ᠴᠢᠩᠭᠢᠰ ᠤᠨ ᠲᠦᠷᠪᠡᠨ ᠬᠦᠯᠦᠭ — ᠮᠤᠬᠤᠯᠠᠢ
ᠨᠡᠶᠢᠲᠡᠯᠡᠭᠰᠡᠨ ᠴᠠᠭ᠄
2016/8/19
      ᠵᠠᠯᠠᠶᠢᠷ ᠠᠶᠢᠮᠠᠭ ᠤᠨ ᠲᠡᠷᠬᠡᠳᠣ ᠪᠠᠶᠠᠨ ᠤ ᠠᠬᠠᠮᠠᠳ ᠬᠦᠪᠡᠬᠦᠨ ᠭᠦᠨ ᠭᠤᠸ᠎ᠠ ᠶᠢᠨ ᠭᠤᠷᠪᠠᠳᠤᠭᠠᠷ ᠬᠦᠪᠡᠬᠦᠨ᠂ 1169 ᠣᠨ ᠳᠤ ᠲᠦᠷᠦᠵᠠᠢ᠃       ᠮᠤᠬᠤᠯᠠᠢ ᠶᠢ ᠡᠰᠡᠨᠢᠬᠦ ᠶᠢᠨ ᠦᠶ᠎ᠡ ᠳᠤ ᠴᠠᠭᠠᠨ ᠠᠭᠤᠷ ᠲᠤᠭᠤᠨᠤ ᠪᠠᠷ ᠨᠢ ᠰᠤᠭᠤᠨᠠᠭᠯᠠᠨ ᠭᠠᠷᠬᠤ ᠬᠠᠷᠠᠭᠳᠠᠪᠠ᠃ ᠪᠦᠬᠡ ᠢᠳᠤᠭᠠᠨ ᠡᠭᠦᠨ  ᠢ ᠦᠵᠡᠬᠡᠳ ᠶᠡᠬᠡᠯ᠎ᠡ ᠭᠠᠶᠢᠬᠠᠯᠳᠤᠵᠤ᠂ ᠡᠨᠡ ᠪᠣᠯ ᠶᠡᠷᠤ ᠪᠤᠰᠤ ᠶᠢᠨ ᠬᠦᠪᠡᠬᠦᠨ ᠬᠡᠵᠡᠬᠡᠪᠡ᠃ ᠮᠤᠬᠤᠯᠠᠢ ᠦᠰᠴᠤ ᠡᠷ᠎ᠡ ᠶᠢᠨ ᠴᠡᠭᠡᠯ ᠳᠤ ᠬᠦᠷᠦᠬᠡᠳ ᠦᠨᠡᠬᠡᠷ ᠤᠯᠠᠨ ᠠᠴᠠ ᠬᠡᠳᠦᠶᠢᠳᠦᠭᠰᠡᠨ ᠤᠶᠤᠨ ᠪᠢᠯᠢᠭᠳᠦ᠂ ᠬᠠᠳᠠᠨ ᠵᠤᠷᠢᠭᠳᠤ᠂ ᠬᠠᠷᠪᠤᠵᠤ ᠨᠠᠮᠨᠠᠬᠤ ᠳᠠᠭᠠᠨ ᠮᠡᠷᠬᠡᠨ ᠪᠠᠭᠠᠳᠤᠷ ᠪᠣᠯᠵᠤ᠂ ᠴᠢᠩᠭᠢᠰ ᠬᠠᠭᠠᠨ ᠤ ᠲᠦᠷᠪᠡᠨ ᠬᠦᠯᠦᠭ ᠢ ᠬᠢᠨᠢ ᠨᠢᠭᠡ ᠨᠢ ᠬᠡᠮᠡᠨ ᠠᠯᠳᠠᠷᠰᠢᠪᠡ᠃       1197ᠣᠨ ᠳᠤ ᠴᠢᠩᠭᠢᠰ ᠬᠠᠭᠠᠨ ᠵᠦᠷᠬᠢᠨ ᠠᠶᠢᠮᠠᠭ ᠤᠨ ᠨᠡᠬᠡᠨ ᠪᠠᠶᠢᠯᠳᠤᠵᠤ᠂ ᠲᠠᠯᠠᠰᠳᠤ ᠶᠢᠨ ᠠᠮᠠᠰᠠᠷ ︵ᠤᠳᠣᠬᠢ ᠮᠤᠩᠭᠤᠯ ᠤᠯᠤᠰ ᠲᠤ ᠪᠤᠢ︶ ᠭᠡᠳᠡᠭ ᠭᠠᠵᠠᠷ ᠬᠦᠷᠴᠤ ᠪᠠᠭᠤᠳᠠᠯᠯᠠᠭᠰᠠᠨ᠎ᠠ ᠲᠡᠷᠬᠡᠳᠣ ᠪᠠᠶᠠᠨ᠂ ᠮᠤᠬᠤᠯᠠᠢ ᠵᠡᠷᠬᠡ ᠬᠦᠪᠡᠬᠦᠨ ᠠᠴᠢᠨᠠᠷ ᠢᠶᠠᠨ ᠠᠪᠴᠤ ᠲᠠᠭᠠᠨ ᠢᠷᠡᠪᠡ᠃       ᠴᠢᠩᠭᠢᠰ ᠬᠠᠭᠠᠨ ᠲᠡᠲ᠋ᠠᠷ ᠠᠶᠢᠮᠠᠭ ᠤᠨ ᠪᠠᠶᠢᠯᠳᠤᠵᠤ᠂ ᠲᠠᠯᠠᠨ ᠨᠦᠮᠦᠷᠬᠡᠰ ᠭᠡᠳᠡᠭ ᠭᠠᠵᠠᠷ ᠶᠡᠭᠡ ᠴᠠᠰᠤ ᠰᠢᠭᠤᠷᠭᠠᠨ᠎ᠠ ᠲᠠᠭᠠᠷᠢᠭᠳᠠᠵᠤ᠂ ᠬᠦᠳᠡᠭᠡ ᠬᠡᠭᠡᠷ᠎ᠡ ᠬᠤᠨᠤᠭᠯᠠᠬᠤ ᠪᠣᠯᠣᠭᠰᠠᠨ ᠳᠤ ᠮᠤᠬᠤᠯᠠᠢ ᠪᠤᠭᠤᠷᠴᠢ ᠬᠤᠶᠠᠷ ᠴᠢᠩᠭᠢᠰ ᠬᠠᠭᠠᠨ ᠤ ᠲᠡᠭᠡᠷ᠎ᠡ ᠰᠦᠨᠢᠵᠢᠨ ᠢᠰᠡᠬᠡᠢ ᠬᠠᠯᠬᠠᠪᠴᠢ ᠪᠠᠷᠢᠨ ᠵᠤᠭᠰᠤᠵᠤ᠂ ᠬᠠᠭᠠᠨ ᠶᠤᠭᠠᠨ ᠴᠠᠰᠤ ᠰᠢᠭᠤᠷᠭᠠᠨ ᠳᠤ ᠴᠣᠬᠢᠭᠤᠯᠤᠯ ᠦᠭᠡᠢ ᠦᠩᠭᠡᠷᠡᠬᠡᠵᠡᠢ᠃ ᠨᠢᠭᠡᠨ ᠡᠳᠦᠷ ᠴᠢᠩᠭᠢᠰ ᠬᠠᠭᠠᠨ ᠪᠡᠷᠬᠡ ᠪᠠᠷᠳᠠᠭᠠᠳᠣ ᠠᠭᠤᠯᠠᠨ ᠵᠡᠪᠡ ᠪᠡᠷ᠎ᠡ ᠭᠤᠴᠢᠭᠠᠳ ᠬᠦᠮᠦᠨ ᠲᠠᠢ ᠠᠶᠠᠯᠠᠵᠤ ᠪᠠᠶᠢᠬᠤ ᠳᠠᠭᠠᠨ ᠮᠤᠬᠤᠯᠠᠢ ᠠᠴᠠ ᠬᠡᠷᠪᠡ ᠡᠶᠢᠮᠤ ᠭᠠᠵᠠᠷ ᠲᠠᠶᠢᠰᠤᠨ ᠲᠠᠢ ᠲᠠᠭᠠᠷᠢᠯᠳᠤᠬᠤ ᠳᠤ ᠬᠦᠷᠪᠡᠯ ᠶᠠᠭᠠᠬᠢᠳᠠᠭ ᠪᠢᠯᠡ︖︾ ᠬᠡᠵᠤ ᠠᠰᠠᠭᠤᠭᠰᠠᠨ ᠳᠤ ᠮᠤᠬᠤᠯᠠᠢ ︽ᠪᠢ ᠪᠡᠶ᠎ᠡ ᠪᠠᠷ ᠢᠶᠠᠨ ᠡᠵᠡᠨ ᠢ ᠬᠠᠯᠬᠠᠯᠠᠨ ᠬᠠᠮᠠᠭᠠᠯᠠᠨ᠎ᠠ︾ ᠭᠡᠪᠡ᠃ ᠴᠢᠪᠬᠡᠮᠡᠨ ᠢᠩᠭᠢᠵᠤ ᠶᠠᠷᠢᠯᠴᠠᠨ ᠶᠠᠪᠤᠵᠤ ᠪᠠᠶᠢᠳᠠᠯ᠎ᠠ ᠦᠨᠡᠬᠡᠷ ᠤᠢ ᠲᠤᠳᠤᠷ᠎ᠠ ᠠᠴᠠ ᠨᠢᠭᠡᠨ ᠪᠦᠯᠦᠭ ᠲᠠᠶᠢᠰᠤᠨ ᠭᠠᠷᠴᠤ ᠢᠷᠡᠭᠡᠳ ᠬᠤᠷ᠎ᠠ ᠪᠤᠷᠤᠭᠠᠨ ᠴᠢᠳᠬᠤᠯᠠᠬᠤ ᠮᠡᠳᠣ ᠰᠤᠮᠤ ᠬᠠᠷᠪᠤᠵᠣ ᠡᠬᠢᠯᠡᠪᠡ᠃ ᠮᠤᠬᠤᠯᠠᠢ ᠵᠡᠪᠡ ᠣᠨᠢᠯᠠᠨ ᠭᠤᠷᠪᠠᠨᠳᠠ ᠬᠠᠷᠪᠤᠭᠠᠳ ᠭᠤᠷᠪᠡᠨ ᠲᠡᠭᠡᠷᠡᠮ ᠢ ᠤᠨᠠᠭᠠᠪᠠ᠃ ᠲᠡᠭᠡᠷᠡᠮ  ᠤᠨ ᠲᠦᠷᠦᠬᠦᠦ ᠶᠡᠬᠡᠯ᠎ᠡ ᠰᠤᠴᠢᠵᠤ᠄ ︽ᠬᠡᠨ ᠬᠠᠷᠪᠤᠭᠰᠠᠨ ᠪᠤᠢ︖︾ ᠬᠡᠵᠤ ᠠᠰᠠᠭᠤᠭᠰᠠᠨ ᠳᠤ᠂ ᠮᠤᠬᠤᠯᠠᠢ ᠶᠢᠨ ᠨᠡᠷ᠎ᠡ ᠶᠢ ᠰᠤᠨᠤᠰᠤᠭᠠᠳ ᠴᠦᠮ ᠠᠶᠤᠨ ᠡᠮᠢᠶᠡᠵᠤ ᠲᠤᠳᠠᠭᠠᠨ ᠶᠠᠪᠣᠪᠠ᠃       1206ᠣᠨ ᠳᠤ ᠴᠢᠩᠭᠢᠰ ᠬᠠᠭᠠᠨ ᠭᠠᠪᠢᠶᠠᠳᠠᠨ ᠰᠠᠶᠢᠳ ᠨᠠᠷ ᠢᠶᠠᠨ ᠶᠡᠬᠡᠪᠡᠷ ᠱᠠᠩᠨᠠᠬᠤ ᠦᠶ᠎ᠡ ᠳᠤ ᠮᠤᠬᠤᠯᠠᠢ ᠶᠢ ᠵᠡᠬᠦᠨ ᠭᠠᠷᠤᠨ ᠲᠦᠮᠡᠨ ᠤ ᠨᠤᠶᠠᠨ ᠡᠷᠬᠦᠮᠵᠢᠯᠡᠭᠰᠡᠨ ᠪᠠᠶᠢᠨ᠎ᠠ᠃       1211ᠣᠨ ᠳᠤ ᠮᠤᠬᠤᠯᠠᠢ ᠴᠢᠩᠭᠢᠰ ᠬᠠᠭᠠᠨ ᠢ ᠲᠠᠭᠠᠵᠤ ᠡᠮᠦᠨ᠎ᠡ ᠵᠦᠭ ᠲᠠᠶᠢᠯᠠᠷ᠎ᠠ ᠮᠤᠷᠳᠠᠪᠠ᠃ ᠮᠤᠬᠤᠯᠠᠢ ᠠᠯᠳᠠᠨ ᠤᠯᠤᠰ ᠢ ᠶᠦᠨ ᠨᠧᠢ᠂ ᠳ᠋ᠦᠩᠱᠧᠩ᠂ ᠹᠧᠩᠵᠧᠩ ᠵᠡᠷᠬᠡ ᠵᠧᠣ ᠳᠤ ᠤᠷᠤᠵᠤ ᠹᠦ᠋ ᠵᠧᠤ ᠪᠠᠯᠭᠠᠰᠤ ᠶᠢ ᠪᠦᠰᠡᠯᠡᠬᠦ ᠳᠤ᠂ ᠠᠯᠳᠠᠨ ᠤᠯᠤᠰ 30 ᠲᠦᠮᠡᠨ ᠶᠡᠭᠡ ᠴᠡᠷᠢᠭ ᠤᠨ ᠤᠭᠳᠤᠨ ᠪᠠᠶᠢᠯᠳᠤᠪᠠ᠃ ᠲᠡᠬᠡᠬᠡᠳ ᠦᠨᠡᠬᠡᠨ ᠳᠠᠪᠠᠭ᠎ᠠ ᠳᠤ ᠮᠤᠬᠤᠯᠠᠢ ᠮᠠᠩᠯᠠᠶᠢᠯᠠᠨ ᠪᠠᠶᠢᠯᠳᠤᠵᠤ ᠶᠡᠬᠡᠯ᠎ᠡ ᠢᠯᠡᠭᠠᠳ᠂ ᠠᠯᠳᠠᠨ ᠤᠯᠤᠰ ᠤᠨ ᠴᠡᠷᠢᠭ ᠢ ᠺᠤᠸᠠᠢ ᠡᠾᠧ ᠭᠤᠣᠯ ᠬᠦᠷᠳᠡᠯ᠎ᠡ ᠨᠡᠬᠡᠮᠵᠢᠯᠡᠨ ᠪᠠᠶᠢᠯᠳᠤᠵᠤ ᠵᠠᠭᠤᠨ ᠭᠠᠵᠠᠷ ᠤᠨ ᠲᠤᠳᠤᠷ᠎ᠠ ᠦᠬᠦᠳᠡᠯ ᠬᠡᠬᠦᠷ ᠢᠶᠠᠷ ᠲᠦᠬᠦᠷᠬᠡᠵᠡᠢ᠃ ᠲᠡᠨᠳᠡ ᠠᠴᠠ ᠴᠢᠨᠠᠭᠰᠢ ᠤᠷᠤᠵᠤ ᠰᠢᠤᠸᠠᠨ ᠡᠾᠧ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠡᠵᠡᠯᠡᠨ ᠲᠠᠷᠠᠭ᠎ᠠ ᠪᠡᠷ᠎ᠡ ᠳ᠋ᠧᠰᠢᠸ᠋ᠩ ᠪᠣᠤ ᠪᠠᠯᠭᠠᠰᠤ ︵ᠤᠳᠤᠬᠢ ᠡᠾᠧᠪᠧᠢ ᠮᠤᠵᠢ ᠳᠤ ᠪᠤᠢ︶ ᠶᠢ ᠪᠠᠭᠤᠯᠭᠠᠨ ᠠᠪᠤᠪᠠ᠃       1214ᠣᠨ ᠳᠤ ᠮᠤᠬᠤᠯᠠᠢ ᠴᠢᠩᠭᠢᠰ ᠬᠠᠭᠠᠨ ᠤ ᠲᠠᠭᠠᠵᠤ ᠲᠤᠮᠳᠠᠳᠣ ᠨᠡᠶᠢᠰᠯᠡᠯ ᠵᠦᠩᠳᠤ ᠶᠢ ᠪᠦᠰᠡᠯᠡᠭᠰᠡᠨ᠎ᠡ ᠠᠯᠳᠠᠨ ᠤᠯᠤᠰ ᠤᠨ ᠬᠠᠭᠠᠨ ᠨᠠᠶᠢᠷᠠᠮᠳᠠᠬᠤ ᠶᠢ ᠭᠤᠶᠤᠴᠢᠯᠠᠵᠠᠢ᠃ ᠴᠢᠩᠭᠢᠰ ᠬᠠᠭᠠᠨ ᠬᠦᠯᠢᠶᠡᠨ ᠠᠪᠴᠤ ᠤᠮᠠᠷᠠᠰᠢ ᠪᠤᠴᠠᠭᠰᠠᠨ ᠪᠦᠬᠡᠳ ᠮᠤᠬᠤᠯᠠᠢ ᠪᠠᠷ ᠤᠯᠠᠨ ᠵᠠᠮ ᠤᠨ ᠴᠡᠷᠢᠭ ᠢ ᠶᠡᠷᠦᠩᠭᠡᠶᠢᠯᠡᠨ ᠵᠠᠬᠢᠷᠤᠭᠤᠯᠵᠤ ᠯᠢᠶᠤᠤᠰᠢ ᠪᠤᠶᠤ ᠰᠢᠷ᠎ᠠ ᠮᠦᠷᠡᠨ ︵ᠤᠳᠤᠬᠢ ᠯᠢᠶᠤᠤ ᠡᠾᠧ ᠭᠤᠣᠯ︶ ᠠᠴᠠ ᠪᠠᠷᠠᠭᠤᠨᠰᠢ ᠭᠠᠵᠠᠷ ᠤᠷᠤᠨ ᠤ ᠪᠠᠶᠢᠯᠳᠤᠭᠤᠯᠪᠠ᠃       1215ᠣᠨ ᠳᠤ ᠮᠤᠬᠤᠯᠠᠢ ᠠᠯᠳᠠᠨ ᠤᠯᠤᠰ ᠢ ᠤᠮᠠᠷᠠᠳᠣ ᠨᠠᠶᠢᠰᠯᠠᠯ ᠪᠧᠶᠢᠵᠢᠩ ᠤᠨ ᠲᠤᠪᠳᠤᠯᠪᠠ᠃ ᠡᠨᠡ ᠬᠤᠳᠠ ᠶᠢ ᠰᠠᠬᠢᠨ ᠰᠠᠭᠤᠭᠰᠠᠨ ᠠᠯᠳᠠᠨ ᠤᠯᠤᠰ ᠤᠨ ᠵᠠᠩᠵᠤᠨ ᠤᠤᠳᠠᠨ ᠰᠢᠶᠠᠩ ᠬᠠᠷᠢᠶᠠᠳᠤ ᠤᠯᠠᠨ ᠢᠶᠠᠨ ᠠᠪᠴᠤ ᠬᠤᠸᠠᠳᠣᠣ ︵ᠤᠳᠤᠬᠢ ᠤᠯᠠᠭᠠᠨᠬᠠᠳᠠ ᠬᠤᠳᠠ ᠳᠤ ᠪᠤᠢ︶ ᠭᠡᠳᠡᠭ ᠭᠠᠵᠠᠷ ᠤᠭᠳᠤᠨ ᠪᠠᠶᠢᠯᠳᠤᠭᠠᠳ ᠢᠯᠠᠬᠰᠠᠨ ᠪᠣᠯᠪᠠᠴᠤ ᠬᠤᠳᠠ ᠶᠢᠨ ᠲᠤᠳᠤᠷ᠎ᠠ ᠠᠮᠤ ᠬᠦᠨᠡᠰᠦ ᠲᠠᠭᠤᠰᠤᠭᠰᠠᠨ ᠲᠤᠯᠠ ᠭᠢᠳᠡᠨ ᠴᠡᠷᠢᠭ ᠨᠤᠶᠠᠨ ᠢᠶᠠᠨ ᠠᠯᠠᠵᠤ  ᠲᠠᠭᠠᠨ ᠢᠷᠡᠭᠰᠡᠨ ᠪᠠᠶᠢᠨ᠎ᠠ᠃ ᠠᠯᠳᠠᠨ ᠣᠯᠣᠰ ᠤᠨ ᠰᠢᠩᠵᠦ᠋ᠩ ︵ᠤᠳᠤᠬᠢ ᠴᠤᠤᠶᠠᠩ ᠤᠨ ᠭᠤᠷᠪᠡᠨ ᠰᠣᠪᠣᠷᠭ᠎ᠠ ᠬᠤᠳᠠ︶ ᠤᠨ ᠮᠡᠳᠡᠭᠴᠢ ᠲᠦᠰᠢᠮᠡᠯ ᠦᠷᠢᠪ ᠢ ᠪᠠᠭᠤᠵᠤ ᠦᠢᠭ ᠬᠡᠵᠤ ᠮᠤᠬᠤᠯᠠᠢ ᠬᠤᠶᠠᠷ ᠡᠯᠴᠢ ᠲᠤᠮᠢᠯᠠᠭᠰᠠᠨ ᠳᠤ ᠨᠢᠭᠡ ᠨᠢ ᠠᠯᠠᠭᠳᠠᠵᠤ ᠨᠦᠬᠦᠬᠡ ᠨᠢ ᠲᠤᠳᠠᠭᠠᠨ ᠭᠠᠷᠴᠣ ᠢᠷᠡᠪᠡ᠃ ᠡᠭᠦᠨ ᠳᠤ ᠬᠤᠳᠠ ᠶᠢᠨ ᠢᠷᠭᠡᠳ ᠮᠤᠬᠤᠯᠠᠢ ᠶᠢᠨ ᠴᠡᠷᠢᠭ ᠢᠷᠡᠵᠤ ᠬᠢᠳᠤᠬᠤ ᠠᠴᠠ ᠠᠶᠤᠭᠠᠳ ᠦᠷᠢᠪ ᠢ ᠴᠠᠪᠴᠢᠨ ᠠᠯᠠᠵᠤ᠂ ᠨᠤᠲᠤᠭ ᠤᠨ ᠡᠷᠬᠡᠳᠡᠨ ᠱᠢ ᠲᠢᠶᠠᠨ ᠢᠩ ᠢ ᠵᠠᠬᠢᠷᠤᠭᠴᠢ ᠪᠤᠯᠭᠠᠪᠠ᠃ ᠡᠨᠡ ᠦᠶ᠎ᠡ ᠳᠤ ᠵᠢᠨᠵᠧᠤ ᠬᠤᠳᠠ ︵ᠤᠳᠤᠬᠢ ᠯᠢᠶᠤᠤᠨᠢᠩ ᠮᠤᠵᠢ ᠶᠢᠨ ᠵᠢᠨᠵᠧᠤ ᠬᠤᠳᠠ︶ ᠶᠢᠨ ᠵᠠᠩ ᠵᠢᠩ ᠭᠡᠳᠡᠭ ᠬᠦᠮᠦᠨ 10 ᠲᠦᠮᠡ ᠭᠠᠷᠤᠢ ᠬᠦᠮᠦᠨ ᠢ ᠴᠤᠭᠯᠠᠭᠤᠯᠵᠤ ᠠᠯᠳᠠᠨ ᠤᠯᠤᠰ ᠤᠨ ᠤᠷᠤᠨ ᠨᠤᠲᠤᠭ ᠤᠨ ᠵᠠᠬᠢᠷᠤᠭᠴᠢ ᠲᠦᠰᠢᠮᠡᠯ ᠢ ᠠᠯᠠᠵᠤ᠂ ᠦᠪᠡᠷ ᠢ ᠪᠠᠨ ᠯᠢᠨ ᠬᠠᠢ ᠸᠠᠩ ᠡᠷᠭᠦᠮᠵᠢᠯᠡᠭᠡᠳ ᠪᠠᠰᠠ ᠲᠠᠭᠠᠵᠤ ᠢᠷᠡᠪᠡ᠃ ᠰᠡᠭᠦᠯᠡᠷ ᠨᠢ ᠵᠠᠩ ᠵᠢᠩ ᠤᠷᠪᠠᠭ᠋ᠤ ᠰᠠᠨᠠᠭ᠎ᠠ ᠡᠪᠤᠷᠯᠡᠭᠰᠡᠨ ᠢ ᠮᠡᠳᠡᠭᠡᠳ ᠮᠤᠬᠤᠯᠠᠢ᠂ ᠴᠢᠩᠭᠢᠰ ᠬᠠᠭᠠᠨ ᠤ ᠪᠠᠭᠤᠴᠠ ᠶᠢᠨ ᠦᠷᠦᠭᠡᠨ ᠳᠤ ᠭᠦᠷᠭᠡᠵᠤ ᠠᠯᠠᠭᠤᠯᠵᠠᠢ᠃ ᠵᠠᠩ ᠵᠢᠩ ᠤᠨ ᠲᠡᠬᠦᠦ ᠵᠠᠩ ᡁᠢ ᠠᠬ᠎ᠠ ᠪᠠᠨ ᠠᠯᠳᠠᠭᠰᠠᠨ ᠶᠠᠪᠤᠳᠠᠯ ᠳᠤ ᠬᠤᠷᠤᠰᠴᠤ ᠵᠢᠨᠵᠧᠤ ᠬᠤᠳᠠ ᠶᠢ ᠡᠵᠡᠯᠡᠵᠤ ᠤᠷᠪᠠᠭᠠᠳ ᠤᠳᠤᠬᠢ ᠯᠢᠶᠤᠤᠨᠢᠩ ᠮᠤᠵᠢ ᠶᠢᠨ ᠪᠠᠷᠠᠭᠤᠨ ᠭᠡᠰᠡᠭ ᠪᠤᠯᠤᠨ ᠡᠾᠧᠪᠧᠢ ᠮᠤᠵᠢ ᠶᠢᠨ ᠵᠡᠬᠦᠨ ᠬᠡᠰᠡᠭ ᠲᠠᠬᠢ ᠤᠯᠠᠨ ᠵᠧᠣ ᠰᠢᠶᠠᠨ ᠤ ᠤᠤᠯᠭᠠᠯᠠᠵᠠᠢ᠃       1216ᠣᠨ ᠳᠤ ᠵᠠᠩ ᡁᠢ ᠰᠢᠩᠵᠦ᠋ᠩ ᠬᠤᠳᠠ ᠶᠢ ᠡᠵᠡᠯᠡᠪᠡ᠃ ᠮᠦᠨ ᠵᠢᠯ ᠤᠨ 7 ᠰᠠᠷ᠎ᠠ ᠳᠤ ᠮᠤᠬᠤᠯᠠᠢ ᠪᠡᠶ᠎ᠡ ᠪᠠᠷ ᠴᠡᠷᠢᠭ ᠵᠢᠯᠣᠭᠤᠳᠴᠤ ᠰᠢᠨᠵᠦ᠋ᠩ ᠬᠤᠳᠠ ᠶᠢᠨ ᠲᠡᠷᠭᠡᠳᠡ ᠬᠦᠷᠦᠭᠡᠳ ᠯᠢᠤ ᠱᠢ ᠠᠭᠤᠯᠠᠨ᠎ᠠ ︵ᠣᠳᠣᠭᠢ ᠯᠢᠶᠤᠤᠨᠢᠩ ᠮᠤᠵᠢ ᠶᠢᠨ ᠴᠤᠤᠶᠠᠩ ᠣᠷᠴᠢᠮ ᠪᠤᠢ︶ ᠪᠠᠶᠢᠯᠳᠤᠵᠤ ᠵᠠᠩ ᠵᠢᠩ ᠤᠨ ᠬᠦᠪᠡᠬᠦᠨ ᠵᠠᠩ ᠳ᠋ᠦᠩ ᠫᠢᠩ ᠤᠨ ᠵᠠᠬᠢᠷᠤᠭᠰᠠᠨ 4 ᠲᠦᠮᠡ ᠰᠢᠬᠠᠮ ᠮᠤᠷᠢᠳᠤ ᠶᠠᠪᠠᠭᠠᠨ ᠴᠡᠷᠢᠭ ᠢ ᠰᠦᠨᠦᠭᠡᠭᠰᠡᠨ ᠪᠠᠶᠢᠨ᠎ᠠ᠃ ᠮᠤᠬᠤᠯᠠᠢ ᠲᠡᠨᠳᠡ ᠠᠴᠠ ᠤᠷᠤᠭᠰᠢ ᠲᠠᠪᠰᠢᠵᠤ ᠵᠢᠨᠵᠧᠣ ᠬᠤᠳᠠ ᠶᠢ ᠪᠦᠰᠡᠯᠡᠨ ᠠᠪᠤᠭᠠᠳ ᠰᠠᠷ᠎ᠠ ᠭᠠᠷᠤᠢ ᠬᠦᠴᠦᠯᠡᠨ ᠪᠠᠶᠢᠯᠳᠤᠪᠠ᠃ ᠬᠤᠳᠠᠨ ᠲᠤᠳᠤᠷᠠᠬᠢ ᠴᠡᠷᠢᠭ ᠬᠡᠳᠣ ᠤᠳᠠᠭ᠎ᠠ ᠪᠠᠶᠢᠯᠳᠤᠭᠠᠳ ᠴᠦᠮ ᠮᠤᠬᠤᠯᠠᠢ ᠶᠢᠨ ᠴᠡᠷᠢᠭ ᠲᠤ ᠲᠡᠶᠢᠯᠦᠭᠳᠡᠭᠡᠳ ᠪᠤᠴᠠᠭᠰᠠᠨ ᠪᠤᠯᠬᠤᠷ ᠵᠠᠩ ᡁᠢ ᠲᠤᠤᠷᠠᠬᠢ ᠬᠦᠮᠦᠰ ᠢᠶᠠᠨ ᠬᠦᠴᠦ ᠬᠠᠮᠳᠤᠳᠬᠠᠵᠤ ᠴᠢᠳᠠᠬᠤ ᠦᠭᠡᠢ ᠪᠠᠶᠢᠨ᠎ᠠ ᠭᠡᠵᠤ ᠠᠭᠤᠷᠯᠠᠭᠠᠳ ᠬᠤᠷᠢ ᠭᠠᠷᠤᠢ ᠵᠠᠩᠵᠤᠨ ᠢᠶᠠᠨ ᠠᠯᠠᠵᠠᠢ᠃ ᠲᠡᠶᠢᠨ ᠬᠦ ᠲᠤᠤᠷᠠᠬᠢ ᠵᠠᠩᠵᠤᠨ ᠨᠠᠷ ᠨᠢ ᠠᠶᠤᠵᠤ ᠵᠠᠩ ᡁᠢ ᠶᠢ ᠪᠠᠷᠢᠵᠤ ᠬᠦᠯᠢᠭᠡᠳ ᠬᠤᠳᠠᠨ ᠠᠴᠠ ᠭᠠᠷᠴᠤ ᠪᠠᠭᠤᠵᠤ ᠥᠭᠪᠡ᠃ ᠲᠡᠨᠳᠡ ᠠᠴᠠ ᠮᠤᠬᠤᠯᠠᠢ ᠰᠢᠷᠠᠮᠦ᠋ᠷᠡᠨ ᠢ ᠭᠠᠳᠤᠯᠵᠤ ᠯᠢᠶᠤᠤᠨᠢᠩ ᠮᠤᠵᠢ ᠶᠢᠨ ᠵᠡᠬᠦᠨ ᠬᠡᠰᠡᠭ ᠪᠠ ᠬᠢᠷᠢᠨ ᠮᠤᠵᠢ ᠶᠢᠨ ᠡᠮᠦᠨ᠎ᠡ ᠬᠡᠰᠡᠭ ᠲᠠᠬᠢ ᠤᠯᠠᠨ ᠬᠤᠳᠠ ᠪᠠᠯᠭᠠᠰᠤ ᠶᠢ ᠪᠠᠶᠢᠯᠳᠤᠨ ᠠᠪᠤᠭᠰᠠᠨ ᠳᠤ ᠲᠤᠰ ᠭᠠᠵᠠᠷ ᠤᠷᠤᠨ ᠢ ᠵᠠᠬᠢᠷᠴᠤ ᠪᠠᠶᠢᠭᠰᠠᠨ ᠹᠦ᠋ ᠰᠢᠶᠠᠨ ᠸᠠᠨ ᠨᠦ ᠠᠷᠪᠠ ᠭᠠᠷᠤᠢ ᠬᠦᠮᠦᠨ ᠢᠶᠠᠨ ᠲᠠᠭᠠᠭᠤᠯᠵᠤ ᠲᠠᠯᠠᠢ ᠶᠢᠨ ᠠᠷᠠᠯ ᠳᠤ ᠵᠢᠭᠤᠳᠠᠨ ᠶᠠᠪᠤᠵᠠᠢ᠃       1217ᠣᠨ ᠳᠤ ᠴᠢᠩᠭᠢᠰ ᠬᠠᠭᠠᠨ ᠰᠠᠷᠳᠠᠭᠤᠯ ᠤᠯᠤᠰ ᠢ ᠲᠠᠶᠢᠯᠠᠬᠤ ᠪᠠᠷ ᠮᠤᠷᠳᠠᠬᠤ ᠳᠠᠭᠠᠨ ᠠᠯᠳᠠᠨ ᠤᠯᠤᠰ ᠢ ᠲᠠᠶᠢᠯᠠᠬᠤ ᠬᠡᠷᠡᠭ ᠢ ᠲᠤᠰᠬᠠᠶᠢᠯᠠᠨ ᠮᠤᠬᠤᠯᠠᠢ ᠳᠤ ᠲᠤᠰᠢᠶᠠᠪᠡ᠃ ᠲᠡᠭᠡᠭᠡᠳ ᠲᠡᠯᠡᠬᠡᠢ ᠳ᠋ᠠᠬᠢᠨ ᠤ ᠴᠡᠷᠢᠭ ᠮᠣᠷᠢ ᠶᠢ ᠶᠡᠷᠦᠩᠭᠡᠶᠢᠯᠡᠨ ᠵᠠᠬᠢᠷᠬᠤ ᠲᠡᠶᠢᠱᠢ ᠬᠦᠸᠧ ᠸᠠᠩ ᠡᠷᠭᠦᠮᠵᠢᠯᠡᠵᠤ᠂ ᠴᠡᠭᠡᠷ ᠡᠪᠬᠡᠮᠡᠯ᠂ ᠠᠯᠳᠠᠨ ᠲᠠᠮᠠᠭ᠎ᠠ ᠱᠠᠩᠨᠠᠭᠠᠳ᠄ ︽ᠦᠶ᠎ᠡ ᠤᠯᠠᠷᠢᠨ ᠲᠠᠰᠤᠯᠳᠠᠭᠤᠯᠬᠤ ᠦᠭᠡᠢ ᠦᠷ᠎ᠡ ᠶᠢᠨ ᠦᠷ᠎ᠡ᠂ ᠤᠷᠤᠭ ᠤᠨ ᠤᠷᠤᠭ ᠵᠠᠯᠭᠠᠮᠵᠢᠯᠠᠳᠤᠭᠠᠢ︕︾ ᠭᠡᠪᠡ᠃ ᠤᠷᠢᠳᠠ ᠮᠤᠬᠤᠯᠠᠢ ᠠᠯᠳᠠᠨ ᠤᠯᠤᠰ ᠢ ᠲᠠᠶᠢᠯᠠᠵᠤ ᠪᠠᠶᠢᠬᠤ ᠳᠤ᠂ ᠠᠯᠳᠠᠨ ᠤᠯᠤᠰ ᠲᠡᠬᠦᠨ ᠢ ᠭᠦᠸᠧ ᠸᠠᠩ ᠭᠡᠵᠤ ᠡᠷᠬᠦᠮᠵᠢᠯᠡᠨ ᠲᠠᠭᠤᠳᠠᠳᠠᠭ ᠪᠠᠶᠢᠵᠠᠢ᠃ ᠴᠢᠩᠭᠢᠰ ᠬᠠᠭᠠᠨ ᠡᠭᠦᠨ ᠢ ᠰᠤᠨᠤᠰᠤᠭᠠᠳ᠄ ︽ᠰᠠᠶᠢᠨ ᠪᠡᠯᠭᠡ︾ ᠭᠡᠳ ᠮᠤᠬᠤᠯᠠᠢ ᠶᠢ ᠭᠦᠸᠧ ᠸᠠᠩ ᠡᠷᠭᠦᠮᠵᠢᠯᠡᠭᠰᠡᠨ ᠠᠵᠢ᠃ ᠲᠡᠷᠡ ᠲᠤᠬᠠᠢ ᠴᠢᠩᠭᠢᠰ ᠬᠠᠭᠠᠨ ᠬᠤᠩᠭᠢᠷᠠᠳ᠂ ᠢᠬᠢᠷᠠᠰ᠂ ᠤᠷᠤᠭᠤᠳ ᠵᠡᠷᠬᠡ ᠲᠤᠯᠤᠭᠠᠨ ᠠᠶᠢᠮᠠᠭ ᠤᠨ ᠴᠡᠷᠢᠭ ᠪᠠ ᠦᠶᠡᠷ ᠤᠨ ᠵᠠᠬᠢᠷᠤᠭᠰᠠᠨ ᠬᠢᠳᠠᠨ᠂ ᠵᠦᠷᠴᠢᠨ᠂ ᠨᠠᠩᠭᠢᠶᠠᠳ ᠵᠡᠷᠭᠡ ᠦᠨᠳᠦᠰᠦᠳᠡᠨ ᠤ ᠴᠡᠷᠢᠭ ᠢ ᠴᠦᠮ ᠮᠤᠬᠤᠯᠠᠢ ᠳᠤ ᠥᠭᠴᠦ ᠵᠠᠬᠢᠷᠤᠭᠤᠯᠤᠭᠠᠳ᠄ ︽ᠲᠠᠶᠢᠬᠠᠩᠱᠠᠨ ᠨᠢᠷᠤᠭᠤ ᠠᠴᠠ ᠤᠮᠠᠷᠠᠰᠢᠬᠢ ᠶᠢ ᠪᠢ ᠮᠡᠳᠡᠰᠦᠭᠡᠢ᠂ ᠲᠡᠭᠦᠨ ᠠᠴᠠ ᠡᠮᠦᠨᠡᠰᠢᠬᠢ ᠶᠢ ᠰᠠᠶᠢᠳ ᠴᠢ ᠬᠢᠴᠢᠶᠡᠰᠦᠬᠡᠢ︾ ᠭᠡᠪᠡ᠃ ᠮᠤᠬᠤᠯᠠᠢ ᠳᠤ ᠪᠠᠰᠠ ᠬᠠᠭᠠᠨ ᠤ ᠮᠠᠨᠳᠤᠭᠤᠯᠬᠤ ᠶᠡᠭᠡ ᠬᠦᠭᠦᠯᠳᠤ ᠲᠤᠮᠤ ᠴᠠᠭᠠᠨ ᠲᠤᠭ ᠱᠠᠩᠨᠠᠵᠤ᠂ ᠣᠯᠠᠨ ᠵᠠᠩᠵᠤᠨ ᠨᠠᠷ ᠲᠤ᠄ ︽ᠮᠤᠬᠤᠯᠠᠢ ᠡᠨᠡ ᠲᠤᠭ ᠢ ᠮᠠᠨᠳᠤᠭᠤᠯᠵᠤ ᠵᠠᠷᠯᠢᠭ ᠪᠠᠭᠤᠯᠭᠠᠬᠤ ᠶᠢ ᠮᠢᠨᠤ ᠵᠠᠷᠯᠢᠭ ᠲᠠᠢ ᠠᠳᠠᠢ ᠪᠠᠷ ᠦᠵᠡᠬᠦ ᠬᠡᠷᠡᠭᠳᠡᠢ︾ ᠭᠡᠪᠡ᠃       1218ᠣᠨ ᠳᠤ ᠮᠤᠬᠤᠯᠠᠢ ᠠᠯᠳᠠᠨ ᠤᠯᠤᠰ ᠤᠨ ᠰᠢᠴᠢᠩ ᠠᠴᠠ ᠮᠤᠷᠳᠠᠵᠤ᠂ ᠲᠠᠢ ᠡᠾᠧ ᠯᠢᠩ ᠳᠠᠪᠠᠭ᠎ᠠ ︵ᠤᠳᠤᠬᠢ ᠱᠠᠨ ᠰᠢ ᠮᠤᠵᠢ ᠳᠤ ᠪᠤᠢ︶ ᠶᠢ ᠲᠠᠪᠠᠵᠤ᠂ ᠬᠠᠳᠤᠨ ᠭᠤᠤᠯ ᠢ ᠲᠠᠭᠠᠵᠤ ᠤᠷᠤᠭᠰᠢᠯᠠᠭᠠᠳ᠂ ᠤᠳᠤᠬᠢ ᠱᠠᠨ ᠰᠢ ᠮᠤᠵᠢ ᠶᠢᠨ ᠲᠠᠶᠢᠶᠤᠸᠠᠨ ᠵᠡᠷᠭᠡ ᠤᠯᠠᠨ ᠬᠤᠳᠠ ᠪᠠᠯᠭᠠᠰᠤ ᠶᠢ ᠪᠠᠶᠢᠯᠳᠤᠨ ᠡᠵᠡᠯᠡᠭᠡᠳ ᠫᠢᠩᠶᠠᠩ ᠵᠦᠭ ᠲᠠᠪᠰᠢᠪᠡ᠃       1220ᠣᠨ ᠳᠤ᠂ ᠮᠤᠬᠤᠯᠠᠢ ᠡᠾᠧᠪᠧᠢ ᠮᠤᠵᠢ ᠳᠤ ᠴᠦᠮᠦᠷᠡᠨ ᠤᠷᠤᠵᠤ ᠤᠳᠤᠬᠢ ᠪᠣᠤ ᠳ᠋ᠢᠩ ᠬᠦᠷᠦᠭᠰᠡᠨ᠎ᠡ ᠬᠤᠳᠠ ᠶᠢ ᠰᠠᠬᠢᠭᠰᠠᠨ ᠵᠠᠩᠵᠤᠨ ᠪᠠᠭᠤᠵᠤ ᠦᠭᠭᠦᠭᠰᠡᠨ ᠪᠠᠶᠢᠨ᠎ᠠ᠃ ᠴᠢᠨᠠᠭᠰᠢ ᠲᠠᠪᠰᠢᠵᠤ ᠲᠠᠶᠠᠨᠫᠢᠩ ᠴᠠᠶᠢᠳ ︵ᠣᠳᠣᠭᠢ ᠡᠾᠧᠪᠧᠢ ᠮᠤᠵᠢ ᠳᠤ ᠪᠤᠢ︶ ᠶᠢ ᠪᠠᠶᠢᠯᠳᠤᠨ ᠢᠯᠠᠭᠠᠳ᠂ ᠮᠤᠩᠭᠤᠯ ᠪᠤᠬ᠎ᠠ ᠶᠢ ᠲᠤᠮᠢᠯᠠᠵᠤ᠂ ᠴᠡᠷᠢᠭ ᠬᠤᠪᠢᠶᠠᠨ ᠡᠾᠧᠪᠧᠢ ᠮᠤᠵᠢ ᠶᠢᠨ ᠡᠮᠦᠨᠡᠳᠣ ᠭᠡᠰᠡᠭ ᠪᠠ ᠡᠾᠧᠨᠠᠨ ᠮᠤᠵᠢ ᠶᠢᠨ ᠤᠮᠠᠷᠠᠳᠣ ᠭᠡᠰᠡᠭ ᠤᠨ ᠤᠯᠠᠨ ᠵᠧᠤ ᠰᠢᠶᠠᠨ ᠢ ᠪᠠᠶᠢᠯᠳᠤᠨ ᠡᠵᠡᠯᠬᠦᠯᠦᠭᠡᠳ᠂ 30 ᠲᠦᠮᠡᠨ ᠡᠷᠦᠬᠡ ᠢᠷᠭᠡᠨ ᠢ ᠣᠯᠵᠠᠯᠠᠵᠤ ᠵᠢᠨᠠᠨ ᠵᠦᠭ  ᠤᠷᠤᠭᠰᠢᠯᠠᠪᠠ᠃ ᠲᠡᠷᠡ ᠦᠶ᠎ᠡ ᠳᠤ ᠬᠠᠳᠤᠨ ᠭᠤᠤᠯ ᠤᠨ ᠰᠠᠯᠪᠤᠷᠢ ᠤᠷᠤᠰᠬᠠᠯ ᠡᠮᠦᠨᠡᠰᠢ ᠰᠢᠯᠵᠢᠭᠰᠡᠨ ᠤᠴᠢᠷ ᠱᠠᠨᠳᠦ᠋ᠩ ᠤᠨ ᠭᠠᠵᠠᠷ ᠬᠤᠷᠢᠭᠯᠠᠯᠳᠠ ᠪᠠᠨ ᠠᠯᠳᠠᠵᠤ ᠠᠯᠳᠠᠨ ᠤᠯᠤᠰ ᠤᠨ ᠬᠠᠭᠠᠨ ᠠᠷᠭ᠎ᠠ ᠪᠤᠰᠤ ᠬᠤᠸᠠᠩᠯᠢᠩ ︵ᠤᠳᠤᠬᠢ ᠱᠠᠨᠳᠦ᠋ᠩ ᠮᠤᠵᠢ ᠶᠢᠨ ᠼᠤᠤ ᠰᠢᠶᠠᠨ ᠳᠤ ᠪᠤᠢ︶ ᠭᠠᠵᠠᠷ ᠡᠷᠬᠢᠯᠡᠭᠴᠢ ᠶᠢᠨ ᠶᠠᠮᠤᠨ ᠪᠠᠶᠢᠭᠤᠯᠤᠨ᠂ ᠦᠭᠦᠯᠡᠩ ᠰᠢᠭᠦ ᠳᠤ 20 ᠲᠦᠮᠡᠨ ᠴᠡᠷᠢᠭ ᠥᠭᠴᠦ ᠴᠢᠬᠤᠯᠠ ᠬᠡᠷᠡᠮ ᠢ ᠰᠠᠬᠢᠭᠤᠯᠤᠭᠠᠳ᠂ ᠮᠤᠩᠭᠤᠯ ᠤᠨ ᠴᠡᠷᠢᠭ ᠪᠠᠷᠠᠭᠤᠨᠰᠢ ᠭᠠᠷᠬᠤ ᠶᠢ ᠬᠤᠷᠢᠭᠯᠠᠭᠤᠯᠵᠤ ᠪᠠᠶᠢᠭᠰᠠᠨ ᠶᠤᠮ᠃ ᠲᠡᠨᠳᠡ ᠠᠴᠠ ᠮᠤᠬᠤᠯᠠᠢ ᠶᠡᠭᠡ ᠴᠡᠷᠢᠭ ᠠᠪᠴᠤ ᠬᠤᠸᠠᠩᠯᠢᠩ ᠢ ᠪᠠᠶᠢᠯᠳᠤᠷ᠎ᠠ ᠢᠷᠡᠭᠰᠡᠨ ᠳᠤ ᠠᠯᠳᠠᠨ ᠤᠯᠤᠰ ᠤᠨ ᠴᠡᠷᠢᠭ ᠬᠠᠳᠤᠨ ᠭᠤᠤᠯ ᠤᠨ ᠡᠮᠦᠨ᠎ᠡ ᠦᠬᠦᠨ ᠪᠠᠶᠢᠯᠳᠤᠬᠤ ᠪᠡᠷ᠎ᠡ ᠪᠡᠯᠡᠳᠭᠡᠪᠡ᠃ ᠮᠣᠬᠤᠯᠠᠢ᠄ ︽ᠡᠭᠦᠨ ᠢ ᠮᠤᠷᠢᠳᠤ ᠴᠡᠷᠢᠭ ᠢᠶᠠᠷ ᠪᠠᠶᠢᠯᠳᠤᠵᠤ ᠲᠡᠶᠢᠯᠬᠦ ᠦᠭᠡᠢ︾ ᠭᠡᠳ ᠴᠡᠷᠢᠭ ᠢᠶᠠᠨ ᠴᠦᠮ ᠮᠤᠷᠢᠨ ᠠᠴᠠ ᠪᠠᠭᠤᠯᠭᠠᠵᠤ ᠶᠠᠪᠠᠭᠠᠯᠠᠠ ᠪᠠᠶᠢᠯᠳᠤᠭᠤᠯᠤᠭᠠᠳ ᠶᠡᠬᠡᠯ᠎ᠡ ᠲᠠᠶᠢᠯᠵᠠᠢ᠃ ᠲᠡᠭᠡᠭᠡᠳ ᠱᠠᠨᠳᠦ᠋ᠩ ᠮᠤᠵᠢ ᠶᠢᠨ ᠤᠯᠠᠨ ᠵᠧᠤ ᠰᠢᠶᠠᠨ ᠢ ᠪᠠᠶᠢᠯᠳᠤᠨ ᠡᠵᠡᠯᠡᠬᠡᠳ ᠮᠦᠨ ᠵᠢᠯ ᠤᠨ 5 ᠰᠠᠷ᠎ᠠ ᠳᠤ ᠮᠤᠬᠤᠯᠠᠢ ᠶᠢᠨ ᠴᠡᠷᠢᠭ ᠦᠨᠡᠬᠡᠨ ᠳᠠᠪᠠᠭᠠᠨ ᠳᠤ ᠪᠤᠴᠠᠵᠤ ᠢᠷᠡᠭᠰᠡᠨ ᠪᠠᠶᠢᠨ᠎ᠠ᠃ ᠮᠤᠬᠤᠯᠠᠢ ᠱᠠᠨᠳᠦ᠋ᠩ᠂ ᠡᠾᠧᠪᠧᠢ ᠶᠢᠨ ᠭᠠᠵᠠᠷ ᠢ ᠪᠦᠷ ᠲᠣᠭᠳᠠᠭᠠᠴᠢᠬᠠᠭᠰᠠᠨ ᠪᠤᠯᠬᠤᠷ ᠲᠠᠩᠭᠤᠳ ᠢᠶᠠᠷ ᠦᠩᠭᠡᠷᠡᠵᠤ ᠤᠳᠤᠬᠢ ᠱᠠᠨᠰᠢ ᠮᠤᠵᠢ ᠶᠢ ᠪᠠᠶᠢᠯᠳᠤᠬᠤ ᠪᠠᠷ ᠪᠣᠯᠪᠠ᠃ ᠲᠡᠭᠡᠭᠡᠳ ᠲᠤᠰ ᠵᠢᠯ ᠤᠨ 8 ᠰᠠᠷ᠎ᠠ ᠳᠤ ᠬᠦᠳᠡᠯᠵᠤ᠂ ᠤᠳᠤᠬᠢ ᠬᠦᠬᠡᠬᠤᠳᠠ  ᠪᠠᠷ ᠲᠠᠮᠵᠢᠵᠤ᠂ ᠲᠣᠭᠲᠠᠬᠤ ᠰᠢᠶᠠᠨ ᠤ ᠭᠠᠵᠠᠷ ᠢᠶᠠᠷ ᠬᠠᠳᠤᠨ ᠭᠤᠤᠯ ᠢ ᠬᠠᠳᠤᠯᠤᠭᠠᠳ᠂ ᠳ᠋ᠠᠲ᠋ᠦ᠋ᠩ ᠢ ᠦᠩᠭᠡᠷᠡᠵᠤ᠂ ᠢᠦᠢ ᠯᠢᠨ ᠳᠤ ᠤᠷᠤᠭᠠᠳ᠂ ᠶᠠᠨ ᠠᠨ ᠬᠤᠳᠠᠨ ᠠᠴᠠ 30 ᠭᠠᠵᠠᠷ ᠤᠶᠢᠷᠠᠳᠣᠵᠣ ᠪᠠᠭᠤᠪᠠ᠃ ᠠᠯᠳᠠᠨ ᠤᠯᠤᠰ ᠤᠨ ᠮᠤᠵᠢ ᠶᠢᠨ ᠡᠵᠡᠨ ᠸᠠᠩᠭᠢᠩ ᠬᠠᠳᠠ 3 ᠲᠦᠮᠡᠨ ᠴᠡᠷᠢᠭ ᠭᠠᠷᠭᠠᠵᠤ ᠪᠠᠶᠢᠯᠳᠤᠭᠤᠯᠤᠭᠰᠠᠨ᠎ᠠ᠂ ᠮᠤᠬᠤᠯᠠᠢ ᠪᠦᠭᠭᠦᠭᠰᠡᠨ ᠴᠡᠷᠢᠭ ᠢᠶᠠᠷ ᠶᠡᠬᠡᠯ᠎ᠡ ᠲᠠᠶᠢᠯᠵᠤ᠂ 7 ᠮᠢᠩᠭᠠᠨ ᠲᠠᠶᠢᠰᠦᠨ ᠢ ᠤᠰᠠᠳᠬᠠᠨ᠂ 8 ᠵᠠᠭᠤᠨ ᠠᠬᠳᠠ ᠣᠯᠵᠠᠯᠠᠭᠰᠠᠨ ᠪᠣᠯᠪᠠᠴᠤ ᠬᠤᠳᠠ ᠶᠢ ᠡᠪᠳᠡᠵᠤ ᠡᠰᠡ ᠴᠢᠳᠠᠭᠠᠳ᠂ ᠡᠮᠦᠨᠡᠰᠢ ᠲᠠᠶᠢᠯᠠᠭᠠᠳ ᠱᠠᠨᠰᠢ ᠮᠤᠵᠢ ᠶᠢᠨ ᠤᠮᠠᠷᠠᠳᠣ ᠬᠡᠰᠡᠭ ᠤᠨ ᠤᠯᠠᠨ ᠬᠤᠳᠠ ᠪᠠᠯᠭᠠᠰᠤ ᠶᠢ ᠪᠠᠶᠢᠯᠳᠤᠨ ᠡᠵᠡᠯᠡᠵᠡᠢ᠃       1222 ᠣᠨ ᠤ 7 ᠰᠠᠷ᠎ᠠ ᠳᠤ ᠮᠤᠬᠤᠯᠠᠢ ᠶᠡᠭᠡ ᠴᠡᠷᠢᠭ ᠢᠶᠠᠨ ᠲᠠᠶᠢᠴᠢᠯᠠᠵᠤ᠂ ᠱᠠᠨᠰᠢ ᠮᠤᠵᠢ ᠶᠢᠨ ᠪᠠᠷᠠᠭᠤᠨ ᠬᠡᠰᠡᠭ ᠪᠠ ᠭᠠᠨᠰᠤ ᠵᠦᠭ ᠮᠤᠷᠳᠠᠪᠠ᠃ ᠲᠡᠷᠡᠴᠢᠯᠡᠨ ᠠᠯᠳᠠᠨ ᠤᠯᠤᠰ ᠤᠨ ᠪᠠᠷᠠᠭᠤᠨ ᠨᠡᠶᠢᠰᠯᠡᠯ ᠰᠢᠵᠢᠩ ᠢᠶᠠᠷ ᠦᠩᠭᠡᠷᠡᠵᠤ᠂ ᠢᠦᠢ ᠵᠧᠣ ︵ᠤᠳᠤᠬᠢ ᠱᠠᠨ ᠰᠢ ᠮᠤᠵᠢ ᠳᠤ ᠪᠤᠢ︶ ᠪᠠᠷ ᠲᠠᠮᠵᠢᠨ᠂ ᠢ ᠡᠾᠧ ᠴᠠᠶᠢᠵᠠ ︵ᠤᠳᠤᠬᠢ ᠱᠠᠨ ᠰᠢ ᠮᠤᠵᠢ ᠳᠤ ᠪᠤᠢ︶ ᠶᠢ ᠪᠠᠶᠢᠯᠳᠤᠨ ᠡᠵᠡᠯᠡᠬᠡᠳ᠂ ᠴᠢᠨᠠᠭᠰᠢ ᠰᠠᠨ ᠴᠢᠩ ᠤᠷᠬᠢᠯ ︵ᠤᠳᠤᠬᠢ ᠱᠠᠨ ᠰᠢ ᠮᠤᠵᠢ ᠳᠤ ᠪᠤᠢ︶ ᠢ ᠠᠪᠴᠤ᠂ ᠴᠢᠩ ᠯᠦᠩ ︵ᠤᠳᠤᠬᠢ ᠱᠠᠨ ᠰᠢ ᠮᠤᠵᠢ ᠳᠤ ᠪᠤᠢ︶ ᠪᠠᠬᠢᠯᠡᠯᠳᠡ ᠤᠶᠢᠷᠠᠳᠤᠭᠰᠠᠨ ᠳᠤ ᠫᠢᠩᠶᠠᠩ ᠬᠤᠳᠠ ᠶᠢ ᠰᠠᠬᠢᠭᠰᠠᠨ ᠵᠠᠩᠵᠤᠨ ᠬᠤᠤ ᠲᠢᠶᠠᠨ ᠼᠦᠸᠧ ᠪᠠᠶᠢᠯᠳᠤᠷ᠎ᠠ ᠢᠷᠡᠭᠡᠳ ᠶᠡᠬᠡᠳᠡ ᠲᠠᠷᠤᠭᠳᠠᠵᠤ ᠠᠷᠭ᠎ᠠ ᠪᠤᠰᠤ ᠪᠠᠭᠤᠵᠤ ᠥᠭᠪᠡ᠃ 8 ᠰᠠᠷ᠎ᠠ ᠳᠤe ᠬᠡᠭᠡᠨ ᠡᠳᠦᠷ ᠢᠶᠠᠷ ᠤᠳᠤᠨ ᠬᠠᠷᠠᠭᠳᠠᠭᠰᠠᠨ᠎ᠠ ᠨᠢᠭᠤᠵᠤ ᠰᠠᠭᠤᠭᠰᠠᠨ ᠡᠷᠳᠡᠮᠳᠡᠨ ᠴᠢᠶᠤᠤ ᠵᠢᠩ ᠶᠢᠨ ᠮᠤᠷᠳᠠᠵᠤ ᠤᠷᠤᠭᠰᠢᠯᠠᠬᠤ ᠳᠤ ᠠᠰᠢᠭ ᠦᠭᠡᠢ ᠬᠡᠵᠤ ᠰᠠᠨᠠᠭᠤᠯᠤᠭᠰᠠᠨ ᠪᠠᠶᠢᠨ᠎ᠠ᠃ ᠡᠬᠦᠨ ᠳᠤ ᠮᠤᠬᠤᠯᠠᠢ᠄ ︽ᠡᠵᠡᠨ ᠬᠠᠭᠠᠨ ᠨᠠᠮᠠᠢᠢ ᠲᠤᠮᠳᠠᠳᠣ ᠣᠷᠤᠨ ᠢ ᠲᠣᠭᠳᠠᠭ᠎ᠠ ᠬᠡᠰᠡᠨ ᠶᠤᠮ᠃ ᠡᠳᠦᠭᠡ ᠬᠠᠳᠤᠨ ᠭᠤᠤᠯ ᠤᠨ ᠤᠮᠠᠷᠠᠳᠣ ᠬᠡᠰᠡᠭ ᠢ ᠲᠣᠭᠳᠠᠭᠠᠭᠰᠠᠨ ᠪᠤᠯᠪᠠᠴᠤ ᠱᠠᠨᠰᠢ᠂ ᠡᠾᠧᠨᠡᠨ᠂ ᠭᠠᠨᠰᠤ ᠵᠡᠷᠬᠡ ᠬᠠᠳᠣᠨ ᠭᠤᠤᠯ ᠤᠨ ᠡᠮᠦᠨᠡᠬᠢ ᠤᠯᠠᠨ ᠭᠠᠵᠠᠷ ᠢ ᠲᠣᠭᠳᠠᠭᠠᠳᠣᠢ ᠪᠠᠶᠢᠭᠰᠠᠭᠠᠷ ᠶᠤᠮ᠃ ᠬᠡᠷᠪᠡ ᠲᠡᠭᠷᠢ ᠶᠢᠨ ᠪᠠᠶᠢᠳᠠᠯ ᠠᠴᠠ ᠴᠡᠷᠢᠭ ᠮᠤᠷᠳᠠᠬᠤ ᠦᠭᠡᠢ ᠪᠣᠯ ᠬᠠᠭᠠᠨ ᠤ ᠵᠠᠷᠯᠢᠭ ᠢ ᠬᠡᠵᠢᠶ᠎ᠡ ᠪᠡᠶᠡᠯᠡᠬᠦᠯᠬᠦ ᠪᠣᠢ︖︾  ᠭᠡᠪᠡ᠃ ᠲᠡᠭᠡᠭᠡᠳ ᠱᠢ ᠲᠢᠶᠠᠨ ᠢᠩ ᠢᠶᠠᠷ ᠬᠦᠪᠪᠦᠬᠦ ᠬᠦᠬᠦᠷᠭᠡ ᠲᠠᠯᠪᠢᠭᠤᠯᠵᠤ᠂ ᠬᠠᠳᠤᠨ ᠭᠤᠤᠯ ᠢ ᠭᠠᠳᠤᠯᠤᠭᠠᠳ᠂ ᠲᠦᠩᠵᠧᠤ ᠬᠤᠳᠠ ︵ᠤᠳᠤᠬᠢ ᠱᠠᠨᠰᠢ ᠮᠤᠵᠢ ᠳᠤ ᠪᠤᠢ︶ ᠶᠢ ᠪᠠᠶᠢᠯᠳᠤᠨ ᠠᠪᠴᠤ᠂ ᠴᠠᠩ ᠠᠨ ︵ᠤᠳᠤᠬᠢ ᠰᠢ ᠠᠨ︶ ᠵᠦᠭ ᠴᠢᠭᠯᠡᠪᠡ᠃ ᠠᠯᠳᠠᠨ ᠤᠯᠤᠰ ᠤᠨ ᠵᠠᠩᠵᠤᠨ ᠸᠠᠩᠭᠢᠩ ᠬᠠᠳᠠ 20 ᠲᠦᠮᠡᠨ ᠶᠡᠭᠡ ᠴᠡᠷᠢᠭ ᠠᠪᠴᠤ ᠤᠭᠳᠤᠨ ᠪᠠᠶᠢᠯᠳᠤᠭᠰᠠᠨ ᠪᠤᠯᠪᠠᠴᠤ ᠶᠡᠬᠡᠯ᠎ᠡ ᠲᠡᠶᠢᠯᠥᠭᠳᠡᠵᠤ ᠪᠤᠷᠤᠭᠤᠯᠠᠨ ᠲᠤᠲᠠᠭᠠᠭᠰᠠᠨ ᠪᠠᠶᠢᠨ᠎ᠠ᠃ ᠡᠭᠦᠨ ᠳᠤ ᠮᠤᠬᠤᠯᠠᠢ᠃ ᠠᠯᠴᠢ ᠨᠤᠶᠠᠨ ᠳᠤ ᠬᠤᠩᠭᠢᠷᠠᠳ ᠠᠶᠢᠮᠠᠭ ᠤᠨ 3 ᠮᠢᠩᠭᠠᠨ ᠮᠤᠷᠢᠳᠤ ᠴᠡᠷᠢᠭ ᠢ ᠦᠭᠴᠤ᠂ ᠲᠦᠩᠭᠤᠸᠠᠨ ᠪᠤᠭᠤᠮᠳᠠ ︵ᠤᠳᠤᠬᠢ ᠱᠠᠨᠰᠢ ᠮᠤᠵᠢ ᠳᠤ ᠪᠤᠢ︶ ᠳᠤ ᠨᠡᠪᠳᠡᠷᠡᠬᠦ ᠵᠠᠮ ᠢ ᠲᠠᠰᠤᠯᠤᠭᠤᠯᠤᠭᠰᠠᠨ ᠪᠦᠬᠡᠳ ᠪᠤᠰᠤᠳ ᠵᠠᠩᠵᠤᠨ ᠨᠠᠷ ᠢᠶᠠᠷ ᠱᠠᠨᠰᠢ ᠶᠢᠨ ᠪᠠᠷᠠᠭᠤᠨ ᠬᠤᠶᠢᠳᠤᠬᠢ ᠤᠯᠠᠨ ᠬᠤᠳᠠ ᠪᠠᠯᠭᠠᠰᠤ ᠶᠢ ᠡᠵᠡᠯᠡᠬᠦᠯᠦᠨ᠂ ᠦᠪᠡᠷ ᠢᠶᠠᠨ  ᠶᠡᠭᠡ ᠴᠡᠷᠢᠭ ᠢ ᠵᠠᠬᠢᠷᠴᠤ ᠪᠠᠷᠠᠭᠤᠨᠰᠢ ᠹᠧᠩᠰᠢᠶᠠᠩ ᠢ ᠪᠠᠶᠢᠯᠳᠤᠬᠤ ᠪᠠᠷ ᠮᠤᠷᠳᠠᠵᠠᠢ᠃ ᠮᠤᠬᠤᠯᠠᠢ ᠲᠤᠰ ᠬᠤᠳᠠ ᠶᠢ ᠪᠦᠰᠡᠯᠡᠨ ᠠᠪᠤᠭᠠᠳ ᠰᠠᠷ᠎ᠠ ᠭᠠᠷᠤᠢ ᠬᠦᠴᠦᠯᠡᠨ ᠪᠠᠶᠢᠯᠳᠤᠭᠰᠠᠨ ᠪᠤᠯᠪᠠᠴᠤ ᠡᠵᠡᠯᠡᠨ ᠴᠢᠳᠠᠭᠰᠠᠨ ᠦᠭᠡᠢ ᠪᠤᠯᠬᠤᠷ ᠲᠤᠤᠷᠠᠬᠢ ᠵᠠᠩᠵᠤᠨ ᠨᠠᠷ ᠲᠠᠭᠠᠨ᠄ ︽ᠮᠢᠨᠤ ᠪᠡᠶ᠎ᠡ ᠲᠤᠰᠬᠠᠶᠢᠯᠠᠨ ᠲᠠᠶᠢᠯᠠᠬᠤ ᠵᠠᠷᠯᠢᠭ ᠢ ᠬᠦᠯᠶᠡᠵᠤ᠂ ᠬᠡᠳᠦᠨ ᠵᠢᠯ ᠤᠨ ᠲᠤᠳᠤᠷ᠎ᠠ ᠯᠢᠶᠤᠤᠳᠦ᠋ᠩ᠂ ᠯᠢᠶᠤᠤᠰᠢ᠂ ᠱᠠᠨᠳᠦ᠋ᠩ᠂ ᠡᠾᠧᠪᠧᠢ ᠶᠢ ᠬᠢᠯᠪᠠᠷᠬᠠᠨ ᠢᠶᠠᠷ ᠤᠷᠤᠭᠤᠯᠤᠨ ᠠᠪᠤᠭᠰᠠᠨ ᠪᠤᠯᠪᠠᠴᠤ᠂ ᠠᠩᠬ᠎ᠠ ᠲᠢᠶᠠᠨᠫᠢᠩ᠂ ᠶᠠᠨ ᠠᠨ ᠢ ᠪᠠᠶᠢᠯᠳᠤᠵᠤ᠂ ᠡᠳᠦᠶᠢᠬᠡᠨ ᠹᠧᠩᠰᠢᠶᠠᠩ ᠢ ᠪᠦᠰᠡᠯᠡᠬᠡᠳ ᠪᠦᠷ ᠡᠰᠡ ᠡᠪᠳᠡᠵᠤ ᠴᠢᠳᠠᠭᠰᠠᠨ ᠲᠤᠯᠠ ᠠᠮᠢ ᠨᠠᠰᠤ ᠮᠢᠨᠢ ᠡᠴᠦᠰᠯᠡᠬᠦ ᠤᠶᠢᠷᠠᠳᠤᠭᠰᠠᠨ ᠪᠤᠯᠪᠠᠤ︖︾ ᠬᠡᠶᠢᠳ ᠸᠧᠢ ᠱᠦᠢ ᠮᠦᠷᠡᠨ ᠤ ᠬᠦᠪᠡᠭᠡ ᠳᠤ ᠪᠠᠭᠤᠳᠠᠯᠯᠠᠪᠠ᠃ ᠮᠤᠩᠭᠤᠯ ᠪᠤᠬ᠎ᠠ ᠮᠤᠬᠤᠯᠠᠢ ᠶᠢᠨ ᠵᠠᠷᠯᠢᠭ ᠢᠶᠠᠷ ᠡᠮᠦᠨᠡᠰᠢᠯᠡᠵᠤ᠂ ᠡᠮᠦᠨᠡᠳᠣ ᠰᠦᠩ ᠣᠯᠣᠰ ᠤᠨ ᠬᠢᠯᠢ ᠳᠤ ᠬᠦᠷᠦᠭᠡᠳ ᠪᠤᠴᠠᠵᠤ ᠢᠷᠡᠵᠡᠢ᠃       1233ᠣᠨ ᠳᠤ ᠴᠠᠭᠠᠨ ᠰᠠᠷ᠎ᠠ ᠳᠤ ᠮᠤᠬᠤᠯᠠᠢ ᠶᠡᠭᠡ ᠴᠡᠷᠢᠭ ᠢᠶᠠᠨ ᠬᠤᠷᠢᠶᠠᠨ ᠬᠠᠳᠤᠨ ᠭᠤᠤᠯ ᠤᠨ ᠬᠦᠪᠡᠬᠡᠨ᠎ᠡ ᠬᠦᠷᠴᠤ ᠢᠷᠡᠬᠡᠳ ᠠᠷᠪᠠ ᠭᠠᠷᠤᠢ ᠪᠠᠬᠢᠯᠡᠯᠳᠡ ᠴᠠᠶᠢᠵᠠ ᠶᠢ ᠪᠠᠶᠢᠯᠳᠤᠨ ᠡᠵᠡᠯᠡᠪᠡ᠃ 3 ᠰᠠᠷ᠎ᠠ ᠳᠤᠨᠢ ᠮᠤᠬᠤᠯᠠᠢ ᠬᠠᠳᠤᠨ ᠭᠤᠤᠯ ᠢ ᠬᠡᠳᠦᠯᠵᠤ᠂ ᠤᠳᠤᠬᠢ ᠱᠠᠨᠰᠢ ᠮᠤᠵᠢ ᠶᠢᠨ ᠸᠧᠨᠰᠢ ᠰᠢᠶᠠᠨ ᠤ ᠰᠢᠶᠠᠮᠠ ᠲᠤᠰᠬᠤᠨ ᠳᠤ ᠢᠷᠡᠬᠡᠳ ᠬᠦᠨᠳᠤ ᠡᠪᠡᠳᠴᠢᠯᠡᠨ᠂ ᠲᠡᠭᠦᠦ ᠲᠠᠶᠢᠰᠦ᠋ᠩ ᠢᠶᠠᠨ ᠲᠠᠭᠤᠳᠠᠵᠤ᠄ ︽ᠪᠢ ᠤᠯᠤᠰ ᠬᠦᠷᠦᠨ ᠤ ᠲᠦᠯᠦᠬᠡ ᠬᠤᠶᠠᠭᠯᠠᠨ ᠴᠡᠷᠢᠭ᠌ᠯᠡᠵᠤ᠂ 40 ᠵᠢᠯ ᠵᠡᠬᠦᠨᠰᠢ ᠪᠠᠶᠢᠯᠳᠤᠨ ᠪᠠᠷᠠᠭᠤᠨᠰᠢ ᠲᠠᠶᠢᠯᠠᠭᠠᠳ᠂ ᠶᠡᠭᠡ ᠦᠢᠯᠡᠰ ᠢ ᠲᠤᠰᠠᠯᠠᠨ ᠪᠦᠳᠦᠬᠡᠪᠡ᠃ ᠭᠠᠭᠴᠠ ᠬᠦ ᠠᠯᠳᠠᠨ ᠤᠯᠤᠰ ᠤᠨ ᠨᠡᠶᠢᠰᠯᠡᠯ ᠪᠠᠶᠠᠨᠴᠢᠩ ᠬᠤᠳᠠ ︵ᠤᠳᠤᠬᠢ ᠡᠾᠧᠨᠠᠨ ᠮᠤᠵᠢ ᠶᠢᠨ ᠺᠠᠶᠢᠹᠧᠩ ᠬᠤᠳᠠ︶ ᠶᠢ ᠡᠪᠳᠡᠵᠤ ᠡᠰᠡ ᠴᠢᠳᠠᠭᠰᠠᠨ ᠳᠠᠭᠠᠨ ᠬᠠᠷᠠᠮᠰᠠᠨᠠᠮ᠃ ᠴᠢ ᠪᠠᠶᠢᠯᠳᠤᠨ ᠠᠪᠬᠤ ᠶᠢ ᠬᠢᠴᠢᠶᠡᠭᠳᠦᠨ︕︾ ᠬᠡᠵᠤ ᠬᠡᠷᠢᠶᠡᠰᠦᠯᠡᠬᠡᠳ 54 ᠲᠠᠢ ᠳᠡᠭᠡᠨ ᠨᠠᠰᠤ ᠨᠦᠭᠴᠢᠵᠠᠢ᠃       ᠮᠤᠬᠤᠯᠠᠢ  ᠪᠤᠯ ᠴᠢᠩᠭᠢᠰ ᠬᠠᠭᠠᠨ ᠤ ᠬᠠᠮᠤᠭ ᠤᠨ ᠢᠳᠡᠬᠡᠯᠳᠣ ᠵᠠᠩᠵᠤᠨ ᠪᠤᠯᠬᠤ ᠶᠤᠮ᠃ ᠡᠶᠢᠮᠤ ᠠᠴᠠ ᠲᠡᠬᠦᠨ ᠢ ᠨᠠᠰᠤ ᠨᠦᠭᠴᠢᠭᠰᠡᠨ ᠤ ᠲᠠᠷᠠᠭ᠎ᠠ᠂ ᠴᠢᠩᠭᠢᠰ ᠬᠠᠭᠠᠨ ᠦᠪᠡᠷᠦᠨ ᠪᠡᠶ᠎ᠡ ᠪᠠᠷ ᠹᠧᠩ ᠯᠢᠩ ︵ᠤᠳᠤᠬᠢ ᠭᠠᠨᠰᠤ ᠮᠤᠵᠢ ᠳᠤ ᠪᠤᠢ︶ ᠢ ᠪᠠᠶᠢᠯᠳᠤᠷ᠎ᠠ ᠢᠷᠡᠬᠡᠳ᠄ ︽ᠮᠤᠬᠤᠯᠠᠢ ᠪᠠᠶᠢᠭᠰᠠᠨ ᠪᠣᠯ ᠪᠢ ᠠᠳᠡ ᠶᠠᠭᠤ ᠬᠢᠬᠦ ᠪᠡᠷ᠎ᠡ ᠢᠷᠡᠬᠦ ᠪᠢᠯᠡ︖︾ ᠬᠡᠵᠤ ᠰᠡᠭᠦᠷᠡᠰᠦ ᠠᠯᠳᠠᠨ ᠬᠡᠯᠡᠭᠰᠡᠨ ᠪᠠᠶᠢᠵᠠᠢ᠃
 
ᠢᠷᠡᠯᠲᠡ᠄ ᠲᠥᠪ ᠲᠧᠯᠸᠢᠰ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号