| ᠴᠢᠩᠭᠢᠰ ᠤᠨ ᠲᠦᠷᠪᠡᠨ ᠬᠦᠯᠦᠭ — ᠪᠤᠷᠤᠬᠤᠯ | | | | | | ᠵᠦᠷᠬᠢᠨ ᠠᠶᠢᠮᠠᠭ ᠤᠨ ᠬᠤᠤᠵᠢᠨ ᠤᠪᠤᠭᠳᠠᠨ᠃ | 1195 ᠣᠨ ᠳᠤ ᠴᠢᠩᠭᠢᠰ ᠬᠠᠭᠠᠨ᠂ ᠲᠡᠷᠭᠡᠳᠣ ᠶᠢᠨ ᠠᠮᠠᠰᠠᠷ ᠭᠡᠭᠦ ᠭᠠᠵᠠᠷ ᠵᠦᠷᠬᠢᠨ ᠢ ᠨᠡᠭᠡᠵᠤ ᠬᠦᠢᠴᠡᠬᠡᠳ᠂ | ᠲᠡᠳᠡᠨ ᠤ ᠨᠤᠶᠠᠨ ᠰᠡᠴᠡᠪᠠᠬᠢ᠂ ᠲᠠᠶᠢᠴᠤ ᠬᠤᠶᠠᠷ ᠢ ᠪᠠᠷᠢᠵᠤ ᠠᠯᠠᠭᠠᠳ ᠪᠤᠴᠠᠬᠤ ᠳᠠᠭᠠᠨ ᠵᠠᠯᠠᠶᠢᠷ ᠤᠨ ᠵᠡᠪᠡᠭᠡ ᠨᠠᠷ | ᠵᠦᠷᠬᠢᠨ ᠤ ᠬᠠᠭᠤᠴᠢᠨ ᠨᠤᠲᠤᠭ ᠢᠶᠠᠷ ᠦᠩᠭᠡᠷᠡᠵᠤ ᠭᠠᠷᠬᠤ ᠳᠤ ᠬᠤᠤᠵᠢᠨ ᠣᠪᠣᠭ ᠤᠨ ᠪᠠᠭᠤᠴᠠᠨ ᠲᠡᠬᠡᠷ᠎ᠡ ᠠᠴᠠ | ᠨᠢᠭᠡᠨ ᠵᠢᠭᠠᠯ ᠬᠦᠪᠡᠬᠦᠨ ᠢ ᠤᠯᠵᠤ ᠠᠪᠴᠢᠷᠠᠭᠠᠳ᠂ ᠴᠢᠩᠭᠢᠰ ᠬᠠᠭᠠᠨ ᠤ ᠡᠬᠡ ᠦᠬᠡᠯᠦᠨ ᠦᠵᠢᠨ ᠳᠤ ᠥᠭᠪᠡ᠃ | ᠡᠨᠡ ᠪᠣᠯ ᠮᠦᠨ ᠪᠤᠷᠤᠬᠤᠯ ᠶᠤᠮ᠃ | | ᠪᠤᠷᠤᠬᠤᠯ ᠪᠠᠭ᠎ᠠ ᠳᠠᠭᠠᠨ ᠴᠢᠩᠭᠢᠰ ᠬᠠᠭᠠᠨ ᠤ ᠵᠤᠭᠤᠭ ᠢ ᠡᠷᠬᠢᠯᠡᠳᠡᠭ ᠪᠤᠭᠤᠷᠴᠢ ︵ᠲᠤᠭᠤᠭᠠᠴᠢ︶ ᠪᠠᠶᠢᠵᠠᠢ᠃ | ᠬᠡᠪᠡᠴᠤ ᠰᠡᠬᠦᠯᠡᠷ ᠨᠢ ᠦᠰᠴᠤ᠂ ᠦᠭᠡᠯᠡᠢ ᠪᠤᠯᠤᠭᠠᠳ ᠬᠠᠷᠪᠤᠵᠤ ᠨᠠᠮᠨᠠᠬᠤ ᠳᠤ ᠮᠡᠷᠭᠡᠰᠢᠨ᠂ ᠲᠠᠶᠢᠨ ᠪᠠᠶᠢᠯᠳᠤᠭᠠᠨ | ᠳᠤ ᠰᠢᠯᠭᠠᠷᠠᠭᠠᠳ᠂ ᠪᠤᠭᠤᠷᠴᠢ᠂ ᠮᠤᠬᠤᠯᠠᠢ᠂ ᠴᠢᠯᠠᠭᠤᠨ ᠨᠠᠷ ᠲᠠᠢ ᠮᠦᠷᠦ ᠵᠡᠷᠬᠡᠴᠡᠵᠤ᠂ ᠴᠢᠩᠭᠢᠰ ᠬᠠᠭᠠᠨ ᠤ | ᠲᠦᠷᠪᠡᠨ ᠬᠦᠯᠦᠭ ᠬᠡᠵᠤ ᠠᠯᠳᠠᠷᠰᠢᠪᠡ᠃ | 1201ᠣᠨ ᠳᠤ ᠴᠢᠩᠭᠢᠰ ᠬᠠᠭᠠᠨ ᠲᠠᠶᠢᠴᠢᠭᠤᠳ ᠠᠶᠢᠮᠠᠭ ᠢ ᠲᠦᠪᠰᠢᠳᠬᠡᠬᠦ ᠦᠶ᠎ᠡ ᠳᠤ ᠪᠤᠷᠤᠬᠤᠯ ᠲᠠᠭᠠᠵᠤ | ᠮᠤᠷᠳᠠᠭᠠᠳ᠂ ᠰᠢᠷᠦᠬᠦᠨ ᠲᠤᠯᠤᠯᠳᠣᠭᠠᠨ ᠤ ᠲᠤᠮᠳᠠ ᠪᠤᠷᠤ ᠪᠠᠮᠪᠠᠢ ᠪᠡᠨ᠎ᠡ ᠠᠳᠬᠤᠵᠤ᠂ ᠬᠠᠷᠪᠤᠬᠤ ᠰᠤᠮᠤ ᠶᠢ | ᠬᠠᠯᠬᠠᠯᠠᠨ᠂ ᠬᠠᠭᠠᠨ ᠡᠵᠡᠨ ᠢᠶᠠᠨ ᠬᠠᠮᠠᠭᠠᠯᠠᠵᠤ ᠪᠠᠶᠢᠪᠠ᠃ ᠲᠡᠷᠡ ᠲᠤᠬᠠᠢ ᠲᠠᠶᠢᠰᠦᠨ ᠤ ᠰᠤᠮᠤᠨ ᠳᠤ ᠤᠨᠤᠭᠳᠠᠵᠤ | ᠲᠤᠯᠤᠭᠠᠢ ᠪᠠᠨ ᠰᠢᠷᠬᠠᠳᠤᠭᠤᠯᠵᠤ᠂ ᠤᠨᠤᠭᠰᠠᠨ ᠮᠤᠷᠢ ᠠᠴᠠ ᠪᠠᠨ ᠤᠨᠠᠭᠰᠠᠨ ᠪᠤᠯᠪᠠᠴᠤ ᠤᠬᠤᠰᠬᠢᠨ ᠲᠦᠷᠭᠡᠨ | ᠪᠤᠰᠴᠤ ᠵᠤᠭᠰᠤᠭᠠᠳ᠂ ᠨᠤᠮᠤ ᠪᠠᠨ ᠲᠠᠶᠠᠭ ᠪᠤᠯᠭᠠᠨ ᠲᠤᠯᠵᠤ᠂ ᠪᠠᠮᠪᠠᠢ ᠪᠠᠨ ᠠᠯᠳᠠᠯ ᠦᠭᠡᠢ ᠪᠠᠷᠢᠵᠤ ᠨᠢᠰᠦᠨ ᠢᠷᠡᠬᠦ | ᠵᠡᠪᠡ ᠶᠢ ᠨᠢᠭᠡᠳ ᠨᠢᠭᠡ ᠪᠡᠷ᠎ᠡ ᠲᠤᠰᠴᠤ ᠪᠠᠶᠢᠯ᠎ᠠ᠃ ᠪᠤᠭᠤᠷᠴᠢ ᠤᠷᠤᠭᠰᠢ ᠪᠠᠨ ᠠᠯᠠᠯᠳᠣᠬᠤ ᠵᠠᠭᠤᠷ᠎ᠠ᠂ | ᠬᠤᠶᠢᠰᠢ ᠪᠠᠨ ᠬᠠᠷᠠᠵᠤ ᠪᠤᠷᠤᠬᠤᠯ ᠳᠤ᠄ ︽ᠡᠷ᠎ᠡ ᠬᠦᠮᠦᠨ ᠭᠠᠭᠴᠠ ᠰᠤᠮᠤᠨ ᠳᠤ ᠤᠨᠠᠳᠠᠭ ᠪᠢᠯᠢᠤ︖ ᠡᠪᠡᠷ ᠢᠶᠠᠨ | ᠴᠤᠬᠢᠭᠤᠯᠤᠭᠰᠠᠨ ᠢᠰᠢᠬᠡ ᠮᠡᠳᠣ᠂ ᠡᠷᠡᠬᠡᠯᠵᠡᠨ ᠰᠠᠯᠭᠠᠨᠠᠬᠤ ᠴᠢᠨᠢ ᠶᠠᠭᠤ ᠪᠤᠢ︖︾ ᠬᠡᠪᠡ᠃ ᠪᠤᠷᠤᠬᠤᠯ | ᠮᠤᠷᠢᠨ ᠤ ᠪᠠᠨ ᠪᠤᠷᠤᠭᠤᠳᠠᠢ ᠲᠠᠯ᠎ᠠ ᠠᠴᠠ ᠬᠠᠷᠠᠶᠢᠵᠤ ᠮᠤᠷᠳᠠᠭᠠᠳ ᠬᠠᠯᠬᠠᠪᠴᠢ ᠪᠡᠨ᠎ᠡ ᠪᠠᠷᠢᠵᠤ᠂ ᠬᠠᠶᠢᠬᠤᠷᠤᠯ | ᠦᠭᠡᠢ ᠪᠠᠶᠢᠯᠳᠤᠵᠤ ᠶᠠᠪᠤᠪᠠ᠃ ᠴᠢᠩᠭᠢᠭᠡᠳ ᠬᠠᠯᠳᠠᠵᠤ ᠢᠷᠡᠭᠰᠡᠨ ᠲᠠᠶᠢᠰᠦᠨ ᠠᠯᠠᠭᠳᠠᠭᠰᠠᠨ ᠬᠦᠮᠦᠨ ᠤ ᠪᠠᠨ | ᠬᠡᠬᠦᠷ ᠢ ᠠᠪᠴᠤ ᠲᠤᠳᠠᠭᠠᠪᠠ᠃ ᠪᠤᠷᠤᠬᠤᠯ ᠨᠠᠷ ᠠᠷᠤ ᠠᠴᠠ ᠨᠢ ᠨᠡᠭᠡᠵᠤ᠂ ᠴᠠᠶᠢᠳᠤ ᠶᠢᠨ ᠴᠠᠭᠠᠨ ᠲᠠᠯ᠎ᠠ ︵ᠤᠳᠤ | ᠮᠤᠩᠭᠤᠯ ᠤᠯᠤᠰ ᠲᠤ ᠪᠤᠢ︶ ᠳᠤ ᠲᠠᠶᠢᠰᠦᠨ ᠢ ᠬᠦᠬᠡᠬᠡᠵᠤ ᠬᠦᠢᠴᠡᠬᠡᠳ᠂ ᠤᠯᠠᠨ ᠬᠤᠨᠢᠨ ᠳᠤ ᠤᠷᠤᠭᠰᠠᠨ ᠴᠢᠨ᠋ᠸ᠎ᠠ | ᠮᠡᠳᠤ ᠴᠠᠪᠴᠢᠵᠤ ᠶᠠᠪᠤᠨ ᠪᠤᠳᠠ ᠨᠢᠷᠭᠡᠭᠰᠡᠨ ᠪᠠᠶᠢᠵᠠᠢ᠃ | 1203ᠣᠨ ᠳᠤ ᠴᠢᠩᠭᠢᠰ ᠬᠠᠭᠠᠨ᠂ ᠬᠡᠷᠡᠶᠢᠳ ᠤᠨ ᠸᠠᠩ ᠬᠠᠨ ᠯᠤᠭ᠎ᠠ ᠡᠪᠳᠡᠷᠡᠯᠴᠡᠵᠤ ᠰᠢᠷᠦᠬᠦᠨ | ᠪᠠᠶᠢᠯᠳᠤᠭᠠᠨ ᠬᠢᠪᠡ᠃ ᠡᠨᠡ ᠤᠳᠠᠭ᠎ᠠ ᠶᠢᠨ ᠪᠠᠶᠢᠯᠳᠤᠭᠠᠨ ᠳᠤ ᠴᠢᠩᠭᠢᠰ ᠬᠠᠭᠠᠨ ᠤ ᠴᠡᠷᠢᠭ ᠶᠡᠬᠡᠪᠡᠷ ᠲᠡᠶᠢᠯᠤᠭ᠍ᠳᠡᠵᠤ | ᠰᠠᠷᠨᠢᠨ ᠪᠤᠳᠠᠷᠠᠭᠠᠳ ᠪᠤᠷᠤᠬᠤᠯ᠂ ᠪᠤᠭᠤᠷᠴᠢ᠂ ᠦᠭᠡᠳᠡᠢ ᠭᠤᠷᠪᠠᠭᠤᠯᠠ ᠠᠯᠠᠭ᠎ᠠ ᠪᠤᠯᠵᠠᠢ᠃ ᠮᠠᠷᠭᠠᠰᠢ ᠨᠢ ᠴᠢᠩᠭᠢᠰ | ᠬᠠᠭᠠᠨ ᠴᠡᠷᠢᠭ ᠢᠶᠠᠨ ᠴᠡᠭ᠌ᠴᠡᠯᠡᠵᠤ ᠪᠠᠶᠢᠳᠠᠯ᠎ᠠ᠂ ᠠᠯᠣᠰ ᠠᠴᠠ ᠨᠢᠭᠡᠨ ᠮᠤᠷᠢᠳᠠᠢ ᠬᠦᠮᠦᠨ ᠢᠷᠡᠬᠦ ᠨᠢ ᠬᠠᠷᠠᠭᠳᠠᠯ᠎ᠠ᠃ | ᠯᠠᠪᠯᠠᠨ ᠦᠵᠡᠪᠡᠯ ᠪᠤᠷᠤᠬᠤᠯ ᠬᠤᠶᠠᠷ ᠵᠠᠪᠵᠢ ᠪᠠᠷ ᠢᠶᠠᠨ ᠴᠢᠰᠤ ᠴᠤᠪᠤᠷᠢᠭᠤᠯᠵᠤ ᠡᠮᠡᠭᠡᠯ ᠲᠡᠭᠡᠷ᠎ᠡ ᠪᠠᠨ ᠦᠭᠡᠳᠡᠢ ᠶᠢ | ᠲᠡᠭᠦᠷᠴᠤ ᠢᠷᠡᠭᠰᠡᠨ ᠪᠠᠶᠢᠵᠠᠢ᠃ ᠤᠴᠢᠷ ᠢ ᠠᠰᠠᠭᠤᠪᠠᠯ ᠰᠢᠷᠦᠬᠦᠨ ᠪᠠᠶᠢᠯᠳᠣᠭᠠᠨ ᠤ ᠲᠤᠮᠳᠠ ᠦᠭᠡᠳᠡᠢ ᠶᠢᠨ | ᠬᠦᠵᠦᠬᠦᠦ ᠰᠢᠷᠬᠠᠳᠤᠵᠤ ᠮᠤᠷᠢ ᠨᠢ ᠪᠠᠰᠠ ᠦᠭᠦᠭᠰᠡᠨ ᠳᠤ᠂ ᠪᠤᠷᠤᠬᠤᠯ ᠠᠮᠢ ᠪᠠᠨ ᠴᠦᠯᠡᠵᠤ ᠦᠭᠡᠳᠡᠢ ᠶᠢ | ᠠᠪᠤᠷᠠᠭᠠᠳ᠂ ᠰᠤᠮᠤᠨ ᠤ ᠵᠡᠪᠡ ᠲᠠᠢ ᠴᠢᠰᠤ ᠶᠢ ᠠᠮᠠ ᠪᠠᠷ ᠢᠶᠠᠨ ᠰᠢᠮᠡᠭᠰᠡᠬᠡᠷ ᠪᠤᠴᠠᠵᠤ ᠢᠷᠡᠭᠰᠡᠨ ᠨᠢ ᠡᠨᠡ ᠠᠵᠢ᠃ | ᠴᠢᠩᠭᠢᠰ ᠬᠠᠭᠠᠨ ᠡᠨᠡ ᠬᠦ ᠪᠠᠶᠢᠳᠠᠯ ᠢ ᠦᠵᠡᠬᠡᠳ ᠰᠡᠳᠬᠢᠯ ᠬᠦᠳᠡᠯᠤᠨ ᠨᠢᠯᠪᠤᠰᠤ ᠤᠨᠠᠭᠠᠵᠤ᠂ ᠲᠤᠤᠷᠠᠬᠢ | ᠬᠦᠮᠦᠰ ᠢᠶᠠᠷ ᠢᠶᠠᠨ ᠭᠠᠯ ᠲᠦᠯᠡᠬᠦᠯᠦᠨ ᠴᠢᠯᠠᠭᠤ ᠬᠠᠯᠠᠭᠤᠯᠵᠤ᠂ ᠰᠢᠷᠬ᠎ᠠ ᠶᠢ ᠨᠢ ᠬᠠᠭᠠᠷᠢᠭᠠᠳ ᠡᠳᠡᠭᠡᠷᠡᠬᠦᠯᠦᠨ | ᠠᠪᠴᠠᠢ᠃ ᠲᠡᠬᠦᠨ ᠤ ᠬᠤᠶᠢᠨ᠎ᠡ ᠪᠤᠷᠤᠬᠤᠯ᠃ ᠴᠢᠯᠠᠭᠤᠨ ᠤ ᠲᠡᠬᠦᠦ ᠴᠢᠮᠪᠠᠢ ᠯᠤᠭ᠎ᠠ ᠪᠠᠷᠠᠭᠤᠨ ᠭᠠᠷᠤᠨ ᠴᠡᠷᠢᠭ ᠢ | ᠠᠪᠴᠤ᠂ ᠤᠸᠠᠰ ᠮᠡᠷᠬᠢᠳ ᠤᠨ ᠲᠠᠶᠢᠷ ᠤᠰᠤᠨ ᠢ ᠨᠡᠭᠡᠭᠡᠳ᠂ ᠰᠡᠯᠡᠩᠭᠡ ᠮᠦᠷᠡᠨ ᠤ ᠬᠠᠷᠬᠤᠨ ᠲᠦᠬᠦᠮ ᠬᠡᠳᠡᠭ | ᠭᠠᠵᠠᠷ ᠲᠤ ᠬᠦᠷᠴᠤ ᠲᠦᠪᠰᠢᠳᠬᠡᠭᠡᠳ ᠪᠤᠴᠠᠵᠤ ᠢᠷᠡᠵᠠᠢ᠃ | 1206ᠣᠨ ᠳᠤ ᠴᠢᠩᠭᠢᠰ ᠬᠠᠭᠠᠨ ᠪᠦᠬᠦ ᠮᠤᠩᠭᠤᠯ ᠤᠨ ᠶᠡᠭᠡ ᠬᠠᠭᠠᠨ ᠡᠷᠬᠦᠮᠵᠢᠯᠡᠭᠳᠡᠭᠡᠳ᠂ ᠤᠯᠠᠨ | ᠭᠠᠪᠢᠶᠠᠳᠠᠨ ᠰᠠᠶᠢᠳ ᠢᠶᠠᠨ ᠱᠠᠩᠨᠠᠬᠤ ᠦᠶ᠎ᠡ ᠳᠤ ᠪᠤᠷᠤᠬᠤᠯ ᠢ ᠠᠷᠪᠠᠨ ᠲᠦᠷᠪᠡᠳᠦᠬᠡᠷ ᠮᠢᠩᠭᠠᠨ ᠤ ᠨᠤᠶᠠᠨ ᠪᠤᠯᠭᠠᠪᠠ᠃ | ᠤᠷᠢᠳᠣ ᠴᠢᠩᠭᠢᠰ ᠬᠠᠭᠠᠨ ᠲᠦᠷᠪᠡᠨ ᠲᠠᠲ᠋ᠠᠷ ᠢ ᠤᠰᠠᠳᠬᠠᠬᠤ ᠦᠶ᠎ᠡ ᠳᠤ᠂ ᠲᠠᠲ᠋ᠠᠷ ᠤᠨ ᠬᠠᠷᠬᠢᠯ ᠰᠢᠷ᠎ᠠ ᠬᠡᠳᠡᠭ | ᠬᠦᠮᠦᠨ ᠲᠤᠳᠠᠭᠠᠵᠤ᠂ ᠬᠦᠨᠡᠰᠣ ᠬᠤᠭᠤᠯᠠ ᠲᠠᠰᠤᠷᠠᠭᠰᠠᠨ ᠳᠠᠭᠠᠨ ᠦᠬᠡᠯᠦᠨ ᠦᠵᠢᠨ ᠤ ᠦᠷᠬᠦᠭᠡᠨ ᠳᠤ ᠰᠡᠮᠡᠭᠡᠷ | ᠰᠢᠷᠭᠤᠨ ᠤᠷᠤᠵᠤ ᠬᠤᠭᠤᠯᠠ ᠤᠮᠳᠠ ᠭᠤᠶᠤᠭᠰᠠᠨ ᠳᠤ᠂ ᠦᠭᠡᠯᠦᠨ ᠦᠵᠢᠨ ᠲᠡᠬᠦᠨ ᠤ ᠤᠷᠭᠤᠵᠤ ᠶᠠᠪᠤᠭ᠎ᠠ ᠶᠢ | ᠦᠯᠦ ᠮᠡᠳᠡᠬᠦ ᠲᠤᠯᠠ ᠦᠷᠬᠦᠭᠡ ᠭᠡᠷ ᠤᠨ ᠢᠶᠠᠨ ᠪᠠᠷᠠᠭᠤᠨ ᠵᠠᠬ᠎ᠠ ᠳᠤ ᠰᠠᠭᠤᠯᠭᠠᠪᠠ᠃ ᠲᠡᠷᠡ ᠦᠶ᠎ᠡ ᠳᠤ ᠲᠤᠯᠤᠢ | ᠲᠠᠪᠤᠨ ᠨᠠᠰᠤᠳᠠᠢ ᠪᠠᠶᠢᠭᠰᠠᠨ ᠠᠵᠢ᠃ ᠲᠤᠯᠤᠢ ᠭᠠᠳᠠᠨ᠎ᠠ ᠠᠴᠠ ᠤᠷᠤᠵᠤ ᠢᠷᠡᠭᠡᠳ ᠪᠤᠴᠠᠨ ᠭᠠᠷᠬᠤ ᠳᠤᠨᠢ ᠬᠠᠷᠬᠢᠯ | ᠰᠢᠷ᠎ᠠ ᠲᠡᠬᠦᠨ ᠢ ᠰᠤᠭᠤᠪᠴᠢᠯᠠᠨ ᠠᠪᠤᠭᠠᠳ ᠬᠢᠳᠤᠭ᠎ᠠ ᠪᠠᠨ ᠰᠤᠭᠤᠯᠪᠠ᠃ ᠦᠬᠡᠯᠦᠨ ᠦᠵᠢᠨ ᠦᠵᠡᠭᠡᠳ | ᠰᠠᠨᠳᠤᠷᠴᠤ᠄ ︽ᠬᠤᠯᠠᠭᠠᠢ᠂ ᠬᠦᠪᠡᠬᠦᠨ ᠢ ᠮᠢᠨᠢ ᠠᠯᠠᠬᠤ ᠬᠡᠵᠤ ᠪᠤᠢ︕︾ ᠬᠡᠮᠡᠨ ᠶᠡᠬᠡᠯ᠎ᠡ ᠬᠠᠰᠬᠢᠷᠪᠠ᠃ | ᠦᠷᠬᠦᠬᠡᠨ ᠤ ᠵᠡᠬᠦᠨᠳᠡ ᠰᠠᠭᠤᠵᠤ ᠪᠠᠶᠢᠭᠰᠠᠨ ᠪᠤᠷᠤᠬᠤᠯ ᠤᠨ ᠡᠬᠡᠨᠡᠷ ᠠᠯᠳᠠᠨᠢ ᠰᠤᠨᠤᠰᠤᠭᠠᠳ ᠬᠦᠶᠦᠨ ᠪᠤᠰᠴᠤ | ᠡᠴᠢᠭᠡᠳ ᠲᠡᠷᠡ ᠬᠦᠮᠦᠨ ᠤ ᠬᠡᠵᠢᠬᠡ ᠠᠴᠠ ᠪᠠᠷᠢᠵᠤ᠂ ᠬᠢᠳᠤᠭ᠎ᠠ ᠲᠠᠢ ᠭᠠᠷ ᠢ ᠨᠢ ᠤᠭᠵᠠᠷᠠᠪᠠ᠃ ᠲᠡᠷᠡ ᠦᠶ᠎ᠡ ᠳᠤ | ᠵᠢᠳᠠᠢ᠂ ᠵᠠᠯᠮ᠎ᠠ ᠬᠤᠶᠠᠷ ᠦᠷᠦᠬᠡ ᠶᠢᠨ ᠠᠷᠤ ᠳᠤ ᠦᠭᠡᠷ ᠠᠯᠠᠵᠤ ᠪᠠᠶᠢᠵᠠᠢ᠃ ᠠᠯᠳᠠᠨᠢ ᠶᠢᠨ ᠬᠠᠰᠬᠢᠷᠬᠤ ᠲᠠᠭᠤᠨ ᠢ | ᠰᠤᠨᠤᠰᠤᠭᠠᠳ ᠬᠢᠳᠤᠭ᠎ᠠ᠂ ᠰᠦᠭᠡ ᠪᠠᠷᠢᠭᠠᠳ ᠬᠦᠶᠦᠨ ᠢᠷᠡᠵᠤ ᠲᠡᠷᠡ ᠲᠤᠤᠷ᠎ᠠ ᠨᠢ ᠬᠠᠷᠬᠢᠯ ᠰᠢᠷ᠎ᠠ ᠶᠢ ᠴᠠᠪᠴᠢᠨ | ᠠᠯᠠᠪᠠ᠃ ᠲᠡᠭᠡᠭᠡᠳ ᠲᠡᠳᠡ ᠭᠤᠷᠪᠠᠭᠤᠯᠠ ᠦᠭᠡᠯᠦᠨ ᠦᠵᠢᠨ ᠤ ᠲᠡᠷᠭᠡᠳᠡ ᠢᠷᠡᠵᠤ᠂ ᠲᠤᠯᠤᠢ ᠶᠢ ᠠᠪᠤᠷᠠᠵᠤ | ᠠᠪᠤᠭᠰᠠᠨ ᠭᠠᠪᠢᠶ᠎ᠠ ᠶᠢ ᠮᠠᠷᠭᠤᠯᠳᠣᠨ ᠲᠡᠮᠡᠴᠡᠵᠡᠬᠡᠪᠡ᠃ ᠵᠢᠳᠠᠢ᠂ ᠵᠠᠯᠮ᠎ᠠ᠄ ︽ᠪᠢᠳᠡ ᠬᠤᠶᠠᠷ ᠲᠦᠷᠭᠡᠨ ᠢᠷᠡᠭᠡ | ᠦᠭᠡᠢ ᠪᠤᠯᠢ᠂ ᠴᠢ ᠭᠠᠭᠴᠠ ᠡᠮᠡᠭᠳᠡᠢ ᠬᠦᠮᠦᠨ ᠶᠠᠭᠠᠬᠢᠵᠤ ᠴᠢᠳᠠᠬᠤ ᠪᠤᠢ︖ ᠲᠤᠯᠤᠢ ᠬᠡᠵᠢᠶᠡᠨᠠᠢ ᠠᠯᠠᠭᠳᠠᠭᠰᠠᠨ | ᠪᠠᠶᠢᠬᠤ ᠶᠤᠰᠤᠳᠠᠢ ᠶᠤᠮ︾ ᠬᠡᠪᠡ᠃ ᠠᠯᠳᠠᠨᠢ᠄ ︽ᠲᠠ ᠨᠠᠷ ᠮᠢᠨᠤ ᠬᠠᠰᠬᠢᠷᠬᠤ ᠲᠠᠭᠤᠨ ᠢ ᠰᠤᠨᠤᠰᠤᠭ᠎ᠠ ᠦᠭᠡᠢ | ᠪᠤᠯᠢ ᠶᠠᠭᠠᠬᠢᠵᠤ ᠢᠷᠡᠨ ᠠᠪᠤᠷᠠᠬᠤ ᠪᠤᠢ︖ ᠪᠢ ᠪᠠᠰᠠ ᠲᠡᠬᠦᠨ ᠤ ᠬᠡᠵᠢᠬᠡ ᠠᠴᠠ ᠪᠠᠷᠢᠵᠤ᠂ ᠬᠢᠳᠤᠭ᠎ᠠ | ᠠᠳᠬᠤᠭᠰᠠᠨ ᠭᠠᠷ ᠢ ᠨᠢ ᠤᠭᠵᠠᠷᠠᠭᠰᠠᠨ ᠦᠭᠡᠢ ᠪᠣᠯ ᠲᠠ ᠬᠤᠶᠠᠷ ᠢᠷᠡᠯᠦᠭᠡ ᠭᠡᠳ ᠶᠠᠭᠤᠨ ᠲᠤᠰᠠ ᠪᠤᠯᠬᠤ ᠪᠢᠯᠡ᠂ | ᠲᠤᠯᠤᠢ ᠬᠡᠵᠢᠶᠡᠨᠠᠢ ᠠᠯᠠᠭᠳᠠᠴᠢᠬᠠᠭᠰᠠᠨ ᠪᠠᠶᠢᠬᠤ ᠶᠤᠮ︾ ᠬᠡᠪᠡ᠃ ᠲᠡᠳᠡᠨ ᠭᠤᠷᠪᠠᠭᠤᠯᠠ ᠲᠤᠯᠤᠢ ᠶᠢ ᠠᠪᠤᠷᠠᠭᠰᠠᠨ | ᠭᠠᠪᠢᠶ᠎ᠠ ᠶᠢ ᠢᠩᠭᠢᠵᠤ ᠪᠤᠯᠢᠶᠠᠯᠳᠤᠵᠤ ᠪᠠᠶᠢᠳᠠᠯ᠎ᠠ᠂ ᠴᠢᠩᠭᠢᠰ ᠬᠠᠭᠠᠨ᠄ ︽ᠠᠯᠳᠠᠨᠢ ᠶᠢᠨ ᠬᠡᠯᠡᠬᠦ ᠲᠤᠩ ᠵᠦᠢᠳᠡᠢ᠂ | ᠲᠤᠯᠤᠢ ᠶᠢᠨ ᠠᠪᠤᠷᠠᠭᠰᠠᠨ ᠭᠠᠪᠢᠶ᠎ᠠ ᠶᠢ ᠢᠩᠭᠢᠵᠤ ᠪᠤᠯᠢᠶᠠᠯᠳᠤᠵᠤ ᠪᠠᠶᠢᠳᠠᠯ᠎ᠠ᠂ ᠴᠢᠩᠭᠢᠰ ᠬᠠᠭᠠᠨ᠄ ︽ᠠᠯᠳᠠᠨᠢ ᠶᠢᠨ | ᠬᠡᠯᠡᠬᠦ ᠲᠤᠩ ᠵᠦᠢᠳᠡᠢ᠂ ᠲᠤᠯᠤᠢ ᠶᠢ ᠠᠪᠤᠷᠠᠭᠰᠠᠨ ᠲᠡᠷᠢᠬᠦᠨ ᠭᠠᠪᠢᠶ᠎ᠠ ᠠᠯᠳᠠᠨᠢ ᠶᠢᠨ ᠪᠤᠯᠬᠤ ᠶᠤᠰᠤᠳᠠᠢ᠂ | ᠪᠤᠷᠤᠬᠤᠯ ᠤᠨ ᠬᠡᠷᠭᠡᠢ᠂ ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠲᠤᠰᠠᠯᠠᠨ ᠶᠠᠪᠤᠭᠰᠠᠨ ᠤ ᠲᠡᠭᠡᠷ᠎ᠡ | ᠲᠤᠯᠤᠢ ᠶᠢᠨ ᠠᠮᠢ ᠶᠢ ᠠᠪᠤᠷᠠᠵᠤ ᠶᠡᠭᠡ ᠲᠤᠰᠠ ᠶᠢ ᠬᠦᠷᠬᠡᠪᠡ᠃ ᠪᠤᠷᠤᠬᠤᠯ ᠪᠠᠰᠠ ᠬᠡᠷᠡᠶᠢᠳ ᠠᠶᠢᠮᠠᠭ ᠯᠤᠭ᠎ᠠ | ᠬᠠᠳᠬᠤᠯᠳᠤᠨ ᠪᠠᠶᠢᠯᠳᠤᠬᠤ ᠴᠠᠭ ᠲᠤ ᠰᠢᠷᠬᠠᠳᠤᠭᠰᠠᠨ ᠦᠭᠡᠳᠡᠢ ᠶᠢ ᠠᠪᠤᠷᠠᠨ ᠠᠪᠴᠣ ᠢᠷᠡᠭᠰᠡᠨ ᠪᠢᠯᠡ᠃ | ᠡᠬᠡ ᠶᠢᠨ ᠮᠢᠨᠢ ᠵᠤᠪᠠᠨ ᠵᠦᠳᠡᠵᠤ ᠲᠡᠵᠢᠬᠡᠭᠰᠡᠨ ᠠᠴᠢ ᠶᠢ ᠬᠤᠶᠠᠷ ᠬᠦᠪᠡᠬᠦᠨ ᠤ ᠮᠢᠨᠢ ᠠᠮᠢ ᠶᠢ ᠠᠪᠤᠷᠠᠵᠤ | ᠬᠠᠷᠢᠭᠤᠯᠪᠠ᠃ ᠪᠤᠷᠤᠬᠤᠯ ᠨᠠᠳᠠ ᠲᠠᠢ ᠨᠦᠬᠦᠷᠯᠡᠭᠡᠳ᠂ ᠤᠷᠢᠶᠠᠯᠠᠬᠤ ᠲᠠᠭᠤ ᠳᠤ ᠮᠢᠨᠢ ᠤᠤᠬᠠᠢ ᠨᠡᠮᠡᠵᠤ᠂ | ᠤᠷᠤᠭᠰᠢᠯᠠᠨ ᠵᠢᠳᠬᠦᠵᠤ ᠶᠠᠪᠤᠯ᠎ᠠ᠃ ᠶᠢᠰᠦᠨ ᠤᠳᠠᠭ᠎ᠠ ᠤᠰᠤᠯ ᠭᠠᠷᠭᠠᠬᠤ ᠳᠤ ᠶᠠᠯᠠᠯᠠᠬᠤ ᠦᠭᠡᠢ ᠪᠤᠯᠭᠠᠶ᠎ᠠ︕︾ | ᠭᠡᠵᠤ ᠵᠠᠷᠯᠢᠭ ᠪᠤᠯᠪᠠ᠃ | ᠬᠤᠷᠢ ᠲᠦᠮᠡᠳ ᠪᠤᠯᠢ ᠤᠢ ᠶᠢᠨ ᠢᠷᠭᠡᠨ ᠤ ᠨᠢᠭᠡᠨ ᠠᠶᠢᠮᠠᠭ ᠪᠤᠯᠤᠨ᠎ᠠ᠃ ᠲᠤᠬᠠᠢ ᠶᠢᠨ ᠦᠶ᠎ᠡ ᠳᠤ ᠵᠡᠭᠦᠨ | ᠪᠠᠷᠠᠭᠤᠨ ᠬᠡᠮᠡᠨ ᠬᠤᠶᠠᠷ ᠪᠦᠯᠦᠭ ᠬᠤᠪᠢᠶᠠᠭᠳᠠᠵᠤ ᠪᠠᠶᠢᠭᠰᠠᠨ ᠪᠦᠭᠡᠳ ᠵᠡᠭᠦᠨ ᠭᠠᠷ ᠨᠢ ᠪᠠᠶᠢᠭᠠᠯ ᠲᠠᠩᠭᠢᠰ ᠤᠨ | ᠵᠡᠭᠦᠨ ᠪᠡᠶ᠎ᠡ ᠳᠤ᠂ ᠪᠠᠷᠠᠭᠤᠨ ᠭᠠᠷ ᠨᠢ ᠲᠡᠬᠦᠨ ᠤ ᠪᠠᠷᠠᠭᠤᠨ ᠪᠡᠶ᠎ᠡ ᠳᠤ ᠨᠤᠲᠤᠭᠯᠠᠳᠠᠭ ᠪᠠᠶᠢᠵᠠᠢ᠃ 1207 ᠣᠨ | ᠳᠤ ᠵᠦᠴᠢ ᠲᠠᠶᠢᠯᠠᠵᠤ ᠲᠠᠭᠠᠭᠤᠯᠤᠭᠠᠳ᠂ ᠲᠦᠮᠡᠨ ᠤ ᠨᠤᠶᠠᠨ ᠬᠤᠷᠴᠢ ᠤᠰᠤᠨ ᠡᠪᠦᠬᠡᠨ ᠢᠶᠠᠷ ᠤᠢ ᠶᠢᠨ ᠢᠷᠭᠡᠳ ᠢ | ᠶᠡᠷᠦᠩᠭᠡᠶᠢᠯᠡᠨ ᠵᠠᠬᠢᠷᠤᠭᠤᠯᠤᠭᠰᠠᠨ ᠪᠠᠶᠢᠯ᠎ᠠ᠃ ᠠᠯᠢ ᠡᠷᠳᠡ ᠲᠡᠮᠦᠵᠢᠨ ᠤ ᠬᠦᠴᠦᠨ ᠲᠤᠷᠤᠢ ᠪᠠᠭᠤᠷᠠᠢ ᠪᠠᠶᠢᠭᠰᠠᠨ | ᠴᠠᠭ ᠲᠤ ᠪᠦᠬᠡ ᠮᠦᠷᠬᠦᠯᠳᠡᠳ ᠬᠤᠷᠴᠢ ᠤᠰᠤᠨ ᠡᠪᠦᠬᠡᠨ ᠲᠡᠮᠦᠵᠢᠨ ᠢ ᠲᠠᠭᠠᠭᠠᠳ᠄ ︽ᠪᠢᠳᠡ ᠪᠤᠳᠠᠨᠴᠢᠷ | ᠡᠪᠦᠭᠡ ᠶᠢᠨ ᠪᠠᠷᠢᠵᠤ ᠠᠪᠤᠭᠰᠠᠨ ᠡᠮ᠎ᠡ ᠠᠴᠠ ᠲᠦᠷᠦᠭᠰᠡᠨ ᠲᠤᠯᠠ ᠵᠠᠮᠤᠬ᠎ᠠ ᠯᠤᠭ᠎ᠠ ᠬᠡᠪᠡᠯᠢ ᠨᠢᠭᠡ ᠲᠠᠢ᠂ ᠬᠡᠯᠬᠢᠶ᠎ᠡ | ᠪᠠᠬᠢᠳᠡᠢ ᠬᠦᠮᠦᠰ ᠪᠢᠯᠡ᠃ ᠡᠶᠢᠮᠤ ᠠᠴᠠ ᠵᠠᠮᠤᠬ᠎ᠠ ᠠᠴᠠ ᠬᠠᠭᠠᠴᠠᠵᠤ ᠪᠤᠯᠬᠤ ᠦᠭᠡᠢ ᠶᠤᠮ᠃ ᠬᠡᠪᠡᠴᠤ ᠵᠠᠭᠠᠷᠢᠨ | ᠲᠡᠭᠷᠢ ︵ᠪᠦᠷᠭᠡ ᠮᠦᠷᠬᠦᠯᠳᠡᠨ ᠤ ᠨᠤᠮᠤᠯᠠᠳᠠᠭ ᠲᠡᠭᠷᠢ ᠶᠢᠨ ᠰᠦᠯᠳᠡ︶ ᠢᠷᠡᠵᠤ᠂ ᠨᠢᠳᠦᠨ ᠳᠤ ᠮᠢᠨᠢ ᠵᠢᠭᠠᠵᠤ | ᠦᠵᠡᠬᠦᠯᠦᠭᠰᠡᠨ ᠨᠢ ᠬᠤᠸᠠᠭᠴᠢᠨ ᠦᠨᠢᠶ᠎ᠡ ᠢᠷᠡᠵᠤ ᠵᠠᠮᠤᠬ᠎ᠠ ᠶᠢ ᠲᠤᠭᠤᠷᠢᠨ ᠶᠠᠪᠤᠵᠤ᠂ ᠲᠡᠬᠦᠨ ᠤ ᠭᠡᠷ ᠲᠡᠷᠭᠡ ᠶᠢ | ᠮᠦᠷᠬᠦᠭᠰᠡᠭᠡᠷ ᠦᠷᠦᠬᠡᠰᠦᠨ ᠡᠪᠡᠷ ᠢᠶᠠᠨ ᠬᠤᠭᠤᠯᠵᠤ ᠰᠤᠯᠵᠢᠷ ᠡᠪᠡᠷ ᠲᠠᠢ ᠪᠤᠯᠤᠭᠠᠳ᠄ ︿ᠡᠪᠡᠷ ᠢ ᠮᠢᠨᠢ ᠪᠤᠴᠠᠭᠠᠵᠤ | ᠦᠢᠭ︕ ﹀ ᠬᠡᠵᠤ ᠵᠠᠮᠤᠬ᠎ᠠ ᠶᠢᠨ ᠵᠦᠭ ᠮᠦᠭᠡᠷᠡᠵᠤ ᠰᠢᠷᠤᠢ ᠰᠠᠴᠤᠯᠠᠨ ᠪᠠᠶᠢᠨ᠎ᠠ᠃ ᠪᠠᠰᠠ ᠨᠢᠭᠡ ᠮᠤᠬᠤᠷ ᠬᠤᠸᠠ | ᠦᠭᠡᠷ ᠢ ᠶᠡᠭᠡ ᠭᠡᠷᠳᠤ ᠲᠡᠷᠭᠡᠨ ᠳᠤ ᠬᠦᠯᠦᠭᠰᠡᠨᠡ᠂ ᠲᠡᠷᠡ ᠦᠭᠡᠷ ᠶᠡᠭᠡ ᠵᠠᠮ ᠢᠶᠠᠷ ᠲᠠᠮᠦᠵᠢᠨ ᠤ ᠬᠤᠶᠢᠨ᠎ᠡ ᠠᠴᠠ | ᠵᠢᠳᠬᠦᠨ ᠶᠠᠪᠤᠵᠤ᠄ ︿ᠲᠡᠭᠷᠢ ᠭᠠᠵᠠᠷ ᠡᠶᠡᠯᠳᠣᠵᠣ᠂ ᠲᠡᠮᠦᠵᠢᠨ ᠢ ᠤᠯᠤᠰ ᠤᠨ ᠡᠵᠡᠨ ᠪᠤᠯᠭᠠᠳᠤᠭᠠᠢ ᠬᠡᠮᠡᠨ ᠲᠡᠭᠡᠭᠡᠵᠤ | ᠬᠦᠷᠬᠡᠵᠤ ᠶᠠᠪᠤᠨᠠᠮ﹀ ᠬᠡᠵᠤ ᠮᠦᠭᠡᠷᠡᠨᠡ᠃ ᠲᠡᠮᠦᠵᠢᠨ ᠴᠢ ᠤᠯᠤᠰ ᠤᠨ ᠡᠵᠡᠨ ᠪᠣᠯᠪᠠᠯ ᠨᠠᠮᠠᠢᠢ ᠬᠡᠷᠬᠢᠵᠤ | ᠵᠢᠷᠭᠠᠭᠤᠯᠬᠤ ᠪᠤᠢ︖︾ ᠬᠡᠵᠤ ᠠᠰᠠᠭᠤᠭᠰᠠᠨ ᠳᠤ ᠲᠡᠮᠦᠵᠢᠨ᠄ ︽ᠪᠢ ᠦᠨᠡᠬᠡᠷ ᠤᠯᠤᠰ ᠤᠨ ᠡᠵᠡᠨ ᠪᠣᠯᠪᠠᠯ | ᠴᠢᠮᠠᠢᠢ ᠲᠦᠮᠡᠨ ᠤ ᠨᠤᠶᠠᠨ ᠪᠤᠯᠭᠠᠶ᠎ᠠ︾ ᠬᠡᠪᠡ᠃ ᠬᠤᠷᠴᠢ᠄ ︽ᠡᠳᠦᠢ ᠶᠡᠭᠡ ᠲᠦᠷᠦ ᠶᠢᠨ ᠦᠢᠯᠡ ᠶᠢ ᠤᠷᠳᠤᠨ | ᠠᠴᠠ ᠵᠢᠭᠠᠭᠰᠠᠨ ᠨᠠᠮᠠᠢᠢ ᠲᠦᠮᠡᠨ ᠤ ᠨᠤᠶᠠᠨ ᠪᠤᠯᠭᠠᠬᠤ ᠨᠢ ᠶᠠᠮᠠᠷ ᠵᠢᠷᠭᠠᠯ ᠪᠠᠶᠢᠬᠤ ᠪᠤᠢ᠂ ᠬᠠᠷᠢᠨ ᠪᠦᠬᠦ ᠣᠯᠣᠰ ᠤᠨ | ᠭᠤᠸ᠎ᠠ ᠰᠠᠶᠢᠬᠠᠨ ᠥᠬᠢᠳ ᠤᠨ ᠲᠤᠳᠤᠷ᠎ᠠ ᠠᠴᠠ ᠭᠤᠴᠢ ᠶᠢ ᠰᠤᠩᠭᠤᠵᠤ ᠡᠮ᠎ᠡ ᠪᠤᠯᠭᠠᠨ ᠠᠪᠴᠤ ᠦᠭᠪᠡᠯ ᠰᠠᠶ᠋ᠢ | ᠵᠢᠷᠭᠠᠯ ᠲᠠᠢ ᠶᠠᠪᠤᠳᠠᠯ ᠪᠤᠯᠬᠤ ᠶᠤᠮ︾ ᠬᠡᠪᠡ᠃ ᠡᠶᠢᠮᠤ ᠠᠴᠠ1206 ᠣᠨ ᠳᠤ ᠲᠡᠮᠦᠵᠢᠨ ᠶᠡᠭᠡ ᠬᠠᠭᠠᠨ | ᠡᠷᠬᠦᠮᠵᠢᠯᠡᠭᠳᠡᠮᠡᠭᠴᠡ ᠬᠤᠷᠴᠢ ᠶᠢ ᠬᠤᠷᠢ ᠲᠦᠮᠡᠳ ᠤᠨ ᠲᠡᠭᠡᠳᠡᠢ ᠲᠦᠮᠡᠨ ᠤ ᠨᠤᠶᠠᠨ ᠪᠤᠯᠭᠠᠭᠠᠭᠳ᠄ ︽ | ᠤᠷᠢᠳᠠ ᠶᠢᠨ ᠬᠦᠰᠡᠭᠰᠡᠨ ᠶᠤᠰᠤᠭᠠᠷ ᠬᠤᠷᠢ ᠲᠦᠮᠡᠳ ᠤᠨ ᠭᠤᠸ᠎ᠠ ᠰᠠᠶᠢᠬᠠᠨ ᠥᠬᠢᠳ ᠤᠨ ᠲᠤᠳᠤᠷ᠎ᠠ ᠠᠴᠠ | ᠭᠤᠴᠢ ᠶᠢ ᠰᠤᠩᠭᠤᠵᠤ ᠠᠪ︕︾ ᠬᠡᠵᠤ ᠵᠠᠷᠯᠢᠭ ᠪᠤᠯᠪᠠ᠃ ᠬᠤᠷᠴᠢ ᠤᠰᠤᠨ ᠡᠪᠦᠬᠡᠨ ᠬᠤᠷᠢ ᠲᠦᠮᠡᠳ ᠲᠤ | ᠬᠦᠷᠦᠬᠡᠳ᠂ ᠭᠤᠸ᠎ᠠ ᠰᠠᠶᠢᠬᠠᠨ ᠥᠬᠢᠳ ᠢ ᠰᠤᠩᠭᠤᠵᠤ ᠡᠬᠢᠯᠡᠭᠰᠡᠨ ᠳᠤ ᠲᠡᠨᠳᠡᠬᠢ ᠢᠷᠭᠡᠳ ᠡᠷᠡᠰ ᠡᠰᠡᠷᠬᠦᠴᠡᠬᠡᠳ | ᠪᠠᠷᠢᠪᠴᠢᠯᠠᠨ ᠠᠪᠴᠤ ᠬᠤᠷᠢᠪᠠ᠃ ᠴᠢᠩᠭᠢᠰ ᠬᠠᠭᠠᠨ ᠬᠤᠷᠴᠢ ᠤᠰᠤᠨ ᠡᠪᠦᠬᠡᠨ ᠤ ᠪᠠᠷᠢᠭᠳᠠᠭᠰᠠᠨ ᠢ ᠰᠤᠨᠤᠰᠤᠭᠠᠳ | ᠤᠢ ᠶᠢᠨ ᠢᠷᠭᠡᠨ ᠤ ᠤᠯᠠᠨ ᠠᠶᠢᠮᠠᠭ ᠤᠨ ᠪᠠᠶᠢᠳᠠᠯ ᠢ ᠤᠶᠢᠯᠠᠬᠠᠬᠤ ᠤᠶᠢᠷᠠᠳ ᠠᠶᠢᠮᠠᠭ ᠤᠨ ᠬᠠᠭᠤᠴᠢᠨ ᠲᠦᠷᠦᠬᠦᠦ | ᠬᠤᠳᠤᠭ᠎ᠠ ᠪᠠᠬᠢ ᠶᠢ ᠲᠤᠮᠢᠯᠠᠨ ᠶᠠᠪᠤᠭᠤᠯᠵᠤ ᠬᠤᠷᠴᠢ ᠶᠢ ᠠᠪᠤᠷᠠᠭᠤᠯᠬᠤ ᠬᠡᠰᠡᠨ ᠳᠤ᠂ ᠬᠤᠳᠤᠭ᠎ᠠ ᠪᠠᠬᠢ ᠶᠢ ᠪᠠᠰᠠ | ᠪᠠᠷᠢᠪᠴᠢᠯᠠᠨ ᠠᠪᠤᠭᠠᠳ ᠬᠤᠷᠢᠭᠰᠠᠨ ᠪᠠᠶᠢᠯ᠎ᠠ᠃ ᠡᠭᠦᠨ ᠳᠤ ᠴᠢᠩᠭᠢᠰ ᠬᠠᠭᠠᠨ ᠲᠦᠪ ᠤᠨ ᠲᠦᠮᠡᠨ ᠤ ᠨᠤᠶᠠᠨ | ᠨᠠᠶᠠᠭ᠎ᠠ ᠶᠢ ᠴᠡᠷᠢᠭ ᠠᠪᠴᠤ ᠬᠤᠷᠢ ᠲᠦᠮᠡᠳ ᠢ ᠪᠠᠶᠢᠯᠳᠣᠨ ᠬᠡᠰᠡᠨ ᠳᠤ ᠨᠠᠶᠠᠭ᠎ᠠ ᠡᠪᠡᠳᠴᠢᠯᠡᠭᠡᠳ ᠪᠠᠶᠢᠭᠰᠠᠨ | ᠪᠤᠯᠬᠤᠷ ᠵᠠᠷᠯᠢᠭ ᠢ ᠬᠦᠢᠴᠡᠳᠬᠡᠵᠤ ᠴᠢᠳᠠᠭᠰᠠᠨ ᠦᠭᠡᠢ᠃ ᠲᠡᠬᠦᠨᠴᠢᠯᠡᠨ ᠴᠢᠩᠭᠢᠰ ᠬᠠᠭᠠᠨ ᠪᠤᠷᠤᠬᠤᠯ ᠢ ᠶᠠᠪᠤᠭᠤᠯᠬᠤ | ᠪᠠᠷ ᠡᠯᠴᠢ ᠲᠠᠪᠭᠢᠭᠤᠯᠪᠠ᠃ ᠪᠤᠷᠤᠬᠤᠯ ᠡᠯᠴᠢ ᠶᠢ ᠬᠦᠯᠢᠶᠡᠨ ᠠᠪᠤᠭᠠᠳ᠄ ︽ᠤᠯᠠᠨ ᠢᠶᠠᠷ ᠢᠶᠠᠨ ᠡᠷᠬᠦᠵᠤ ᠪᠤᠢ ᠤᠤ︖ | ᠡᠰᠡᠭᠦᠯ᠎ᠡ ᠬᠠᠭᠠᠨ ᠤ ᠰᠠᠨᠠᠭ᠎ᠠ ᠤᠤ︖︾ ᠬᠡᠵᠤ ᠠᠰᠠᠭᠤᠪᠠ᠃ ᠡᠯᠴᠢ᠄ ︽ᠬᠠᠭᠠᠨ ᠤ ᠰᠠᠨᠠᠭ᠎ᠠ ᠪᠤᠯᠤᠨ᠎ᠠ︾ | ᠭᠡᠳ ᠮᠣᠷᠳᠠᠪᠠ᠃ ᠪᠤᠷᠤᠬᠤᠯ ᠨᠤᠶᠠᠨ ᠬᠤᠷᠢ ᠲᠦᠮᠡᠳ ᠲᠤ ᠬᠦᠷᠦᠬᠡᠳ᠂ ᠲᠡᠷᠬᠡᠳᠡᠬᠢ ᠭᠤᠷᠪᠠᠨ ᠬᠦᠮᠦᠨ ᠢ | ᠲᠠᠭᠠᠭᠤᠯᠵᠤ ᠶᠡᠭᠡ ᠴᠡᠷᠢᠭ ᠠᠴᠠ ᠰᠠᠯᠤᠨ ᠵᠠᠮ ᠬᠠᠶᠢᠬᠤ ᠪᠠᠷ ᠭᠠᠷᠪᠠ᠃ ᠲᠡᠷᠡ ᠲᠤᠬᠠᠢ ᠲᠡᠭᠷᠢ ᠤᠷᠤᠢ ᠪᠤᠯᠵᠤ | ᠪᠠᠶᠢᠭᠰᠠᠨ ᠲᠤᠯᠠ ᠪᠤᠷᠤᠬᠤᠯ ᠨᠠᠷ ᠢ ᠤᠢ ᠶᠢᠨ ᠬᠦᠨ ᠳᠤ ᠤᠷᠤᠮᠠᠭᠴᠠ᠂ ᠬᠤᠷᠢ ᠲᠦᠮᠡᠳ ᠤᠨ ᠬᠠᠷᠠᠭᠤᠯ ᠤᠨ | ᠬᠦᠮᠦᠰ ᠰᠡᠮᠡᠬᠡᠷ ᠲᠡᠳᠡᠨ ᠤ ᠠᠷᠤ ᠳᠤ ᠭᠠᠷᠴᠤ ᠪᠤᠴᠠᠬᠤ ᠵᠠᠮ ᠢ ᠨᠢ ᠲᠠᠰᠤᠯᠤᠭᠠᠳ ᠪᠤᠷᠤᠬᠤᠯ ᠨᠤᠶᠠᠨ ᠢ ᠪᠠᠷᠢᠵᠤ | ᠠᠯᠠᠪᠠ᠃ ᠴᠢᠩᠭᠢᠰ ᠬᠠᠭᠠᠨ ᠪᠤᠷᠤᠬᠤᠯ ᠤᠨa ᠠᠯᠠᠭᠳᠠᠭᠰᠠᠨ ᠪᠠ ᠬᠡᠯᠡᠭᠰᠡᠨ ᠦᠭᠡ ᠶᠢ ᠰᠤᠨᠤᠰᠤᠭᠠᠳ ᠶᠡᠬᠡᠳᠡ | ᠰᠤᠴᠢᠨ ᠭᠠᠰᠢᠭᠤᠳᠠᠵᠤ᠂ ᠡᠬᠡᠨᠡᠷ ᠬᠡᠦᠬᠡᠳ ᠢ ᠨᠢ ᠲᠠᠭᠤᠭᠳᠠᠭᠠᠳ᠄ ︽ᠬᠡᠳᠦᠷᠭᠡᠢ ᠪᠢᠳᠡᠬᠡᠢ ᠵᠤᠪᠠᠳᠤᠭᠠᠢ︕ ᠪᠢ | ᠵᠠᠪᠠᠯ ᠲᠠ ᠨᠠᠷ ᠢ ᠠᠰᠠᠷᠠᠨ᠎ᠠ︕︾ ᠬᠡᠵᠤ ᠡᠯᠢᠭᠡ ᠵᠢᠷᠦᠭᠡ ᠪᠡᠨ᠎ᠡ ᠵᠢᠭᠠᠵᠤ ᠡᠰᠡ ᠮᠠᠷᠳᠠᠬᠤ ᠪᠡᠨ᠎ᠡ ᠢᠯᠡᠳᠬᠡᠵᠠᠢ᠃ | 1215ᠣᠨ ᠳᠤ ᠴᠢᠩᠭᠢᠰ ᠬᠠᠭᠠᠨ ᠬᠡᠷᠦᠯᠦᠨ ᠮᠦᠷᠡᠨ ᠤ ᠬᠦᠪᠡᠭᠡ ᠳᠠᠬᠢ ᠶᠠᠪᠤᠭᠤᠯ ᠤᠷᠳᠤᠨ ᠳᠠᠭᠠᠨ ᠪᠤᠴᠠᠵᠤ | ᠢᠷᠡᠭᠡᠳ᠂ ᠲᠠᠷᠠᠭ᠎ᠠ ᠵᠢᠯ ᠤᠨ ᠬᠢᠨᠢ ᠬᠠᠪᠤᠷ ᠶᠡᠭᠡ ᠬᠤᠷᠠᠯ ᠬᠤᠷᠠᠯᠳᠣᠭᠤᠯᠵᠤ᠂ ᠬᠤᠷᠢ ᠲᠦᠮᠡᠳ ᠢ ᠪᠡᠶ᠎ᠡ ᠪᠡᠷ᠎ᠡ | ᠲᠠᠶᠢᠯᠠᠬᠤ ᠬᠡᠮᠡᠨ ᠵᠦᠪᠯᠡᠯᠳᠦᠭᠰᠡᠨ ᠳᠤ ᠪᠤᠭᠤᠷᠴᠢ᠂ ᠮᠤᠬᠤᠯᠠᠢ ᠬᠤᠶᠠᠭᠤᠯᠠ ᠬᠦᠴᠦᠯᠡᠨ ᠢᠳᠬᠤᠵᠤ ᠵᠤᠭᠰᠤᠭᠠᠪᠠ᠃ | ᠲᠡᠭᠡᠭᠡᠳ ᠲᠦᠷᠪᠡᠢ ᠲᠤᠭᠰᠢᠨ ᠢ ᠮᠤᠷᠳᠠᠭᠤᠯᠬᠤ ᠪᠠᠷ ᠲᠤᠭᠳᠠᠵᠤ ᠴᠢᠩᠭᠢᠰ ᠬᠠᠭᠠᠨ᠄ ︽ᠴᠡᠷᠢᠭ ᠢ ᠴᠢᠩᠭ᠎ᠠ | ᠵᠠᠬᠢᠷᠴᠤ᠂ ᠮᠦᠩᠭᠡ ᠲᠡᠭᠷᠢ ᠳᠤ ᠵᠠᠯᠪᠢᠷᠠᠨ᠂ ᠬᠤᠷᠢ ᠲᠦᠮᠡᠳ ᠢ ᠡᠵᠡᠯᠡᠬᠦ ᠪᠡᠷ᠎ᠡ ᠤᠷᠤᠯᠳᠤᠭᠳᠤᠨ︕︾ ᠬᠡᠵᠤ | ᠵᠠᠷᠯᠢᠭ ᠪᠤᠯᠪᠠ᠃ ᠲᠦᠷᠪᠡᠢ ᠲᠤᠭᠰᠢᠨ᠂ ᠴᠢᠩᠭᠢᠰ ᠬᠠᠭᠠᠨ ᠤ ᠵᠠᠷᠯᠢᠭ ᠢ ᠲᠠᠭᠠᠵᠤ᠂ ᠴᠡᠷᠢᠭ ᠢᠶᠠᠨ ᠴᠢᠩᠭ᠎ᠠ | ᠵᠠᠬᠢᠷᠤᠭᠠᠳ᠂ ᠪᠤᠷᠤᠬᠤᠯ ᠤᠨ ᠶᠠᠪᠤᠭᠰᠠᠨ ᠵᠠᠮ ᠢᠶᠠᠷ ᠤᠷᠤᠬᠤ ᠬᠡᠵᠤ ᠰᠦᠷ ᠦᠵᠡᠬᠦᠯᠦᠨ᠂ ᠬᠠᠷᠢᠨ ᠰᠡᠮ ᠢᠶᠠᠷ | ᠤᠯᠠᠭᠠᠨ ᠪᠤᠬ᠎ᠠ ︵ᠤᠳᠤᠬᠢ ᠪᠤᠷᠢᠶᠠᠳ ᠲᠤ ᠪᠤᠢ︶ ᠶᠢᠨ ᠬᠠᠷᠭᠤᠢ ᠪᠠᠷ ᠤᠷᠤᠭᠰᠢ ᠲᠠᠪᠰᠢᠵᠠᠢ᠃ ᠴᠡᠷᠢᠭ ᠤᠨ | ᠠᠯᠢᠪᠠ ᠪᠡᠷᠬᠡ ᠪᠠᠷᠳᠠᠭ᠎ᠠ ᠠᠴᠠ ᠵᠢᠷᠦᠬᠡ ᠰᠢᠨᠳᠠᠷᠠᠵᠤ ᠤᠷᠤᠭᠰᠢ ᠡᠰᠡ ᠲᠠᠪᠰᠢᠭᠰᠠᠳ ᠢ ᠵᠠᠨᠴᠢᠬᠤ ᠶᠢᠨ ᠲᠤᠯᠠ | ᠬᠦᠮᠦᠨ ᠪᠦᠷᠢ ᠠᠷᠪᠠᠨ ᠰᠢᠪᠰᠢᠷᠭ᠎ᠠ ᠡᠭᠦᠷᠴᠤ᠂ ᠡᠷ᠎ᠡ ᠪᠦᠷᠢ ᠰᠦᠬᠡ᠂ ᠤᠭᠤᠯᠢ᠂ ᠬᠢᠷᠦᠬᠡ᠂ ᠴᠦᠴᠡ ᠪᠡᠷ᠎ᠡ | ᠵᠡᠪᠰᠡᠭᠯᠡᠬᠡᠳ ᠤᠢ ᠮᠤᠳᠤ ᠶᠢ ᠴᠠᠪᠴᠢᠨ ᠵᠠᠮ ᠭᠠᠷᠭᠠᠵᠤ᠂ ᠠᠭᠤᠯᠠᠨ ᠤᠷᠤᠢ ᠲᠡᠭᠡᠷ᠎ᠡ ᠭᠠᠷᠤᠭᠰᠠᠨ ᠳᠤ ᠶᠠᠭ ᠯᠡ | ᠭᠡᠷ ᠤᠨ ᠲᠤᠭᠤᠨᠤ ᠪᠠᠷ ᠲᠤᠷᠤᠭᠰᠢ ᠦᠵᠡᠬᠦ ᠮᠡᠳᠣ ᠬᠤᠷᠢ ᠲᠦᠮᠡᠳ ᠤᠨ ᠨᠤᠲᠤᠭ ᠢ ᠲᠤᠳᠤᠷᠬᠠᠢ ᠬᠠᠷᠠᠭᠠᠳ᠂ | ᠪᠦᠬᠦᠳᠡᠬᠡᠷ ᠢ ᠲᠤᠳᠠᠭᠠᠬᠤ ᠶᠢᠨ ᠠᠷᠭ᠎ᠠ ᠦᠭᠡᠢ ᠪᠤᠯᠭᠠᠵᠠᠢ᠃ ᠮᠤᠩᠭᠤᠯ ᠤᠨ ᠴᠡᠷᠢᠭ ᠬᠦᠷᠴᠤ ᠤᠴᠢᠬᠤ ᠬᠡᠵᠤ ᠬᠤᠷᠢ | ᠲᠦᠮᠡᠳ ᠤᠨ ᠤᠯᠠᠨ ᠨᠤᠶᠠᠳ ᠠᠬᠠᠯᠠᠭᠴᠢᠳ ᠤᠨ ᠰᠠᠨᠠᠭᠠᠨ ᠳᠤ ᠦᠭᠡᠢ ᠪᠠᠶᠢᠭᠰᠠᠨ ᠲᠤᠯᠠ ᠲᠡᠳᠡᠨ ᠤ ᠬᠤᠭᠤᠯᠠᠨ | ᠲᠡᠭᠡᠷ᠎ᠡ ᠨᠢ ᠲᠠᠷᠤᠨ ᠤᠷᠤᠭᠠᠳ᠂ ᠰᠢᠷᠡᠭᠡᠨ ᠲᠡᠬᠡᠷ᠎ᠡ ᠠᠴᠠ ᠨᠢ ᠪᠠᠷᠢᠨ ᠠᠪᠴᠤ ᠬᠠᠷᠢᠶᠠᠳᠤ ᠤᠯᠠᠨ ᠢ ᠨᠢ | ᠤᠯᠵᠠᠯᠠᠵᠠᠢ᠃ ᠲᠡᠭᠡᠭᠡᠳ ᠴᠢᠩᠭᠢᠰ ᠬᠠᠭᠠᠨ ᠬᠤᠷᠴᠢ ᠤᠰᠤᠨ ᠡᠪᠦᠬᠡᠨ ᠬᠤᠳᠤᠭ᠎ᠠ ᠪᠠᠬᠢ ᠬᠤᠶᠠᠷ ᠢ ᠭᠠᠷᠭᠠᠨ | ᠠᠪᠴᠤ᠂ ᠬᠤᠷᠴᠢ ᠤᠰᠤᠨ ᠡᠪᠦᠬᠡᠨ ᠳᠤ ᠬᠤᠷᠢ ᠲᠦᠮᠡᠳ ᠤᠨ ᠥᠬᠢᠨ ᠠᠴᠠ ᠭᠤᠴᠢ ᠶᠢ ᠰᠤᠩᠭᠤᠨ ᠦᠭᠴᠤ᠂ | ᠬᠤᠳᠤᠬ᠎ᠠ ᠪᠠᠬᠢ ᠳᠤ ᠪᠤᠳᠤᠬᠤᠢ ᠲᠠᠷᠭᠤᠨ ᠢ ᠬᠠᠳᠤᠨ ᠪᠤᠯᠭᠠᠵᠤ ᠰᠤᠶᠤᠷᠬᠠᠪᠠ᠃ ᠵᠢᠴᠢ ᠪᠤᠷᠤᠬᠤᠯ ᠤᠨ ᠬᠡᠦᠬᠡᠳ | ᠠᠴᠢᠨᠠᠷ ᠲᠤ ᠬᠤᠷᠢ ᠲᠦᠮᠡᠳ ᠤᠨ ᠢᠷᠭᠡᠳ ᠠᠴᠠ ᠵᠠᠭᠤ ᠶᠢ ᠦᠭᠴᠤ᠂ ᠬᠡᠷ ᠤᠨ ᠬᠢᠨᠢ ᠪᠤᠭᠤᠯ ᠪᠤᠯᠭᠠᠭᠠᠭᠳ᠄ ︽ | ᠪᠤᠷᠤᠬᠤᠯ ᠤᠨ ᠬᠡᠦᠬᠡᠳ ᠠᠴᠢᠨᠠᠷ ᠦᠶ᠎ᠡ ᠶᠢᠨ ᠦᠶ᠎ᠡ ᠳᠤ ᠦᠨᠦᠴᠢᠨ ᠬᠦᠪᠡᠬᠦᠳ ᠤᠨ ᠬᠡᠰᠢᠭ ᠠᠴᠠ ᠬᠦᠷᠳᠡᠵᠤ | ᠪᠠᠶᠢᠭᠠᠷᠠᠢ︕︾ ᠬᠡᠵᠤ ᠵᠠᠷᠯᠢᠭ ᠪᠤᠯᠪᠠ᠃ | ᠪᠤᠷᠤᠬᠤᠯ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ ᠲᠤᠳᠤᠷᠠᠬᠢ ᠬᠠᠮᠤᠭ ᠤᠨ ᠵᠠᠯᠠᠭᠤ ᠨᠢ ᠪᠤᠯᠤᠨ᠎ᠠ᠃ | ᠴᠢᠩᠭᠢᠰ ᠬᠠᠭᠠᠨ ᠤ ᠪᠡᠶ᠎ᠡ ᠪᠠᠷ ᠢᠶᠠᠨ ᠪᠠᠶᠢᠯᠳᠤᠭᠠᠨ ᠳᠤ ᠤᠷᠤᠯᠴᠠᠬᠤ ᠪᠦᠷᠢ ᠪᠤᠷᠤᠬᠤᠯ ᠪᠠᠮᠪᠠᠢ ᠠᠳᠬᠤᠨ | ᠬᠠᠮᠠᠭᠠᠯᠠᠳᠠᠭ᠃ ᠡᠶᠢᠮᠤ ᠠᠴᠠ ᠴᠢᠩᠭᠢᠰ ᠬᠠᠭᠠᠨ ᠪᠤᠷᠤᠬᠤᠯ ᠢ ᠦᠪᠡᠷ ᠤᠨ ᠲᠦᠷᠦᠭᠰᠡᠨ ᠲᠡᠬᠦᠦ ᠲᠠᠢ ᠪᠡᠨ᠎ᠡ ᠠᠳᠠᠯᠢ | ᠬᠠᠶᠢᠷᠠᠯᠠᠳᠠᠭ ᠪᠠᠶᠢᠵᠠᠢ᠃ | | |