ᠴᠢᠯᠠᠭᠤᠨ ᠲᠠᠶᠢᠴᠢᠭᠤᠳ ᠠᠶᠢᠮᠠᠭ ᠤᠨ ᠰᠦᠯᠳᠦᠰᠦᠨ ᠤᠪᠤᠭᠳᠠᠨ᠃ | ᠴᠢᠯᠠᠭᠤᠨ ᠤ ᠡᠴᠢᠬᠡ ᠰᠤᠷᠬᠠᠨ ᠰᠢᠷ᠎ᠠ ᠤᠤᠯ ᠳᠠᠭᠠᠨ ᠲᠠᠶᠢᠴᠢᠭᠤᠳ ᠠᠶᠢᠮᠠᠭ ᠤᠨ ᠲᠦᠳᠦᠬᠡ ᠶᠢᠨ ᠭᠡᠷ ᠤᠨ | ᠵᠠᠷᠤᠴᠠ ᠪᠠᠶᠢᠵᠠᠢ᠃ ᠴᠢᠩᠭᠢᠰ ᠬᠠᠭᠠᠨ ᠪᠠᠭ᠎ᠠ ᠳᠠᠭᠠᠨ ᠲᠠᠶᠢᠴᠢᠭᠤᠳ ᠠᠶᠢᠮᠠᠭ ᠤᠨ ᠲᠠᠷᠭᠤᠳᠠᠢ ᠬᠢᠷᠢᠯᠳᠤᠭ ᠲᠤ | ᠪᠠᠷᠢᠭᠳᠠᠭᠠᠳ ᠲᠤᠳᠠᠭᠠᠨ ᠭᠠᠷᠴᠤ᠂ ᠤᠰᠤᠨ ᠤ ᠬᠠᠷᠭᠢ ᠳᠤ ᠬᠡᠪᠳᠡᠵᠤ ᠪᠠᠶᠢᠳᠠᠯ᠎ᠠ ᠰᠤᠷᠬᠠᠨ ᠰᠢᠷ᠎ᠠ ᠤᠯᠵᠤ | ᠦᠵᠡᠭᠡᠳ᠄ ︽ᠴᠢᠮ᠎ᠡ ᠳᠤ ᠡᠨᠡ ᠮᠡᠳᠣ ᠠᠷᠭ᠎ᠠ ᠤᠬᠠᠭᠠᠨ ᠪᠦᠷᠢᠨ ᠮᠦᠷᠳᠡᠬᠡᠨ ᠨᠢᠭᠤᠷ ᠲᠡᠭᠡᠨ ᠭᠠᠯ ᠲᠠᠢ᠂ ᠨᠢᠳᠦᠨ | ᠳᠡᠭᠡᠨ ᠴᠤᠭ ᠲᠠᠢ ᠲᠤᠯᠠ ᠲᠠᠶᠢᠴᠢᠭᠤᠳ ᠠᠬ᠎ᠠ ᠲᠡᠬᠦᠦ ᠨᠠᠷ ᠲᠠᠭᠠᠨ ᠡᠶᠢᠨ ᠬᠦ ᠠᠳᠠᠭᠠᠷᠬᠠᠬᠤ ᠠᠵᠢ᠃ ᠴᠢ | ᠢᠩᠭᠢᠵᠤ ᠬᠡᠪᠳᠡᠵᠤ ᠪᠠᠶᠢᠭᠠᠷᠠᠢ᠂ ᠪᠢ ᠴᠢᠮ᠎ᠡ ᠶᠢ ᠵᠢᠭᠠᠵᠤ ᠦᠭᠭᠦ ᠦᠭᠡᠢ︾ ᠭᠡᠳ ᠦᠩᠭᠡᠷᠡᠨ ᠭᠠᠷᠪᠠ᠃ | ᠲᠠᠷᠭᠤᠳᠠᠢ ᠬᠢᠷᠢᠯᠳᠤᠭ ᠲᠠᠬᠢᠵᠤ ᠬᠡᠷᠬᠢᠨ ᠡᠷᠢᠬᠦ ᠶᠢ ᠵᠦᠪᠯᠡᠬᠦ ᠳᠤ ᠰᠤᠷᠬᠠᠨ ᠰᠢᠷ᠎ᠠ᠄ ︽ᠬᠦᠮᠦᠨ ᠪᠦᠷᠢ ᠶᠠᠪᠤᠭᠰᠠᠨ | ᠮᠦᠷ ᠢᠶᠠᠷ ᠢᠶᠠᠨ ᠬᠡᠳᠡᠷᠬᠦ ᠶᠠᠪᠣᠵᠤ᠂ ᠨᠡᠩᠵᠢᠭᠰᠡᠨ ᠦᠭᠡᠢ ᠭᠠᠵᠠᠷ ᠢᠶᠠᠷ ᠲᠠᠬᠢᠨ ᠰᠢᠬᠦᠵᠤ ᠡᠷᠢᠶ᠎ᠡ︾ ᠬᠡᠰᠡᠨ ᠳᠤ ︽ | ᠵᠠ︕︾ ᠬᠡᠵᠤ ᠵᠦᠪᠰᠢᠶᠡᠷᠡᠬᠡᠳ᠂ ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠲᠠᠬᠢᠨ ᠶᠠᠪᠤᠵᠤ ᠡᠷᠢᠪᠡ᠃ ᠡᠨᠡ | ᠦᠶ᠎ᠡ ᠳᠤ ᠮᠦᠨ ᠰᠤᠷᠬᠠᠨ ᠰᠢᠷ᠎ᠠ ᠲᠠᠭᠠᠷᠠᠯᠳᠣᠵᠣ᠄ ︽ᠲᠠᠶᠢᠴᠢᠭᠤᠳ ᠠᠬ᠎ᠠ ᠲᠡᠬᠦᠦ ᠨᠠᠷ ᠴᠢᠨᠢ ᠠᠷᠠᠭᠠᠨ | ᠰᠢᠳᠣ ᠪᠠᠨ ᠪᠢᠯᠡᠬᠦᠳᠡᠵᠤ ᠶᠠᠪᠤᠵᠤ ᠪᠤᠢ᠃ ᠴᠢ ᠬᠠᠳᠠᠭᠤᠵᠢᠨ ᠬᠡᠪᠳᠡᠵᠤ ᠪᠤᠢ︕︾ ᠭᠡᠳ ᠦᠩᠭᠡᠷᠡᠵᠤ ᠭᠠᠷᠪᠠ᠃ | ᠲᠡᠭᠡᠭᠡᠳ ᠲᠠᠬᠢᠵᠤ ᠮᠦᠨ ᠬᠡᠷᠬᠢᠨ ᠡᠷᠢᠬᠦ ᠶᠢ ᠵᠦᠪᠯᠡᠯᠳᠦᠬᠦ ᠳᠤ ᠰᠤᠷᠬᠠᠨ ᠰᠢᠷ᠎ᠠ᠄ ︽ᠲᠠᠨ ᠤ ᠲᠠᠶᠢᠴᠢᠭᠤᠳ ᠬᠡᠭᠡᠨ | ᠡᠳᠦᠷ ᠭᠡᠷᠡᠯᠳᠣ ᠨᠠᠷᠠᠨ ᠤ ᠲᠤᠤᠷ᠎ᠠ᠂ ᠪᠤᠰᠤᠭ᠎ᠠ ᠬᠦᠮᠦᠨ ᠢ ᠠᠯᠳᠠᠭᠠᠳ ᠳ᠋ᠤᠬᠡ ᠬᠠᠷᠠᠩᠭᠤᠢ ᠰᠦᠨᠢ ᠬᠠᠮᠢᠭ᠎ᠠ ᠠᠴᠠ | ᠣᠯᠬᠤ ᠨᠢ ᠪᠤᠢ︖ ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠪᠠᠰᠠ ᠨᠢᠭᠡ ᠤᠳᠠᠭ᠎ᠠ ᠰᠢᠬᠦᠨ ᠦᠵᠡᠵᠤ | ᠲᠠᠷᠬᠠᠭᠠᠳ ᠮᠠᠷᠭᠠᠰᠢ ᠴᠤᠭᠯᠠᠷᠠᠵᠤ ᠡᠷᠢᠶ᠎ᠡ᠃ ᠲᠦᠩᠭᠡ ᠲᠠᠢ ᠬᠦᠮᠦᠨ ᠬᠠᠮᠢᠭ᠎ᠠ ᠤᠴᠢᠬᠤ ᠪᠤᠢ︖︾ ᠬᠡᠰᠡᠨ ᠳᠤ | ᠪᠦᠬᠦᠳᠡᠬᠡᠷ ︽ᠵᠠ︾ ᠬᠡᠵᠡᠬᠡᠵᠤ ᠪᠤᠴᠠᠵᠤ ᠡᠷᠢᠬᠦ ᠪᠠᠷ ᠶᠠᠪᠤᠪᠠ᠃ ᠰᠤᠷᠬᠠᠨ ᠰᠢᠷ᠎ᠠ ᠪᠠᠰᠠ ᠲᠠᠭᠠᠷᠢᠨ ᠢᠷᠡᠵᠤ᠄ ︽ | ᠤᠳᠤ ᠨᠢᠭᠡ ᠤᠳᠠᠭ᠎ᠠ ᠡᠷᠢᠬᠡᠳ ᠲᠠᠷᠬᠠᠵᠤ᠂ ᠮᠠᠷᠭᠠᠰᠢ ᠡᠷᠢᠬᠦ ᠪᠠᠷ ᠪᠤᠯᠵᠤᠪᠠ᠃ ᠦᠨᠦ ᠮᠠᠨ ᠢ ᠲᠠᠷᠬᠠᠮᠠᠭᠴᠠ ᠡᠵᠢ | ᠪᠤᠯᠤᠨ ᠲᠡᠬᠦᠦ ᠨᠠᠷ ᠢᠶᠠᠨ ᠡᠷᠢᠬᠦ ᠪᠠᠷ ᠶᠠᠪᠤ᠃ ᠬᠡᠷᠪᠡ ᠬᠦᠮᠦᠨ ᠳᠤ ᠲᠤᠬᠢᠶᠠᠯᠳᠤᠪᠠᠯ ᠨᠠᠮᠠᠢᠢ ᠦᠵᠡᠪᠡ ᠬᠡᠵᠤ ᠪᠢᠳᠡᠬᠡᠢ | ᠬᠡᠯᠡᠩᠳᠦᠨ︕︾ ᠬᠡᠵᠤ ᠲᠡᠮᠦᠵᠢᠨ ᠳᠤ ᠬᠡᠯᠡᠬᠡᠳ ᠦᠩᠭᠡᠷᠡᠵᠤ ᠭᠠᠷᠪᠠ᠃ ᠲᠡᠳᠡᠨ ᠢ ᠲᠠᠷᠬᠠᠮᠠᠭᠴᠠ ᠲᠡᠮᠦᠵᠢᠨ ︽ | ᠲᠦᠷᠦᠬᠦᠦ ᠬᠡᠳᠦᠨ ᠡᠳᠦᠷ ᠠᠶᠢᠯ ᠬᠡᠰᠦᠵᠤ ᠬᠤᠨᠤᠬᠤ ᠳᠤ ᠰᠤᠷᠬᠠᠨ ᠰᠢᠷ᠎ᠠ ᠶᠢᠨ ᠬᠡᠷ ᠲᠤ ᠬᠤᠨᠤᠪᠠᠯ ᠲᠡᠬᠦᠨ ᠤ | ᠬᠦᠪᠡᠬᠦᠨ ᠴᠢᠮᠪᠠᠢ᠂ ᠴᠢᠯᠠᠭᠤᠨ ᠬᠤᠶᠠᠷ ᠨᠠᠮᠠᠢᠢ ᠦᠷᠦ ᠡᠪᠡᠳᠦᠨ ᠬᠠᠶᠢᠷᠠᠯᠠᠵᠤ ᠰᠦᠨᠢ ᠪᠦᠷᠢ ᠬᠢᠨᠵᠢ ᠭᠠᠪᠠ ᠶᠢ ᠮᠢᠨᠢ | ᠰᠤᠯᠠᠯᠠᠨ ᠥᠭᠴᠤ ᠬᠤᠨᠤᠭᠤᠯᠬᠤ ᠪᠢᠯᠡ᠃ ᠡᠳᠦᠬᠡ ᠪᠠᠰᠠ ᠰᠤᠷᠬᠠᠨ ᠰᠢᠷ᠎ᠠ ᠨᠠᠮᠠᠢᠢ ᠦᠵᠡᠵᠤ ᠪᠠᠶᠢᠭᠠᠳ ᠵᠢᠭᠠᠵᠤ | ᠦᠭᠭᠦᠭᠰᠡᠨ ᠦᠭᠡᠢ ᠦᠩᠭᠡᠷᠡᠪᠡ᠃ ᠲᠡᠳᠡ ᠨᠠᠮᠠᠢᠢ ᠠᠪᠤᠷᠠᠵᠤ ᠮᠡᠳᠡᠨ᠎ᠡ︾ ᠬᠡᠵᠤ ᠪᠤᠳᠤᠭᠠᠳ ᠰᠤᠷᠬᠠᠨ ᠰᠢᠷ᠎ᠠ ᠶᠢᠨ | ᠬᠡᠷ ᠢ ᠴᠢᠭᠯᠡᠨ ᠤᠨᠤᠨ ᠮᠦᠷᠡᠨ ᠦᠬᠡᠳᠡ ᠶᠠᠪᠤᠪᠠ᠃ ᠰᠤᠷᠬᠠᠨ ᠰᠢᠷ᠎ᠠ ᠶᠢᠨ ᠬᠡᠷ ᠨᠢ ᠦᠷᠬᠦᠯᠵᠢ ᠰᠦᠨᠢ ᠲᠦᠯᠢ | ᠦᠩᠭᠡᠷᠡᠳᠡᠯ᠎ᠡ ᠬᠡᠬᠦᠦ ᠶᠢᠨ ᠰᠦ ᠪᠡᠨ᠎ᠡ ᠰᠠᠮᠤᠷᠴᠤ ᠠᠶᠢᠷᠠᠭ ᠢᠶᠠᠨ ᠪᠦᠯᠢᠬᠦ ᠶᠢ ᠲᠡᠮᠦᠵᠢᠨ ᠮᠡᠳᠡᠬᠦ ᠲᠤᠯᠠ ᠪᠠᠶᠢᠨ | ᠪᠠᠶᠢᠨ ᠰᠤᠨᠤᠰᠳᠠᠬᠤ ᠪᠦᠯᠢᠬᠦᠷ ᠤᠨ ᠴᠢᠮᠡᠭᠡ ᠶᠢ ᠴᠢᠩᠨᠠᠭᠰᠠᠭᠠᠷ ᠬᠦᠷᠴᠤ ᠤᠴᠢᠭᠰᠠᠨ ᠳᠤ ᠰᠤᠷᠬᠠᠨ ᠰᠢᠷ᠎ᠠ᠄ ︽ᠪᠢ | ᠴᠢᠮ᠎ᠡ ᠳᠤ ᠡᠬᠡ ᠪᠠ ᠲᠡᠬᠦᠦ ᠨᠠᠷ ᠢᠶᠠᠨ ᠡᠷᠢᠬᠦ ᠪᠡᠷ᠎ᠡ ᠶᠠᠪᠤ ᠬᠡᠰᠡᠨ ᠪᠢᠰᠢᠦ᠂ ᠶᠠᠭᠤᠨ ᠳᠤ ᠠᠳᠡ ᠢᠷᠡᠪᠡ︖︾ | ᠭᠡᠪᠡ᠃ ᠲᠡᠬᠦᠨ ᠤ ᠬᠦᠪᠡᠬᠦᠨ ᠴᠢᠮᠪᠠᠢ᠂ ᠴᠢᠯᠠᠭᠤᠨ ᠬᠤᠶᠠᠷ᠄ ︽ᠪᠤᠯᠵᠤᠮᠤᠷ ᠰᠢᠪᠠᠭᠤ᠂ ᠪᠦᠷᠬᠦᠳ ᠠᠴᠠ | ᠲᠤᠳᠠᠭᠠᠵᠤ ᠪᠤᠳᠠ ᠶᠢᠨ ᠢᠷᠤᠭᠠᠷ ᠲᠤ ᠰᠢᠷᠭᠤᠪᠠᠯ ᠪᠤᠳᠠ ᠲᠡᠬᠦᠨ ᠢ ᠬᠠᠮᠠᠭᠠᠯᠠᠵᠤ ᠠᠪᠤᠷᠠᠬᠤ ᠪᠠᠶᠢᠳᠠᠯ᠎ᠠ᠂ ᠤᠳᠤ | ᠪᠢᠳᠡᠨ ᠳᠤ ᠬᠦᠮᠦᠨ ᠬᠤᠷᠭᠤᠳᠠᠵᠤ ᠢᠷᠡᠬᠦ ᠳᠤ ᠴᠢᠩᠭᠢᠵᠤ ᠬᠡᠯᠡᠵᠤ ᠶᠠᠭᠠᠬᠢᠨ ᠪᠣᠯᠬᠤ ᠪᠣᠢ︖︾ ᠬᠡᠵᠤ ᠡᠴᠢᠬᠡ | ᠪᠡᠨ᠎ᠡ ᠪᠤᠷᠤᠭᠤᠰᠢᠶᠠᠵᠤ᠂ ᠭᠠᠪᠠ ᠬᠢᠨᠵᠢ ᠶᠢ ᠨᠢ ᠡᠪᠳᠡᠵᠤ ᠬᠠᠶᠠᠭᠠᠳ ᠲᠡᠮᠦᠵᠢᠨ ᠢ ᠨᠤᠤᠰᠤᠨ ᠲᠡᠷᠬᠡᠨ ᠲᠤᠳᠣᠷ᠎ᠠ ᠪᠠᠨ | ᠨᠢᠭᠤᠵᠤ᠂ ᠬᠠᠳᠠᠭᠠᠨ ᠨᠡᠷᠡᠳᠣ ᠥᠬᠢᠨ ᠲᠡᠬᠦᠦ ᠪᠠᠷ ᠢᠶᠠᠨ ᠠᠰᠠᠷᠠᠭᠤᠯᠪᠠ᠃ ᠮᠠᠷᠭᠠᠰᠢ ᠦᠷᠯᠦᠬᠡ ᠨᠢ ᠲᠠᠶᠢᠴᠢᠭᠤᠳ | ᠡᠷᠳᠡᠯᠡᠨ ᠪᠤᠰᠴᠤ ︽ᠭᠠᠪᠠ ᠬᠢᠨᠵᠢ ᠲᠠᠢ ᠬᠦᠮᠦᠨ ᠬᠡᠳᠦᠢ ᠬᠤᠯᠠ ᠶᠠᠪᠤᠵᠤ ᠲᠡᠶᠢᠯᠬᠦ ᠪᠢᠯᠡ᠃ ᠯᠠᠪ ᠮᠠᠨᠠᠶᠢᠬᠢᠨ | ᠨᠢᠭᠤᠭᠰᠠᠨ ᠪᠢᠵᠡ᠃ ᠦᠪᠡᠷ ᠵᠠᠭᠤᠷ᠎ᠠ ᠶᠢᠨ ᠠᠶᠢᠯ ᠤᠳ ᠢᠶᠠᠨ ᠨᠡᠩᠵᠢᠶ᠎ᠡ︾ ᠬᠡᠵᠤ ᠠᠶᠢᠯ ᠪᠦᠷᠢ ᠶᠢ ᠨᠡᠩᠵᠢᠭᠰᠡᠬᠡᠷ | ᠰᠤᠷᠬᠠᠨ ᠰᠢᠷ᠎ᠠ ᠶᠢᠨ ᠳᠤ ᠢᠷᠡᠵᠤ᠂ ᠬᠡᠷ ᠲᠡᠷᠬᠡ ᠶᠢ ᠨᠢ ᠨᠡᠩᠵᠢᠭᠰᠡᠬᠡᠷ ᠨᠤᠤᠰᠤᠨ ᠲᠡᠷᠬᠡᠨ ᠳᠤ ᠬᠦᠷᠦᠬᠡᠳ ᠠᠮᠠᠰᠠᠷ | ᠲᠡᠰᠬᠦᠢ ᠨᠤᠤᠰᠤ ᠶᠢ ᠲᠠᠳᠠᠵᠤ ᠲᠡᠮᠦᠵᠢᠨ ᠤ ᠭᠦᠯ ᠳᠤ ᠬᠦᠷᠦᠭᠰᠡᠨ᠎ᠡ ᠰᠤᠷᠬᠠᠨ ᠰᠢᠷ᠎ᠠ᠄ ︽ᠡᠶᠢᠮᠤ ᠬᠠᠯᠠᠭᠤᠨ ᠴᠠᠭ | ᠲᠤ ᠨᠤᠤᠰᠤᠨ ᠲᠤᠳᠤᠷ᠎ᠠ ᠠᠮᠢᠳᠣ ᠬᠦᠮᠦᠨ ᠶᠠᠭᠠᠬᠢᠨ ᠪᠠᠶᠢᠵᠤ ᠪᠣᠯᠬᠤ ᠪᠤᠢ︖ ᠰᠡᠳᠬᠢᠯ ᠢᠶᠠᠨ ᠬᠠᠨᠤᠳᠠᠯ᠎ᠠ ᠡᠷᠢ︾ | ᠬᠡᠪᠡ᠃ ᠨᠡᠩᠵᠢᠬᠦᠯ ᠤᠨ ᠬᠦᠮᠦᠰ ᠦᠨᠡᠮᠰᠢᠬᠡᠳ ᠲᠠᠷᠬᠠᠨ ᠶᠠᠪᠤᠪᠠ᠃ ᠲᠡᠳᠡᠨ ᠢ ᠶᠠᠪᠤᠭᠰᠠᠨ ᠤ ᠬᠤᠶᠢᠨ᠎ᠡ᠂ ᠰᠤᠷᠬᠠᠨ | ᠰᠢᠷ᠎ᠠ ᠲᠡᠮᠦᠵᠢᠨ ᠢ ᠨᠤᠤᠰᠤᠨ ᠲᠡᠷᠬᠡᠨ ᠠᠴᠠ ᠭᠠᠷᠭᠠᠭᠠᠳ᠄ ︽ᠴᠢ ᠨᠠᠮᠠᠢᠢ ᠦᠨᠡᠰᠤ ᠪᠤᠯᠭᠠᠨ ᠬᠡᠶᠢᠰᠬᠡᠬᠦ ᠠᠯᠳᠠᠪᠠ᠃ | ᠤᠳᠤ ᠲᠠᠷᠤᠢ ᠡᠬᠡ ᠬᠢᠬᠡᠳ ᠲᠡᠬᠦᠦ ᠨᠠᠷ ᠢᠶᠠᠨ ᠡᠷᠢᠬᠦ ᠪᠠᠷ ᠶᠠᠪᠤ︕︾ ᠬᠡᠵᠤ ᠠᠮᠠ ᠴᠠᠭᠠᠨ ᠡᠷᠮᠡᠭ ᠬᠤᠯᠠᠨᠴᠢ | ᠬᠡᠬᠦᠦ ᠪᠠᠨ ᠤᠨᠤᠭᠤᠯᠵᠤ ᠡᠮᠡᠬᠡᠯ ᠤᠨ ᠭᠠᠨᠵᠤᠭ᠎ᠠ ᠳᠤᠨᠢ ᠲᠠᠷᠭᠤᠨ ᠬᠤᠷᠠᠭᠠᠨ ᠮᠢᠬ᠎ᠠ᠂ ᠬᠦᠬᠦᠦᠷ ᠲᠠᠢ ᠠᠶᠢᠷᠠᠭ | ᠲᠡᠬᠦᠵᠢᠯᠡᠬᠡᠳ ᠶᠠᠪᠤᠭᠤᠯᠪᠠ᠃ | 1200ᠣᠨ ᠳᠤ ᠴᠢᠩᠭᠢᠰ ᠬᠠᠭᠠᠨ ᠤᠨᠤᠨ ᠮᠦᠷᠡᠨ ᠤ ᠬᠦᠪᠡᠬᠡᠨ᠎ᠡ ᠲᠠᠶᠢᠴᠢᠭᠤᠳ ᠠᠶᠢᠮᠠᠭ ᠢ ᠪᠠᠶᠢᠯᠳᠣᠨ | ᠰᠦᠨᠦᠬᠡᠬᠦ ᠦᠶᠡᠰ᠂ ᠲᠦᠷᠪᠡᠭᠰᠡᠨ ᠢᠷᠬᠡᠳ ᠢ ᠨᠡᠬᠡᠮᠵᠢᠯᠡᠨ ᠶᠠᠪᠤᠵᠤ ᠪᠠᠶᠢᠳᠠᠯ᠎ᠠ ᠲᠡᠪᠠᠭᠠᠨ ᠤ ᠤᠷᠤᠢ ᠲᠡᠬᠡᠷ᠎ᠡ | ᠤᠯᠠᠭᠠᠨ ᠲᠡᠪᠡᠯ ᠲᠠᠢ ᠨᠢᠭᠡᠨ ᠪᠦᠰᠡᠬᠦᠢ ᠲᠠᠭᠤᠨ ᠲᠠᠯᠪᠢᠨ ᠤᠬᠢᠯᠠᠵᠤ᠄ ︽ᠲᠡᠮᠦᠵᠢᠨ︾ ᠬᠡᠮᠡᠨ ᠬᠠᠰᠬᠢᠷᠴᠤ ᠪᠠᠶᠢᠬᠤ | ᠰᠤᠨᠤᠰᠳᠠᠪᠠ᠃ ᠴᠢᠩᠭᠢᠰ ᠬᠠᠭᠠᠨ ᠬᠦᠮᠦᠨ ᠶᠠᠪᠤᠭᠤᠯᠵᠤ ᠤᠴᠢᠷ ᠢ ᠠᠰᠠᠭᠤᠯᠭᠠᠭᠰᠠᠨ ᠳᠤ ᠲᠡᠷᠡ ᠪᠦᠰᠡᠬᠦᠢ᠄ ︽ᠪᠢ | ᠪᠣᠯ ᠰᠤᠷᠬᠠᠨ ᠰᠢᠷ᠎ᠠ ᠶᠢᠨ ᠥᠬᠢᠨ ᠬᠠᠳᠠᠭᠠᠨ ᠶᠤᠮ᠃ ᠮᠢᠨᠤ ᠨᠦᠬᠦᠷ ᠴᠡᠷᠢᠭ ᠲᠤ ᠪᠠᠷᠢᠭᠳᠠᠵᠤ ᠠᠯᠠᠭᠳᠠᠬᠤ ᠬᠡᠵᠤ | ᠪᠠᠶᠢᠬᠤ ᠲᠤᠯᠠ ᠲᠡᠮᠦᠵᠢᠨ ᠢ ᠬᠠᠰᠬᠢᠷᠴᠤ ᠠᠪᠤᠷᠠᠭᠤᠯᠬᠤ ᠬᠡᠰᠡᠨ ᠪᠢᠯᠡ︕︾ ᠬᠡᠪᠡ᠃ ᠴᠢᠩᠭᠢᠰ ᠬᠠᠭᠠᠨ ᠡᠭᠦᠨ ᠢ | ᠰᠤᠨᠤᠰᠮᠠᠭᠴᠠ ᠲᠠᠷᠤᠢ ᠨᠦᠬᠦᠷ ᠢ ᠨᠢ ᠠᠪᠤᠷᠠᠬᠤ ᠪᠡᠷ᠎ᠡ ᠲᠠᠪᠬᠢᠨ ᠤᠴᠢᠭᠰᠠᠨ ᠪᠤᠯᠪᠠᠴᠤ ᠡᠰᠡ ᠵᠠᠪᠳᠤᠪᠠ᠃ | ᠲᠡᠭᠡᠭᠡᠳ ᠬᠠᠳᠠᠭᠠᠨ ᠤ ᠤᠷᠢᠳᠣ ᠶᠢᠨ ᠠᠴᠢ ᠶᠢ ᠨᠢ ᠰᠠᠨᠠᠭᠠᠯᠵᠠᠭᠠᠳ ᠤᠷᠳᠤᠨ ᠳᠠᠭᠠᠨ ᠤᠷᠢᠨ ᠠᠪᠠᠴᠢᠵᠤ᠂ | ᠰᠠᠭᠤᠳᠠᠯ ᠬᠠᠶᠢᠷᠠᠯᠠᠭᠰᠠᠨ ᠪᠠᠶᠢᠨ᠎ᠠ᠃ ᠲᠠᠷᠠᠭ᠎ᠠ ᠡᠳᠦᠷ ᠨᠢ ᠰᠤᠷᠬᠠᠨ ᠰᠢᠷ᠎ᠠ ᠪᠠᠰᠠ ᠴᠢᠯᠠᠭᠤᠨ᠂ ᠴᠢᠮᠪᠠᠢ᠂ ᠬᠤᠶᠠᠷ | ᠬᠦᠪᠡᠬᠦᠨ ᠢᠶᠠᠨ ᠲᠠᠭᠠᠭᠤᠯᠵᠤ᠂ ᠴᠢᠩᠭᠢᠰ ᠬᠠᠭᠠᠨ ᠳᠤ ᠲᠠᠭᠠᠷ᠎ᠠ ᠢᠷᠡᠪᠡ᠃ ᠴᠢᠩᠭᠢᠰ ᠬᠠᠭᠠᠨ᠄ | ︽ᠭᠥᠵᠥᠭᠦᠨ ᠳᠤ ᠮᠢᠨᠢ ᠤᠭᠯᠠᠭᠰᠠᠨ | ᠬᠦᠨᠳᠤ ᠮᠤᠳᠤ ᠶᠢ | ᠬᠦᠰᠡᠷ ᠬᠠᠶᠠᠭᠰᠠᠨ | ᠵᠠᠬ᠎ᠠ ᠳᠤ ᠮᠢᠨᠢ ᠤᠭᠯᠠᠭᠰᠠᠨ | ᠵᠠᠭᠠᠳᠠᠰᠤ ᠲᠦᠩᠭᠡ ᠶᠢ | ᠵᠠᠶᠢᠯᠠᠭᠤᠯᠵᠤ ᠦᠭᠭᠦᠭᠰᠡᠨ | ᠡᠴᠢᠬᠡ ᠮᠡᠳᠣ ᠠᠴᠢᠳᠣ | ᠡᠷᠬᠢᠮ ᠲᠠ ᠨᠠᠷ | ᠢᠩᠭᠢᠵᠤ ᠶᠠᠭᠤᠨ ᠳᠤ | ᠶᠡᠭᠡ ᠬᠤᠵᠢᠮᠳᠠᠵᠤ ᠢᠷᠡᠪᠡ︖︾ ᠬᠡᠰᠡᠨ ᠳᠤ ᠰᠤᠷᠬᠠᠨ ᠰᠢᠷ᠎ᠠ᠄ ︽ᠪᠢ ᠴᠢᠮ᠎ᠡ ᠳᠤ ᠲᠤᠳᠤᠷ᠎ᠠ ᠪᠠᠨ ᠭᠦᠨ | ᠢᠳᠡᠷᠬᠡᠭᠰᠡᠭᠡᠷ ᠪᠠᠶᠢᠭᠰᠠᠨ ᠪᠢᠯᠡ᠃ ᠶᠠᠭᠠᠷᠠᠭᠠᠳ ᠶᠠᠭᠠᠬᠢᠬᠤ ᠪᠤᠢ︖ ᠬᠡᠷᠪᠡ ᠶᠠᠭᠠᠷᠠᠵᠤ ᠤᠷᠢᠳ ᠢᠷᠡᠪᠡᠰᠣ | ᠲᠠᠶᠢᠴᠢᠭᠤᠳ ᠤᠨ ᠨᠤᠶᠠᠳ᠂ ᠮᠢᠨᠤ ᠬᠤᠴᠤᠷᠤᠭᠰᠠᠨ ᠡᠮ᠎ᠡ᠂ ᠬᠦᠪᠡᠬᠦᠳ ᠪᠠ ᠠᠳᠤᠭᠤ ᠮᠠᠯ ᠢ ᠦᠨᠡᠰᠦ ᠪᠣᠯᠭᠠᠨ | ᠬᠡᠶᠢᠰᠬᠡᠬᠦ ᠮᠠᠭᠠᠳ ᠲᠤᠯᠠ ᠪᠢᠳᠡ ᠶᠠᠭᠠᠷᠠᠭᠰᠠᠨ ᠦᠭᠡᠢ ᠶᠤᠮ᠃ ᠡᠳᠦᠬᠡ ᠬᠠᠭᠠᠨ ᠳᠤ ᠨᠡᠶᠢᠯᠡᠵᠤ ᠢᠷᠡᠪᠡ︾ ᠬᠡᠪᠡ᠃ | ᠡᠨᠡ ᠦᠬᠡ ᠶᠢ ᠰᠤᠨᠤᠰᠤᠭᠠᠳ ᠴᠢᠩᠭᠢᠰ ᠬᠠᠭᠠᠨ ︽ᠵᠦᠪ︾ ᠭᠡᠵᠠᠢ᠃ | 1206ᠣᠨ ᠳᠤ ᠴᠢᠩᠭᠢᠰ ᠬᠠᠭᠠᠨ ᠮᠤᠩᠭᠤᠯ ᠤᠨ ᠤᠯᠠᠨ ᠠᠶᠢᠮᠠᠭ ᠢ ᠨᠢᠭᠡᠳᠬᠡᠵᠤ᠂ ᠤᠯᠤᠰ ᠪᠠᠶᠢᠭᠤᠯᠬᠤ | ᠳᠤ ᠵᠢᠳᠬᠦᠭᠰᠡᠨ ᠭᠠᠪᠢᠶᠠᠳᠠᠨ ᠰᠠᠶᠢᠳ ᠢᠶᠠᠨ ᠱᠠᠩᠨᠠᠬᠤ ᠦᠶᠡᠰ ᠰᠤᠷᠬᠠᠨ ᠰᠢᠷ᠎ᠠ᠂ ᠴᠢᠯᠠᠭᠤᠨ᠂ ᠴᠢᠮᠪᠠᠢ ᠶᠢ ᠴᠦᠮ | ᠮᠢᠩᠭᠠᠨ ᠤ ᠨᠤᠶᠠᠨ ᠡᠷᠬᠦᠮᠵᠢᠯᠡᠵᠤ᠄ ︽ᠨᠠᠮᠠᠢᠢ ᠦᠴᠦᠬᠡᠨ ᠴᠠᠭ ᠲᠤ᠂ ᠲᠠᠶᠢᠴᠢᠭᠤᠳ ᠤᠨ ᠲᠠᠷᠭᠤᠳᠠᠢ ᠬᠢᠷᠢᠯᠳᠤᠭ᠂ | ᠠᠬ᠎ᠠ ᠲᠡᠬᠦᠦ ᠨᠠᠷ ᠲᠠᠢ ᠪᠠᠨ ᠨᠡᠶᠢᠯᠡᠵᠤ ᠠᠳᠠᠭᠠᠷᠬᠠᠭᠠᠳ ᠪᠠᠷᠢᠬᠤ ᠴᠠᠭ ᠲᠤ᠂ ᠲᠠ ᠨᠠᠷ ᠨᠤᠤᠰᠤᠨ ᠲᠡᠷᠬᠡᠨ | ᠲᠤᠳᠤᠷ᠎ᠠ ᠪᠡᠨ᠎ᠡ ᠨᠢᠭᠤᠵᠤ᠂ ᠥᠬᠢᠨ ᠬᠠᠳᠠᠭᠠᠨ ᠢᠶᠠᠷ ᠢᠶᠠᠨ ᠠᠰᠠᠷᠠᠭᠤᠯᠵᠤ ᠪᠠᠶᠢᠭᠠᠳ ᠲᠠᠯᠪᠢᠵᠤ ᠶᠠᠪᠤᠭᠤᠯᠤᠭᠰᠠᠨ | ᠪᠢᠰᠢᠦ︖ ᠲᠠᠨ ᠤ ᠲᠡᠷᠡ ᠠᠴᠢ ᠭᠠᠪᠢᠶ᠎ᠠ ᠶᠢ ᠴᠢᠨᠢ ᠪᠢ ᠬᠠᠷᠠᠩᠭᠤᠢ ᠰᠦᠨᠢ ᠵᠡᠬᠦᠳᠦᠨ ᠳᠡᠭᠡᠨ ᠪᠤᠳᠤᠵᠤ᠂ ᠬᠡᠭᠡᠨ | ᠡᠳᠦᠷ ᠴᠡᠬᠡᠵᠢᠨ ᠳᠡᠭᠡᠨ ᠰᠠᠨᠠᠭᠰᠠᠭᠠᠷ ᠶᠠᠪᠤᠭᠰᠠᠨ ᠪᠢᠯᠡ᠃ ᠲᠠᠷᠠᠭ᠎ᠠ ᠨᠢ ᠲᠠᠶᠢᠴᠢᠭᠤᠳ ᠠᠴᠠ ᠨᠠᠳᠠ ᠪᠠᠭ᠋ᠠᠨ | ᠤᠳᠠᠵᠤ ᠢᠷᠡᠪᠡ᠃ ᠤᠳᠤ ᠲᠠᠨ ᠳᠤ ᠰᠤᠶᠤᠷᠬᠠᠯ ᠢ ᠦᠭᠭᠦᠶ᠎ᠡ᠃ ᠶᠠᠮᠠᠷ ᠰᠤᠶᠤᠷᠬᠠᠯ ᠢ ᠬᠦᠰᠡᠵᠤ ᠪᠠᠶᠢᠨ᠎ᠠ ᠪᠤᠢ︖ | ︾ ᠬᠡᠰᠡᠨ ᠳᠤ ᠰᠤᠷᠬᠠᠨ ᠰᠢᠷ᠎ᠠ ᠪᠠ ᠲᠡᠬᠦᠨ ᠤ ᠬᠦᠪᠡᠬᠦᠨ ᠴᠢᠯᠠᠭᠤᠨ᠂ ᠴᠢᠮᠪᠠᠢ᠄ ︽ᠪᠢᠳᠡ ᠮᠡᠷᠬᠢᠳ ᠤᠨ ᠨᠤᠲᠤᠭ | ᠰᠡᠯᠡᠩᠭᠡ ᠳᠤ ᠲᠠᠷᠬᠠᠨ ᠲᠤᠷ᠎ᠠ ᠪᠠᠷ ᠨᠤᠲᠤᠭᠯᠠᠬᠤ ᠶᠢ ᠬᠦᠰᠡᠨ᠎ᠡ᠃ ᠦᠬᠡᠷ᠎ᠡ ᠶᠠᠮᠠᠷ ᠬᠡᠰᠢᠭ ᠬᠦᠷᠳᠡᠬᠡᠬᠦ ᠶᠢ ᠬᠠᠭᠠᠨ | ᠦᠪᠡᠷ ᠢᠶᠠᠨ ᠮᠡᠳᠡᠳᠦᠬᠡᠢ︕︾ ᠬᠡᠪᠡ᠃ ᠡᠬᠦᠨ ᠳᠤ ᠴᠢᠩᠭᠢᠰ ᠬᠠᠭᠠᠨ᠄ ︽ᠲᠡᠭᠡᠪᠡᠯ ᠮᠡᠷᠬᠢᠳ ᠤᠨ ᠭᠠᠵᠠᠷ | ᠰᠡᠯᠡᠩᠭᠡ ᠶᠢᠨ ᠨᠤᠲᠤᠭ ᠲᠤ ᠲᠠᠷᠬᠠᠯᠠᠵᠤ᠂ ᠤᠷᠤᠭ ᠤᠨ ᠤᠷᠤᠭ ᠬᠦᠷᠳᠡᠯ᠎ᠡ ᠨᠤᠲᠤᠭ ᠤᠷᠤᠨ ᠢᠶᠠᠨ ᠡᠵᠡᠮᠰᠢᠨ᠂ | ᠨᠤᠮᠤ ᠰᠤᠮᠤ ᠪᠠᠨ ᠠᠭᠰᠠᠵᠤ᠂ ᠬᠤᠷᠢᠮ ᠨᠠᠶᠢᠷ ᠬᠢᠵᠤ᠂ ᠬᠤᠨᠳᠠᠭ᠎ᠠ ᠰᠦᠩ ᠢᠶᠠᠨ ᠲᠦᠰᠢᠯᠴᠡᠵᠤ ᠶᠠᠪᠤᠳᠤᠭᠠᠢ᠃ | ᠶᠢᠰᠦᠨ ᠤᠳᠠᠭ᠎ᠠ ᠤᠰᠤᠯᠳᠠᠬᠤ ᠦᠭᠡᠢ ᠵᠢᠮᠡᠯᠡᠬᠦ ᠦᠭᠡᠢ ᠪᠤᠯᠭᠠᠶ᠎ᠠ︕︾ ᠬᠡᠮᠡᠨ ᠵᠠᠷᠯᠢᠭ ᠪᠣᠯᠪᠠ᠃ ᠴᠢᠩᠭᠢᠰ ᠬᠠᠭᠠᠨ | ᠪᠠᠰᠠ ᠴᠢᠯᠠᠭᠤᠨ᠂ ᠴᠢᠮᠪᠠᠢ ᠬᠤᠶᠠᠭᠤᠯᠠ ᠶᠢ ᠲᠠᠭᠤᠳᠠᠵᠤ᠄ ︽ᠤᠷᠢᠳᠤ ᠴᠢᠯᠠᠭᠤᠨ᠂ ᠴᠢᠮᠪᠠᠢ ᠲᠠ ᠬᠤᠶᠠᠷ ᠤᠨ | ᠬᠡᠯᠡᠭᠰᠡᠨ ᠢ ᠮᠠᠷᠳᠠᠵᠤ ᠬᠡᠷᠬᠢᠨ ᠪᠤᠯᠬᠤ ᠪᠤᠢ︖ ᠴᠢᠯᠠᠭᠤᠨ᠂ ᠴᠢᠮᠪᠠᠢ ᠲᠠ ᠬᠤᠶᠠᠷ᠂ ᠰᠠᠨᠠᠭᠰᠠᠨ ᠢᠶᠠᠨ ᠬᠡᠯᠡᠶ᠎ᠡ | ᠬᠡᠪᠡᠯ᠂ ᠲᠤᠳᠠᠭᠤ ᠪᠡᠨ᠎ᠡ ᠭᠤᠶᠤᠶ᠎ᠠ ᠬᠡᠮᠡᠪᠡᠰᠣ᠂ ᠲᠠᠮ ᠬᠦᠮᠦᠨ ᠢᠶᠠᠷ ᠪᠦᠦ ᠬᠡᠯᠡᠬᠦᠯᠵᠤ ᠪᠠᠢ᠃ ᠦᠪᠡᠷᠦᠨ ᠪᠡᠶ᠎ᠡ ᠪᠠᠷ | ᠠᠭᠤᠯᠵᠠᠨ᠂ ᠦᠪᠡᠷᠦᠨ ᠠᠮᠠ ᠪᠠᠷ ᠰᠠᠨᠠᠭᠰᠠᠨ ᠢᠶᠠᠨ ᠬᠡᠯᠡᠵᠤ᠂ ᠲᠤᠳᠠᠭᠰᠠᠨ ᠢᠶᠠᠨ ᠭᠤᠶᠤᠵᠤ ᠪᠠᠢ︕︾ ᠭᠡᠵᠤ | ᠵᠠᠷᠯᠢᠭ ᠪᠤᠯᠪᠠ᠃ ᠪᠠᠰᠠ ᠰᠤᠷᠬᠠᠨ ᠰᠢᠷ᠎ᠠ ᠶᠢ ᠲᠠᠭᠤᠳᠠᠵᠤ᠄ | ︽ᠤᠯᠠᠨ ᠲᠠᠶᠢᠰᠦᠨ ᠳᠤ ᠲᠤᠪᠳᠣᠯᠵᠤ | ᠤᠯᠵᠠ ᠶᠠᠭᠤᠮ᠎ᠠ ᠶᠢ ᠣᠯᠪᠠᠯ | ᠤᠯᠤᠭᠰᠠᠨ ᠢᠶᠠᠨ ᠪᠦᠷᠢᠨ ᠠᠪᠳᠤᠭᠠᠢ︕ | ᠠᠶᠠᠨ ᠠᠪᠠ ᠶᠢ ᠬᠢᠵᠤ | ᠠᠩ ᠬᠦᠷᠦᠭᠡ ᠶᠢ ᠠᠯᠠᠪᠠᠯ | ᠠᠯᠠᠭᠰᠠᠨ ᠢᠶᠠᠨ ᠪᠦᠷᠢᠨ ᠠᠪᠳᠤᠭᠠᠢ︕︾ ᠬᠡᠮᠡᠨ ᠵᠠᠷᠯᠢᠭ ᠪᠤᠯᠪᠠ᠃ | ᠴᠢᠯᠠᠭᠤᠨ ᠪᠣᠯ ᠲᠤᠩ ᠡᠷᠡᠯᠭᠡᠭ ᠪᠠᠭᠠᠳᠤᠷ ᠬᠦᠮᠦᠨ ᠶᠤᠮ᠃ ᠡᠶᠢᠮᠤ ᠠᠴᠠ ᠴᠢᠩᠭᠢᠰ ᠬᠠᠭᠠᠨ ᠢ ᠲᠠᠭᠠᠭᠰᠠᠨ | ᠠᠴᠠ ᠬᠤᠶᠢᠰᠢ᠂ ᠴᠡᠷᠢᠭ ᠲᠠᠶᠢᠨ ᠳᠤ ᠪᠠᠶᠢᠭᠤᠯᠤᠭᠰᠠᠨ ᠭᠠᠪᠢᠶ᠎ᠠ ᠨᠢ ᠪᠤᠭᠤᠷᠴᠢ᠂ ᠮᠤᠬᠤᠯᠠᠢ᠂ ᠪᠤᠷᠤᠬᠤᠯ ᠲᠠᠢ | ᠵᠡᠷᠬᠡᠴᠡᠭᠰᠡᠨ ᠪᠤᠯᠬᠤᠷ ᠲᠦᠷᠪᠡᠨ ᠬᠦᠯᠦᠭ ᠤᠨ ᠬᠢᠨᠢ ᠨᠢᠭᠡ ᠨᠢ ᠪᠤᠯᠤᠭᠰᠠᠨ ᠪᠠᠶᠢᠵᠠᠢ᠃ ᠨᠢᠭᠡ ᠤᠳᠠᠭ᠎ᠠ ᠴᠢᠯᠠᠭᠤᠨ᠂ | ᠴᠢᠩᠭᠢᠰ ᠬᠠᠭᠠᠨ ᠢ ᠲᠠᠭᠠᠵᠤ᠂ ᠲᠠᠶᠢᠰᠦᠨ ᠲᠠᠢ ᠪᠠᠶᠢᠯᠳᠤᠬᠤ ᠵᠠᠭᠤᠷ᠎ᠠ ᠤᠨᠤᠭᠰᠠᠨ ᠮᠣᠷᠢ ᠨᠢ ᠵᠢᠳᠠᠯᠠᠭᠳᠠᠨ ᠤᠨᠠᠭᠰᠠᠨ | ᠳᠤ ᠲᠠᠶᠢᠰᠦᠨ ᠤ ᠵᠠᠩᠵᠤᠨ ᠵᠢᠳᠠ ᠡᠷᠬᠦᠨ ᠴᠢᠯᠠᠭᠤᠨ ᠢ ᠵᠢᠳᠠᠯᠠᠬᠤ ᠬᠡᠳᠡᠯ᠎ᠡ ᠴᠢᠯᠠᠭᠤᠨ ᠤᠬᠤᠰᠬᠢᠨ ᠪᠤᠰᠤᠭᠠᠳ | ᠵᠢᠳᠠ ᠪᠠᠨ ᠡᠷᠭᠢᠭᠦᠯᠵᠤ ᠲᠠᠶᠢᠰᠦᠨ ᠤ ᠵᠠᠩᠵᠤᠨ ᠢ ᠵᠢᠳᠠᠯᠠᠨ ᠤᠨᠠᠭᠠᠪᠠ᠃ ᠲᠡᠷᠡ ᠲᠤᠬᠠᠢ ᠴᠢᠩᠭᠢᠰ ᠬᠠᠭᠠᠨ ᠡᠷᠡᠭᠡᠢ | ᠭᠤᠵᠤᠶᠢᠯᠭᠠᠵᠤ ᠴᠢᠯᠠᠭᠤᠨ ᠢ ︽ᠪᠠᠭᠠᠳᠤᠷ︾ ᠭᠡᠵᠤ ᠮᠠᠭᠳᠠᠭᠰᠠᠨ ᠪᠠᠶᠢᠯ᠎ᠠ᠃ ᠲᠡᠬᠦᠨ ᠠᠴᠠ ᠬᠤᠶᠢᠰᠢ ᠴᠢᠯᠠᠭᠤᠨ | ᠪᠠᠭᠠᠳᠤᠷ ᠬᠡᠵᠤ ᠣᠯᠠᠨ᠎ᠠ ᠠᠯᠳᠠᠷᠰᠢᠭᠰᠠᠨ ᠪᠠᠶᠢᠵᠠᠢ᠃ ᠴᠢᠯᠠᠭᠤᠨ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ | ᠲᠤᠳᠤᠷ᠎ᠠ ᠬᠠᠮᠤᠭ ᠠᠴᠠ ᠤᠷᠳᠤ ᠨᠠᠰᠤᠯᠠᠵᠤ᠂ ᠦᠭᠡᠳᠡᠢ ᠬᠠᠭᠠᠨ ᠤ ᠦᠶ᠎ᠡ ᠳᠤ ᠬᠦᠷᠳᠡᠯ᠎ᠡ ᠠᠮᠢᠳᠤᠷᠠᠵᠤ ᠪᠠᠶᠢᠭᠰᠠᠨ | ᠶᠤᠮ᠃ ᠬᠡᠪᠡᠴᠤ ᠲᠡᠷᠡ ᠨᠠᠰᠤᠨ ᠲᠤᠷᠰᠢ ᠳᠠᠭᠠᠨ ᠴᠢᠩᠭᠢᠰ ᠬᠠᠭᠠᠨ ᠢ ᠰᠢᠳᠠᠷ ᠲᠠᠭᠠᠵᠤ᠂ ᠭᠠᠭᠴᠠ ᠪᠡᠶ᠎ᠡ ᠪᠠᠷ | ᠴᠡᠷᠢᠭ ᠲᠠᠶᠢᠴᠢᠯᠠᠨ ᠭᠠᠳᠠᠭᠰᠢ ᠲᠠᠶᠢᠯᠠᠵᠤ ᠦᠩᠭᠡᠷᠡᠭᠰᠡᠨ ᠦᠭᠡᠢ ᠪᠤᠯᠬᠤᠷ ᠲᠡᠭᠦᠨ ᠤ ᠦᠢᠯᠡ ᠶᠠᠪᠤᠳᠠᠯ ᠢ ᠲᠡᠦᠬᠡ | ᠱᠠᠰᠳᠢᠷ ᠲᠤ ᠲᠡᠮᠳᠡᠭᠯᠡᠭᠰᠡᠨ ᠢᠶᠠᠷ ᠲᠤᠩ ᠬᠤᠪᠤᠷ ᠪᠢᠯᠡ᠃ | |