢᠴᠢᠯᠠᠵᠤ ᠬᠦᠶᠦᠭ ᠢ ᠲᠤᠰᠬᠤ ᠪᠠᠷ ᠵᠡᠬᠦᠨᠰᠢ ᠮᠤᠷᠳᠠᠭᠰᠠᠨ ᠪᠠᠶᠢᠨ᠎ᠠ᠃ ᠬᠡᠪᠡᠴᠤ ᠬᠤᠶᠠᠭᠤᠯᠠ ᠪᠠᠨ | ᠤᠴᠠᠷᠠᠬᠤ ᠠᠴᠠ ᠡᠮᠦᠨ᠎ᠡ᠂ ᠭᠦᠶᠦᠭ ᠬᠡᠨᠡᠳᠳᠡ ᠵᠠᠮ ᠵᠠᠭᠤᠷ᠎ᠠ ᠪᠠᠨ ᠨᠠᠰᠤ ᠪᠠᠷᠠᠵᠠᠢ᠃ | ᠭᠦᠶᠦᠭ ᠬᠠᠭᠠᠨ ᠢ ᠭᠠᠰᠢᠭᠤᠳᠠᠬᠤ ᠪᠡᠯᠪᠡᠰᠦᠷᠡᠯ ᠤᠨ ᠶᠤᠰᠤ ᠶᠢ ᠬᠦᠢᠴᠡᠳᠬᠡᠵᠤ ᠲᠠᠭᠤᠰᠤᠮᠠᠭᠴᠠ᠂ | ᠴᠢᠩᠭᠢᠰ ᠬᠠᠭᠠᠨ ᠤ ᠠᠯᠳᠠᠨ ᠤᠷᠤᠭ ᠤᠨ ᠲᠤᠳᠤᠷᠠᠬᠢ ᠠᠬᠠᠮᠠᠳ ᠬᠦᠪᠡᠬᠦᠨ ᠤ ᠬᠤᠪᠢ ᠪᠠᠷ ᠪᠠᠳᠤ ᠬᠠᠨ ᠲᠦᠷᠪᠡᠨ | ᠵᠦᠭ ᠨᠠᠢᠮᠠᠨ ᠵᠤᠪᠬᠢᠰ ᠲᠤ ᠡᠯᠴᠢ ᠲᠣᠪᠳᠤᠯᠭᠠᠨ᠂ ᠪᠤᠰᠤᠳ ᠬᠠᠨ ᠬᠦᠪᠡᠭᠦᠳ ᠭᠢᠭᠡᠳ ᠶᠡᠬᠡᠰ ᠨᠤᠶᠠᠳ ᠢ | ᠲᠡᠷᠭᠡᠳᠡ ᠪᠠᠨ ᠤᠷᠢᠵᠤ᠂ ᠶᠡᠭᠡ ᠬᠤᠷᠠᠯ ᠬᠤᠷᠠᠯᠳᠤᠭᠤᠯᠤᠨ ᠬᠠᠭᠠᠨ ᠰᠤᠩᠭᠤᠬᠤ ᠤᠴᠢᠷ ᠢ ᠵᠦᠪᠯᠡᠶ᠎ᠡ ᠬᠡᠪᠡ᠃ | ᠦᠭᠡᠳᠡᠢ᠂ ᠴᠠᠭᠠᠳᠠᠢ ᠶᠢᠨ ᠤᠬᠰᠠᠭᠠᠨ ᠤ ᠬᠢᠨᠢ ᠲᠡᠬᠦᠨ ᠳᠤ ᠲᠤᠷ᠎ᠠ ᠦᠭᠡᠶᠢᠴᠡᠵᠤ ᠴᠢᠩᠭᠢᠰ ᠬᠠᠭᠠᠨ ᠤ ᠨᠡᠶᠢᠰᠯᠡᠯ | ᠬᠤᠳᠠ᠂ ᠦᠨᠳᠦᠰᠦᠨ ᠨᠤᠲᠤᠭ᠂ ᠦᠷᠭᠦᠭᠡ ᠬᠡᠷ ᠨᠢ ᠤᠨᠤᠨ᠂ ᠬᠡᠷᠦᠯᠦᠨ ᠮᠦᠷᠡᠨ ᠤ ᠭᠦᠪᠡᠭᠡ ᠳᠤ ᠪᠠᠶᠢᠳᠠᠯ᠎ᠠ | ᠪᠢᠳᠡ ᠬᠢᠪᠴᠠᠭ ᠤᠨ ᠲᠠᠯ᠎ᠠ ᠨᠤᠲᠤᠭ ᠲᠤ ᠶᠠᠭᠤ ᠪᠠᠨ ᠬᠢᠬᠦ ᠪᠠᠷ ᠤᠴᠢᠬᠤ ᠪᠤᠢ︖ ᠭᠡᠳ ᠦᠪᠡᠷᠰᠡᠳ ᠤᠨ ᠢᠶᠠᠨ | ᠤᠷᠤᠨ ᠳᠤ ᠬᠠᠷ᠎ᠠ ᠬᠤᠷᠢᠨ ᠬᠤᠳᠠ ᠶᠢᠨ ᠲᠠᠷᠤᠭ᠎ᠠ ᠲᠡᠮᠤᠷ ᠨᠤᠶᠠᠨ ᠨᠠᠷ ᠢ ᠲᠦᠯᠦᠬᠡᠯᠡᠭᠴᠢ ᠪᠤᠯᠭᠠᠨ ᠲᠤᠮᠢᠯᠠᠵᠤ | ᠶᠠᠪᠤᠭᠤᠯᠪᠠ᠃ ᠬᠡᠳᠡᠯ᠎ᠡ ᠰᠤᠷᠠᠨᠬᠠᠳᠠᠨᠢ ᠪᠠᠬᠢ᠄ ︽ᠬᠠᠨ ᠬᠦᠪᠡᠬᠦᠳ ᠠᠬ᠎ᠠ ᠶᠢᠨ ᠢᠶᠠᠨ ᠦᠭᠡ ᠶᠢ ᠦᠯᠦ ᠤᠶᠢᠰᠢᠶᠠᠨ | ᠤᠴᠢᠭᠰᠠᠨ ᠦᠭᠡᠢ ᠤᠴᠢᠷ᠂ ᠴᠢ ᠤᠯᠠᠨ ᠲᠡᠭᠦᠦ ᠨᠠᠷ ᠢᠶᠠᠨ ᠲᠠᠭᠠᠭᠤᠯᠵᠤ ᠤᠴᠢᠭᠠᠳ ᠡᠪᠡᠳᠴᠢᠨ ᠲᠠᠢ | ᠠᠬ᠎ᠠ ᠳᠠᠭᠠᠨ ᠪᠠᠷᠠᠯᠬ᠎ᠠ︕︾ ᠬᠡᠵᠤ ᠮᠦᠩᠭᠡ ᠳᠤ ᠬᠡᠯᠡᠭᠡᠳ ᠪᠠᠰᠠ᠄ ︽ᠪᠠᠳᠤ ᠪᠣᠯ ᠤᠯᠠᠨ ᠬᠠᠨ ᠬᠦᠪᠡᠬᠦᠳ ᠤᠨ | ᠠᠬ᠎ᠠ ᠨᠢ ᠪᠤᠯᠬᠤᠷ ᠲᠡᠬᠦᠨ ᠤ ᠬᠡᠯᠡᠭᠰᠡᠨ ᠦᠭᠡ ᠪᠠ ᠪᠠᠭᠤᠯᠭᠠᠭᠰᠠᠨ ᠵᠠᠷᠯᠢᠭ ᠨᠢ ᠮᠦᠨ ᠬᠠᠤᠯᠢ ᠴᠠᠭᠠᠵᠠ ᠪᠤᠯᠬᠤ | ᠶᠤᠮ᠃ ᠡᠶᠢᠮᠤ ᠠᠴᠠ ᠪᠢᠳᠡᠨᠡᠷ ᠲᠡᠬᠦᠨ ᠤ ᠲᠤᠭᠳᠠᠭᠠᠭᠰᠠᠨ ᠲᠤᠭᠳᠠᠭᠠᠯ ᠪᠤᠶᠤ ᠵᠦᠪ ᠬᠡᠵᠤ ᠦᠵᠡᠭᠰᠡᠨ ᠵᠦᠢᠯᠡᠰ ᠢ | ᠴᠦᠮ ᠵᠦᠪᠰᠢᠶᠡᠷᠡᠵᠤ ᠲᠤᠷᠠᠳᠠᠶ᠎ᠠ ᠬᠦᠯᠢᠶᠡᠨ ᠠᠪᠬᠤ ᠪᠤᠯᠤᠨ᠎ᠠ︾ ᠬᠡᠰᠡᠨ ᠠᠭᠤᠯᠭ᠎ᠠ ᠪᠦᠬᠦᠢ ᠪᠢᠴᠢᠭ ᠦᠭᠴᠤ | ᠶᠠᠪᠤᠭᠤᠯᠪᠠ᠃ ᠡᠨᠡ ᠤᠳᠠᠭ᠎ᠠ ᠶᠢᠨ ᠬᠤᠷᠠᠯᠳᠤᠭᠠᠨ ᠲᠡᠭᠡᠷ᠎ᠡ ᠮᠦᠩᠭᠡ ᠶᠢ ᠮᠤᠩᠭᠤᠯ ᠬᠠᠭᠠᠨᠳᠤ ᠤᠯᠤᠰ ᠤᠨ | ᠲᠦᠷᠪᠡᠳᠦᠬᠡᠷ ᠦᠶ᠎ᠡ ᠶᠢᠨ ᠶᠡᠭᠡ ᠬᠠᠭᠠᠨ ᠡᠷᠬᠦᠮᠵᠢᠯᠡᠬᠦ ᠪᠠᠷ ᠵᠢᠱᠢᠭᠰᠡᠨ ᠪᠦᠬᠡᠳ ᠲᠠᠷᠠᠭ᠎ᠠ ᠵᠢᠯ ᠤᠨ ᠬᠠᠪᠤᠷ᠂ | ᠬᠡᠷᠦᠯᠦᠨ ᠮᠦᠷᠡᠨ ᠤ ᠬᠦᠪᠡᠭᠡ ᠳᠤ ᠲᠠᠬᠢᠨ ᠶᠡᠭᠡ ᠬᠤᠷᠠᠯ ᠬᠤᠷᠠᠯᠳᠤᠭᠤᠯᠵᠤ ᠵᠢᠩᠭᠢᠨᠢ ᠪᠠᠷ ᠬᠠᠭᠠᠨ ᠰᠤᠩᠭᠤᠬᠤ ᠪᠠᠷ | ᠲᠤᠭᠳᠠᠵᠠᠢ᠂ ᠮᠦᠩᠭᠡ ᠶᠢ ᠶᠡᠭᠡ ᠬᠠᠭᠠᠨ ᠡᠷᠬᠦᠮᠵᠢᠯᠡᠬᠦ ᠬᠡᠰᠡᠨ ᠴᠢᠮᠡᠭᠡ ᠲᠦᠷᠪᠡᠨ ᠵᠦᠭ ᠨᠠᠢᠮᠠᠨ ᠵᠤᠪᠬᠢᠰ ᠲᠤ | ᠲᠠᠷᠬᠠᠮᠠᠭᠴᠠ ᠲᠡᠭᠦᠨ ᠤ ᠡᠬᠡ ᠰᠤᠷᠠᠨᠬᠠᠳᠠᠨᠢ ᠪᠠᠬᠢ᠂ ᠴᠢᠩᠭᠢᠰ ᠬᠠᠭᠠᠨ ᠤ ᠠᠯᠳᠠᠨ ᠤᠷᠤᠭ ᠤᠨ ᠬᠢᠨᠢ ᠶᠢ | ᠪᠡᠶ᠎ᠡ ᠳᠡᠭᠡᠨ ᠲᠠᠲᠠᠬᠤ ᠶᠢᠨ ᠲᠦᠯᠦᠭᠡ l ᠪᠡᠯᠡᠭ ᠰᠡᠯᠳᠡ ᠬᠦᠷᠬᠡᠵᠤ ᠡᠬᠢᠯᠡᠭᠰᠡᠨ ᠪᠦᠭᠡᠳ ᠠᠷᠠᠳ ᠢᠷᠭᠡᠳ ᠤᠨ | ᠰᠡᠳᠬᠢᠯ ᠢ ᠣᠯᠬᠤ ᠶᠢᠨ ᠲᠦᠯᠦᠬᠡ ᠶᠡᠭᠡ ᠬᠡᠮᠵᠢᠶᠡᠨ ᠤ ᠦᠭᠯᠢᠭᠡ ᠦᠭᠴᠤ ᠡᠬᠢᠯᠡᠭᠰᠡᠨ ᠪᠠᠶᠢᠪᠠ᠃ | 1251 ᠣᠨ ᠳᠤ ᠮᠦᠩᠭᠡ᠂ ᠮᠤᠩᠭᠤᠯ ᠬᠠᠭᠠᠨᠳᠤ ᠤᠯᠤᠰ ᠤᠨ ᠲᠦᠷᠪᠡᠳᠦᠬᠡᠷ ᠦᠶ᠎ᠡ ᠶᠢᠨ ᠶᠡᠭᠡ ᠬᠠᠭᠠᠨ | ᠡᠷᠬᠦᠮᠵᠢᠯᠡᠭᠳᠡᠮᠡᠭᠴᠡ ᠶᠠᠭᠤᠨ ᠤ ᠡᠮᠦᠨ᠎ᠡ᠂ ᠲᠡᠬᠦᠨ ᠤ ᠬᠠᠭᠠᠨ ᠰᠠᠭᠤᠬᠤ ᠶᠢ ᠢᠯᠡ ᠪᠠᠷ ᠡᠰᠡᠷᠬᠦᠴᠡᠵᠤ ᠪᠠᠶᠢᠭᠰᠠᠨ | ᠬᠠᠶᠢᠮᠢᠰᠢ ᠬᠠᠳᠤᠨ ᠲᠦᠷᠦᠬᠦᠳᠡᠢ ᠦᠭᠡᠳᠡᠢ᠂ ᠴᠠᠭᠠᠳᠠᠢ ᠶᠢᠨ ᠤᠭᠰᠠᠭᠠᠳᠠᠨ ᠤ ᠬᠢᠨᠢ ᠶᠢ ᠲᠠᠷᠤᠩᠭᠤᠶᠢᠯᠠᠬᠤ ᠪᠠᠷ | ᠵᠣᠷᠢᠵᠤ ᠪᠠᠶᠢᠪᠠ᠃ ᠡᠨᠡ ᠦᠶ᠎ᠡ ᠳᠤ ᠰᠤᠷᠠᠨᠬᠠᠳᠠᠨᠢ ᠪᠠᠬᠢ᠄ ︽ᠴᠢ ᠬᠠᠭᠠᠨ ᠰᠠᠭᠤᠭᠠᠳ ᠤᠳᠠᠭᠠᠳᠤᠢ ᠲᠤᠯᠠ | ᠦᠷᠦᠰᠢᠶᠡᠯᠳᠣ ᠵᠠᠰᠠᠭ ᠶᠠᠪᠤᠭᠤᠯᠪᠠᠯ ᠵᠤᠬᠢᠨ᠎ᠠ᠃ ᠲᠡᠭᠦᠨᠴᠢᠯᠡᠨ ᠬᠠᠶᠢᠮᠢᠰᠢ ᠬᠠᠳᠤᠨ ᠬᠢᠬᠡᠳ ᠲᠡᠭᠦᠨ ᠤ | ᠬᠦᠪᠡᠬᠦᠳ ᠤᠨ ᠠᠰᠠᠭᠤᠳᠠᠯ ᠪᠣᠯ ᠲᠦᠷᠦᠯ ᠰᠠᠳᠤᠨ ᠤ ᠬᠤᠭᠤᠷᠤᠨᠳᠤᠬᠢ ᠶᠠᠪᠤᠳᠠᠯ ᠪᠤᠯᠬᠤᠷ ᠨᠡᠩ ᠴᠦ ᠠᠯᠭᠤᠷ | ᠠᠭᠠᠵᠢᠮ ᠢᠶᠠᠷ ᠰᠢᠢᠳᠪᠤᠷᠢᠯᠡᠬᠦ ᠬᠡᠷᠡᠭᠳᠡᠢ︾ ᠬᠡᠵᠤ ᠰᠤᠷᠭᠠᠭᠰᠠᠨ ᠪᠠᠶᠢᠨ᠎ᠠ᠃ ᠬᠡᠪᠡᠴᠤ ᠮᠦᠩᠭᠡ ᠬᠠᠭᠠᠨ | ᠡᠬᠡ ᠶᠢᠨ ᠢᠶᠠᠨ ᠰᠤᠷᠭᠠᠯ ᠳᠤ ᠬᠠᠰᠢ ᠶᠠᠰᠢ ᠬᠠᠨᠳᠤᠵᠤ ᠦᠭᠡᠳᠡᠢ᠂ ᠴᠠᠭᠠᠳᠠᠢ ᠶᠢᠨ ᠬᠢᠨᠢ ᠶᠢ ᠲᠠᠷᠤᠩᠭᠤᠶᠢᠯᠠᠵᠤ | ᠡᠬᠢᠯᠡᠭᠰᠡᠨ ᠪᠤᠯᠬᠤᠷ ᠰᠤᠷᠠᠨᠬᠠᠳᠠᠨᠢ ᠪᠠᠬᠢ ᠲᠤᠷ᠎ᠠ ᠦᠭᠡᠶᠢᠴᠡᠨ᠂ ᠤᠳᠬᠤᠨ ᠬᠦᠪᠡᠬᠦᠨ ᠠᠷᠢᠬᠪᠦ᠋ᠭᠡ ᠪᠠᠨ ᠲᠠᠭᠠᠵᠤ | ᠬᠠᠷ᠎ᠠ ᠬᠤᠷᠢᠨ ᠠᠴᠠ ᠪᠠᠷᠠᠭᠤᠨ ᠬᠤᠶᠢᠭᠤᠷ ᠮᠠᠯ ᠮᠠᠯᠵᠢᠨ ᠠᠮᠢᠳᠤᠷᠠᠬᠤ ᠪᠤᠯᠵᠠᠢ᠃ ᠲᠡᠭᠡᠭᠡᠳ ᠮᠠᠰᠢ ᠬᠤᠷᠳᠤᠨ | ᠬᠦᠭᠰᠢᠷᠡᠵᠤ᠂ ᠲᠠᠷᠠᠭ᠎ᠠ ᠵᠢᠯ ︵1252 ᠣᠨ︶ ᠨᠢ ᠨᠠᠰᠤ ᠨᠦᠭᠴᠢᠵᠠᠢ᠃ | ᠰᠤᠷᠠᠨᠬᠠᠳᠠᠨᠢ ᠪᠠᠬᠢ ᠠᠴᠠ ᠮᠤᠩᠭᠤᠯ ᠬᠠᠭᠠᠨᠳᠤ ᠤᠯᠤᠰ ᠤᠨ ᠲᠦᠷᠪᠡᠳᠦᠬᠡᠷ ᠦᠶ᠎ᠡ ᠶᠢᠨ ᠶᠡᠭᠡ ᠬᠠᠭᠠᠨ | ᠮᠦᠩᠭᠡ᠂ ᠶᠤᠸᠠᠨ ᠤᠯᠤᠰ ᠢ ᠡᠭᠦᠰᠬᠡᠨ ᠪᠠᠶᠢᠭᠤᠯᠤᠭᠰᠠᠨ ᠬᠤᠪᠢᠯᠠᠢ ᠰᠡᠴᠡᠨ ᠬᠠᠭᠠᠨ᠂ ᠢᠯ ᠬᠠᠨ ᠤᠯᠤᠰ ᠢ | ᠪᠠᠶᠢᠭᠤᠯᠤᠭᠰᠠᠨ ᠦᠯᠡᠬᠦ᠂ ᠮᠤᠩᠭᠤᠯ ᠤᠷᠤᠨ ᠢᠶᠠᠨ ᠡᠵᠡᠯᠡᠨ ᠰᠠᠭᠤᠭᠰᠠᠨ ᠠᠷᠢᠬᠪᠦ᠋ᠭᠡ ᠵᠡᠷᠭᠡ ᠦᠯᠢᠭᠡᠷ ᠲᠡᠦᠭᠡᠨᠡ | ᠠᠯᠳᠠᠷ ᠴᠤᠤ ᠲᠠᠢ ᠲᠦᠷᠪᠡᠨ ᠬᠦᠪᠡᠬᠦᠨ ᠲᠦᠷᠦᠭᠰᠡᠨ ᠶᠤᠮ᠃ ᠰᠤᠷᠠᠨᠬᠠᠳᠠᠨᠢ ᠪᠠᠬᠢ ᠴᠢᠩᠭᠢᠰ ᠬᠠᠭᠠᠨ ᠤ | ᠰᠤᠷᠭᠠᠯ ᠢᠶᠠᠷ ᠦᠷ᠎ᠡ ᠬᠡᠦᠬᠡᠳ ᠢᠶᠠᠨ ᠴᠢᠩᠭ᠎ᠠ ᠱᠠᠭᠠᠷᠳᠠᠳᠠᠭ ᠪᠤᠯᠪᠠᠴᠤ ᠡᠭᠡᠯ ᠠᠷᠠᠳ ᠭᠢᠭᠡᠳ ᠡᠩ ᠤᠨ ᠱᠠᠰᠢᠨ | ᠰᠤᠷᠳᠠᠬᠤᠨ ᠤ ᠮᠦᠷᠬᠦᠯᠳᠡᠳ ᠲᠤ ᠲᠤᠩ ᠶᠡᠭᠡ ᠡᠨᠡᠷᠢᠯ ᠬᠠᠶᠢᠷ᠎ᠠ ᠲᠠᠢ ᠪᠠᠶᠢᠵᠠᠢ᠃ ᠡᠶᠢᠮᠤ ᠠᠴᠠ ᠲᠡᠷᠡ ᠲᠦᠷᠪᠡᠨ | ᠵᠦᠭ ᠨᠠᠢᠮᠠᠨ ᠵᠤᠪᠬᠢᠰ ᠠᠴᠠ ᠬᠠᠷ᠎ᠠ ᠬᠤᠷᠢᠨ ᠳᠤ ᠬᠦᠷᠦᠯᠴᠡᠨ ᠢᠷᠡᠭᠰᠡᠨ ᠦᠭᠡᠭᠦᠦ ᠶᠠᠳᠠᠭᠤ ᠬᠦᠮᠦᠰ ᠲᠤ ᠡᠳᠦᠷ | ᠪᠦᠷᠢ ᠶᠡᠭᠡ ᠬᠡᠮᠵᠢᠶᠡᠨ ᠤ ᠦᠭᠯᠢᠭᠡ ᠦᠭᠴᠣ ᠲᠦᠭᠡᠭᠡᠯ ᠲᠦᠭᠡᠭᠡᠵᠤ ᠪᠠᠶᠢᠭᠰᠠᠨ ᠶᠤᠮ᠃ ᠰᠤᠷᠠᠨᠬᠠᠳᠠᠨᠢ ᠪᠠᠬᠢ | ᠦᠪᠡᠷ ᠢᠶᠠᠨ ᠬᠡᠳᠦᠶᠢᠪᠡᠷ ᠡᠾᠷᠢᠰᠲ᠋ᠤᠰ ᠤᠨ ᠱᠠᠰᠢᠨ ᠢ ᠰᠢᠳᠦᠳᠡᠭ ᠪᠤᠯᠪᠠᠴᠤ ᠢᠰᠯᠠᠮ ᠤᠨ ᠱᠠᠰᠢᠨ ᠤ ᠮᠦᠷᠬᠦᠯᠳᠡᠳ ᠢ | ᠮᠦᠨ ᠠᠳᠠᠯᠢᠬᠠᠨ ᠢᠶᠠᠷ ᠡᠨᠡᠷᠢᠵᠤ᠂ ᠨᠢᠭᠡᠨ ᠤᠳᠠᠭ᠎ᠠ ᠮᠢᠩᠭᠠᠨ ᠦᠯᠦᠭᠡᠢ ᠰᠢᠵᠢᠷ ᠠᠯᠳᠠ ᠦᠭᠭᠦᠭᠡᠳ᠂ ᠪᠤᠬᠠᠷ | ᠬᠤᠳᠠᠨ᠎ᠠ ᠰᠤᠷᠭᠠᠭᠤᠯᠢ ᠪᠠᠶᠢᠭᠤᠯᠵᠤ ᠲᠤᠰ ᠰᠤᠷᠳᠠᠬᠤᠨ ᠤ ᠮᠦᠷᠬᠦᠯᠳᠡᠳ ᠤᠨ ᠮᠢᠩᠭᠠᠨ ᠬᠡᠦᠬᠡᠳ ᠢ ᠡᠯᠰᠡᠨ ᠠᠪᠴᠤ | ᠰᠤᠷᠤᠯᠴᠠᠭᠤᠯᠤᠭᠰᠠᠨ ᠪᠠᠶᠢᠨ᠎ᠠ᠃ ᠢᠰᠯᠠᠮ ᠤᠨ ᠱᠠᠰᠢᠨ ᠤ ᠮᠦᠷᠭᠦᠯᠳᠡᠳ ᠰᠤᠷᠠᠨᠬᠠᠳᠠᠨᠢ ᠪᠠᠬᠢ ᠶᠢ ᠲᠤᠷᠠᠰᠬᠠᠬᠤ ᠶᠢᠨ | ᠲᠦᠯᠦᠬᠡ᠂ ᠲᠤᠰ ᠰᠤᠷᠭᠠᠭᠤᠯᠢ ᠪᠠᠨ ︽ᠬᠠᠳᠤᠨ ᠤ ᠰᠤᠷᠭᠠᠭᠤᠯᠢ︾ ᠭᠡᠵᠤ ᠨᠡᠷᠡᠶᠢᠳᠦᠭᠰᠡᠨ ᠪᠠᠶᠢᠵᠠᠢ᠃ | ᠦᠷᠦᠨᠡᠳᠠᠬᠢᠨ ᠤ ᠪᠢᠴᠢᠭ ᠮᠠᠲ᠋ᠧᠷᠢᠶᠠᠯ ᠢ ᠦᠨᠳᠦᠰᠦᠯᠡᠪᠡᠯ ᠡᠨᠡ ᠬᠦ ᠰᠤᠷᠭᠠᠭᠤᠯᠢ ᠨᠢ ᠲᠡᠦᠬᠡ ᠶᠢᠨ ᠤᠷᠳᠤ ᠤᠳᠠᠭᠠᠨ | ᠬᠤᠭᠤᠴᠠᠭᠠᠨ ᠳᠤ ᠪᠦᠷᠢᠨ ᠪᠦᠳᠦᠨ ᠬᠠᠳᠠᠭᠠᠯᠠᠭᠳᠠᠵᠤ᠂ ᠤᠳᠤ ᠪᠤᠯᠳᠠᠯ᠎ᠠ ᠢᠰᠯᠠᠮ ᠤᠨ ᠱᠠᠰᠢᠨ ᠮᠦᠷᠬᠦᠯᠳᠡᠳ ᠤᠨ | ᠦᠷ᠎ᠡ ᠭᠡᠦᠭᠡᠳ ᠢ ᠬᠦᠮᠦᠵᠢᠬᠦᠯᠦᠭᠰᠡᠭᠡᠷ ᠪᠠᠶᠢᠭ᠎ᠠ ᠠᠵᠢ᠃ | ︵ᠨᠠ᠊ · ᠠᠯᠳᠠᠨᠱᠠ ᠶᠢᠨ ︽ᠮᠤᠩᠭᠤᠯᠴᠤᠳ ᠤᠨ ᠦᠴᠦᠬᠡᠳᠦᠷ ᠤᠨ ᠮᠦᠷ︾ ᠬᠡᠬᠦ ᠨᠤᠮ ᠠᠴᠠ | ᠰᠡᠶᠢᠷᠡᠬᠦᠯᠪᠡ︶ | | | | | | |