| ᠠᠷᠯᠠᠳ ᠠᠶᠢᠮᠠᠭ ᠤᠨ ᠬᠦᠮᠦᠨ᠂ ᠴᠢᠩᠭᠢᠰ ᠬᠠᠭᠠᠨ ᠤ ᠡᠪᠦᠭᠡ ᠲᠡᠬᠡᠳᠦᠰ ᠪᠤᠯᠬᠤ ᠬᠠᠶᠢᠳᠤ ᠶᠢᠨ ᠬᠤᠶᠢᠴᠢ | ᠪᠤᠯᠬᠤ ᠶᠤᠮ᠃ ᠪᠤᠭᠤᠷᠴᠢ ᠶᠢᠨ ᠡᠴᠢᠬᠡ ᠨᠢ ᠨᠠᠬᠤ ᠪᠠᠶᠠᠨ ᠬᠡᠳᠡᠭ᠃ | ᠴᠢᠩᠭᠢᠰ ᠬᠠᠭᠠᠨ ᠪᠠᠭ᠎ᠠ ᠶᠢᠨ ᠦᠶ᠎ᠡ ᠳᠤ᠂ ᠰᠡᠩᠭᠦᠷ ᠭᠤᠷᠤᠬᠠᠨ ᠤᠨ ᠬᠦᠬᠡ ᠨᠠᠭᠤᠷ ᠲᠤ ᠨᠤᠲᠤᠭᠯᠠᠵᠤ | ᠪᠠᠶᠢᠬᠤ ᠳᠤ ᠵᠦᠷᠬᠢᠨ ᠠᠶᠢᠮᠠᠭ ᠤᠨ ᠬᠦᠮᠦᠰ᠂ ᠴᠢᠩᠭᠢᠰ ᠬᠠᠭᠠᠨ ᠤ ᠨᠠᠢᠮᠠᠨ ᠰᠢᠷᠭ᠎ᠠ ᠠᠭᠳᠠ ᠶᠢ ᠲᠡᠬᠡᠷᠡᠮᠳᠡᠨ | ᠠᠪᠴᠣ ᠶᠠᠪᠤᠭᠰᠠᠨ ᠳᠤ ᠴᠢᠩᠭᠢᠰ ᠬᠠᠭᠠᠨ ᠶᠠᠪᠠᠭᠠᠨ ᠲᠤᠯᠠ ᠬᠠᠷᠠᠵᠤ ᠵᠤᠭᠰᠤᠭᠰᠠᠭᠠᠷ ᠬᠤᠴᠤᠷᠪᠠ᠃ ᠦᠳᠡᠰᠢ | ᠨᠠᠷᠠᠨ ᠰᠢᠩᠭᠡᠭᠦ ᠦᠶ᠎ᠡ ᠪᠠᠷ ᠪᠡᠯᠬᠦᠳᠡᠢ ᠤᠭᠤᠳᠤᠷ ᠬᠤᠩᠭᠤᠷ ᠮᠤᠷᠢᠨ ᠳᠠᠭᠠᠨ ᠲᠠᠷᠪᠠᠭ᠎ᠠ ᠲᠠᠭᠠᠭᠠᠵᠤ ᠶᠠᠳᠠᠳᠠᠯ᠎ᠠ | ᠠᠴᠢᠵᠤ ᠢᠷᠡᠪᠡ᠃ ᠲᠡᠬᠡᠬᠡᠳ ᠪᠡᠯᠬᠦᠳᠡᠢ ᠤᠭᠤᠳᠤᠷ ᠬᠤᠩᠭᠤᠷ ᠮᠤᠷᠢ ᠪᠠᠷ ᠢᠶᠠᠨ ᠨᠡᠬᠡᠬᠦ ᠬᠡᠰᠡᠨ ᠳᠤ ᠬᠠᠰᠠᠷ ᠪᠢ | ᠶᠠᠪᠤᠶ᠎ᠠ ᠬᠡᠵᠤ ᠲᠡᠮᠡᠴᠡᠪᠡ᠃ ᠴᠢᠩᠭᠢᠰ ᠬᠠᠭᠠᠨ ᠬᠡᠨ ᠢ ᠴᠦ ᠵᠦᠪᠰᠢᠶᠡᠷᠡᠭᠰᠡᠨ ᠦᠭᠡᠢ᠂ ᠭᠠᠭᠴᠠ ᠦᠪᠡᠷ ᠢᠶᠠᠨ | ᠤᠭᠤᠳᠤᠷ ᠬᠤᠩᠭᠤᠷ ᠢᠶᠠᠨ ᠤᠨᠤᠵᠤ᠂ ᠨᠠᠢᠮᠠᠨ ᠰᠢᠷᠭ᠎ᠠ ᠠᠭᠳᠠ ᠶᠢ ᠡᠪᠡᠰᠦᠨ ᠤ ᠨᠠᠯᠤᠷᠬᠠᠢ ᠪᠠᠷ ᠮᠦᠷᠳᠡᠨ ᠨᠡᠬᠡᠵᠤ | ᠭᠤᠷᠪᠠᠨ ᠬᠤᠨᠤᠭ ᠶᠠᠪᠤᠭᠠᠳ᠂ ᠨᠢᠬᠡᠨ ᠦᠷᠯᠦᠬᠡ ᠵᠠᠮ ᠤᠨ ᠬᠠᠵᠠᠭᠤᠳᠠᠬᠢ ᠤᠯᠠᠨ ᠠᠳᠤᠭᠤᠨ ᠤ ᠲᠡᠷᠬᠡᠳᠡ | ᠬᠦᠢᠴᠡᠨ ᠬᠦᠷᠦᠭᠰᠡᠨ ᠳᠤ ᠨᠢᠬᠡᠨ ᠭᠠᠪᠰᠢᠭᠠᠢ ᠬᠦᠪᠡᠬᠦᠨ ᠬᠡᠬᠦᠦ ᠰᠠᠭᠠᠵᠤ ᠪᠠᠶᠢᠪᠠ᠃ ᠴᠢᠩᠭᠢᠰ ᠬᠠᠭᠠᠨ ᠲᠡᠬᠦᠨ ᠲᠠᠢ | ᠠᠭᠤᠯᠵᠠᠵᠤ ᠨᠠᠢᠮᠠᠨ ᠰᠢᠷᠭ᠎ᠠ ᠠᠭᠳᠠ ᠪᠠᠨ ᠠᠰᠠᠭᠤᠭᠰᠠᠨ ᠳᠤ ᠲᠡᠷᠡ ᠬᠦᠪᠡᠬᠦᠨ᠄ ︽ᠡᠨᠡ ᠦᠷᠯᠦᠬᠡ ᠨᠠᠷᠠᠨ | ᠤᠷᠭᠤᠬᠤ ᠶᠢᠨ ᠤᠷᠢᠳ ᠨᠠᠢᠮᠠᠨ ᠰᠢᠷᠭ᠎ᠠ ᠮᠤᠷᠢ ᠶᠢ ᠡᠬᠦᠪᠡᠷ ᠬᠦᠬᠡᠬᠡᠵᠤ ᠭᠠᠷᠪᠠ᠂ ᠠᠬᠳᠠ ᠶᠢᠨ ᠦᠩᠭᠡ ᠵᠢᠰᠤ ᠨᠢ | ᠡᠷᠬᠢᠮ ᠤᠨ ᠬᠡᠯᠡᠵᠤ ᠪᠠᠶᠢᠬᠤ ᠲᠠᠢ ᠡᠬᠡᠬᠡ ᠠᠳᠠᠯᠢᠬᠠᠨ ᠪᠠᠶᠢᠨᠠᠮ︾ ᠬᠡᠳ ᠤᠩᠭᠤᠷ ᠬᠤᠩᠭᠤᠷ ᠢ ᠲᠠᠯᠪᠢᠭᠤᠯᠵᠤ᠂ | ᠤᠷᠤᠭ ᠰᠢᠩᠬᠤᠯᠠ ᠮᠤᠷᠢ ᠶᠢ ᠴᠢᠩᠭᠢᠰ ᠬᠠᠭᠠᠨ ᠳᠤ ᠦᠭᠴᠤ ᠤᠨᠤᠭᠤᠯᠪᠠ᠃ ᠦᠪᠡᠷ ᠢᠶᠠᠨ ᠬᠤᠷᠳᠤᠨ ᠬᠤᠸᠠ | ᠮᠤᠷᠢ ᠶᠢ ᠤᠨᠤᠵᠤ ᠬᠡᠷ ᠲᠡᠭᠡᠨ ᠬᠠᠷᠢᠯ ᠦᠭᠡᠢ ᠬᠦᠬᠦᠦᠷ ᠰᠠᠭᠤᠯᠠᠭ᠎ᠠ ᠪᠠᠨ ᠬᠡᠬᠡᠷ᠎ᠡ ᠪᠤᠭᠤᠵᠤ ᠲᠠᠯᠪᠢᠪᠠ᠃ | ᠢᠩᠭᠢᠬᠡᠳ ᠴᠢᠩᠭᠢᠰ ᠬᠠᠭᠠᠨ ᠤ ᠵᠦᠭ᠄ ︽ᠡᠷᠬᠢᠮ ᠲᠠ ᠶᠡᠬᠡᠳᠡ ᠮᠤᠩᠭᠠᠨᠢᠵᠤ ᠶᠠᠪᠤᠭ᠎ᠠ ᠠᠵᠢ᠃ ᠡᠷ᠎ᠡ ᠶᠢᠨ | ᠪᠡᠷᠬᠡᠰᠢᠶᠡᠯ ᠨᠢᠬᠡᠨ ᠠᠳᠠᠯᠢ ᠪᠢᠯᠡ᠃ ᠪᠢ ᠴᠢᠮ᠎ᠡ ᠳᠤ ᠨᠦᠬᠦᠷ ᠪᠤᠯᠵᠤ ᠬᠠᠮᠳᠤ ᠨᠡᠬᠡᠮᠵᠢᠯᠡᠨ ᠶᠠᠪᠤᠶ᠎ᠠ︕︾ ᠬᠡᠳ | ᠴᠢᠩᠭᠢᠰ ᠬᠠᠭᠠᠨ ᠲᠠᠢ ᠬᠠᠮᠳᠤ ᠮᠤᠷᠳᠡᠵᠤ ᠮᠤᠷᠢᠳ ᠤᠨ ᠮᠦᠷ ᠢᠶᠠᠷ ᠨᠢ ᠮᠦᠰᠬᠢᠵᠤ ᠪᠠᠰᠠ ᠭᠤᠷᠪᠠᠨ ᠬᠤᠨᠤᠭ | ᠶᠠᠪᠤᠪᠠ ᠃ | ᠦᠳᠡᠰᠢ ᠨᠠᠷᠠᠨ ᠤ ᠬᠡᠷᠡᠯ ᠠᠭᠤᠯᠠᠨ᠎ᠠ ᠲᠠᠰᠢᠵᠤ ᠪᠦᠬᠦᠢ ᠴᠠᠭ ᠲᠤ᠂ ᠨᠢᠬᠡᠨ ᠬᠦᠷᠢᠶ᠎ᠡ ᠢᠷᠬᠡᠨ ᠤ ᠲᠡᠷᠬᠡᠳᠡ | ᠬᠦᠷᠦᠭᠰᠡᠨ ᠳᠤ᠂ ᠨᠠᠢᠮᠠᠨ ᠰᠢᠷᠭ᠎ᠠ ᠠᠬᠳᠠ ᠨᠢ ᠲᠡᠷᠡ ᠬᠦᠷᠢᠶᠡᠨ ᠤ ᠵᠠᠬ᠎ᠠ ᠳᠤ ᠡᠪᠡᠰᠣ ᠢᠳᠡᠵᠤ ᠪᠠᠶᠢᠯ᠎ᠠ᠃ | ᠴᠢᠩᠭᠢᠰ ᠬᠠᠭᠠᠨ᠄ ︽ᠨᠦᠬᠦᠷ ᠴᠢ ᠠᠳᠡ ᠪᠠᠨ ᠪᠠᠷᠢᠵᠤ ᠪᠠᠢ᠂ ᠪᠢ ᠤᠴᠢᠵᠤ ᠲᠠᠭᠤᠵᠤ ᠢᠷᠡᠶ᠎ᠡ︾ ᠬᠡᠪᠡ᠃ | ᠪᠤᠭᠤᠷᠴᠢ᠄ ︽ᠪᠢ ᠴᠢᠮᠠᠳᠤ ᠨᠦᠬᠦᠷ ᠪᠤᠯᠵᠤ ᠢᠷᠡᠬᠡᠳ ᠠᠳᠡ ᠦᠯᠡᠳᠡᠵᠤ ᠬᠡᠷᠬᠢᠨ ᠪᠤᠯᠬᠤ ᠪᠤᠢ︖︾ ᠬᠡᠳ | ᠬᠤᠶᠠᠭᠤᠯᠠ ᠬᠠᠮᠳᠤ ᠲᠤᠪᠳᠤᠯᠵᠤ ᠤᠷᠤᠭᠠᠳ ᠰᠢᠷᠭ᠎ᠠ ᠮᠤᠷᠢᠳ ᠢ ᠲᠠᠭᠤᠵᠤ ᠭᠠᠷᠪᠠ᠃ ᠲᠡᠬᠡᠷᠡᠮᠴᠢᠳ ᠬᠤᠶᠢᠨ᠎ᠡ | ᠠᠴᠠ ᠨᠢ ᠴᠤᠪᠤᠯᠳᠤᠨ ᠬᠦᠬᠡᠬᠡᠪᠡ᠃ ᠲᠡᠳᠡᠨ ᠤ ᠲᠤᠳᠤᠷ᠎ᠠ ᠠᠴᠠ ᠨᠢᠬᠡᠨ ᠴᠠᠭᠠᠨ ᠮᠤᠷᠢ ᠲᠠᠢ ᠬᠦᠮᠦᠨ ᠤᠷᠭ᠎ᠠ | ᠪᠠᠷᠢᠵᠤ ᠭᠠᠭᠴᠠᠭᠠᠷ ᠬᠦᠢᠴᠡᠵᠤ ᠢᠷᠡᠬᠦ ᠳᠤ ᠪᠤᠭᠤᠷᠴᠢ᠄ ︽ᠨᠦᠬᠦᠷ ᠴᠢ ᠨᠤᠮᠤ ᠰᠤᠮᠤ ᠪᠠᠨ ᠨᠠᠳᠠ ᠳᠤ ᠦᠭ᠂ ᠪᠢ | ᠬᠠᠷᠪᠤᠯᠳᠤᠶ᠎ᠠ︾ ᠬᠡᠪᠡ᠃ ᠴᠢᠩᠭᠢᠰ ᠬᠠᠭᠠᠨ᠄ ︽ᠮᠢᠨᠤ ᠲᠦᠯᠦᠬᠡ ᠴᠢ ᠡᠷᠡᠰᠬᠦᠳᠡᠵᠠᠢ᠂ ᠪᠢ ᠬᠠᠷᠪᠤᠯᠳᠤᠶ᠎ᠠ︾ ᠬᠡᠳ | ᠡᠷᠬᠢᠵᠤ ᠬᠠᠷᠪᠤᠯᠳᠤᠪᠠ᠃ ᠲᠡᠷᠡ ᠴᠠᠭᠠᠨ ᠮᠤᠷᠢ ᠲᠠᠢ ᠬᠦᠮᠦᠨ ᠤᠷᠭ᠎ᠠ ᠪᠠᠷ ᠲᠣᠬᠢᠭᠰᠠᠭᠠᠷ ᠬᠤᠴᠤᠷᠤᠨ ᠵᠤᠭᠰᠤᠵᠤ᠂ | ᠬᠠᠷᠢᠯᠴᠠᠨ ᠲᠤᠯᠤᠯᠳᠤᠭᠠᠳ᠂ ᠨᠢᠬᠡᠨᠳᠡ ᠨᠠᠷᠠᠨ ᠠᠭᠤᠯᠠᠨ᠎ᠡ ᠲᠠᠰᠢᠨ ᠰᠢᠩᠭᠡᠵᠤ ᠪᠦᠷᠦᠩᠭᠦᠢ ᠪᠤᠯᠤᠭᠰᠠᠨ ᠲᠤᠯᠠ | ᠲᠡᠳᠡ ᠠᠶᠤᠮᠰᠢᠭ ᠦᠭᠡᠢ ᠨᠡᠬᠡᠨ ᠢᠷᠡᠵᠤ ᠴᠢᠳᠠᠬᠤ ᠦᠭᠡᠢ ᠪᠤᠯᠵᠠᠢ᠃ ᠢᠩᠭᠢᠭᠡᠳ ᠴᠢᠩᠭᠢᠰ ᠬᠠᠭᠠᠨ ᠪᠤᠭᠤᠷᠴᠢ | ᠬᠤᠶᠠᠷ᠂ ᠨᠠᠢᠮᠠᠨ ᠰᠢᠷᠭ᠎ᠠ ᠮᠤᠷᠢ ᠪᠠᠨ ᠠᠪᠴᠤ ᠲᠡᠷᠡ ᠰᠦᠨᠢ ᠲᠤᠷᠰᠢ ᠶᠠᠪᠤᠭᠠᠳ ᠵᠠᠯᠭ᠎ᠠ ᠪᠠᠷ ᠭᠤᠷᠪᠡᠨ ᠰᠦᠨᠢ | ᠭᠤᠷᠪᠡᠨ ᠡᠳᠦᠷ ᠶᠠᠪᠤᠵᠤ ᠪᠤᠭᠤᠷᠴᠢ ᠶᠢᠨ ᠬᠡᠷ ᠲᠤ ᠪᠤᠴᠠᠵᠤ ᠢᠷᠡᠵᠡᠢ᠃ ᠡᠨᠡ ᠦᠶ᠎ᠡ ᠳᠤ ᠪᠤᠭᠤᠷᠴᠢ ᠠᠷᠪᠠᠨ | ᠭᠤᠷᠪᠠᠨ ᠨᠠᠰᠤᠳᠠᠢ ᠪᠠᠶᠢᠭᠰᠠᠨ ᠠᠵᠢ᠃ ᠴᠢᠩᠭᠢᠰ ᠬᠠᠭᠠᠨ᠄ ︽ᠴᠢᠮᠠᠢᠢ ᠦᠭᠡᠢ ᠪᠤᠯ ᠪᠢ ᠡᠨᠡ ᠮᠤᠷᠢᠳ ᠢᠶᠠᠨ | ᠬᠡᠷᠬᠢᠨ ᠤᠯᠵᠤ ᠠᠪᠴᠤ ᠴᠢᠳᠠᠬᠤ ᠪᠢᠯᠡ︖ ᠡᠳᠦᠬᠡ ᠮᠤᠷᠢᠳ ᠢ ᠠᠪᠴᠢᠷᠠᠭᠰᠠᠨ ᠲᠤᠯᠠ ᠲᠤᠷᠠᠳᠠᠶᠢᠶ᠎ᠠ ᠲᠠᠨ ᠲᠠᠢ | ᠬᠤᠪᠢᠶᠠᠯᠴᠠᠶ᠎ᠠ᠂ ᠲᠠ ᠬᠡᠳᠦ ᠶᠢ ᠨᠢ ᠠᠪᠬᠤ ᠪᠤᠢ︖ ᠲᠤᠷ᠎ᠠ ᠪᠠᠷ ᠢᠶᠠᠨ ᠪᠤᠯᠰᠤᠭᠠᠢ︾ ᠬᠡᠪᠡ᠃ ᠪᠤᠭᠤᠷᠴᠢ᠄ ︽ | ᠪᠢ ᠰᠠᠶᠢᠨ ᠨᠦᠬᠦᠷ ᠴᠢᠮᠠᠢᠢ ᠮᠤᠩᠭᠠᠨᠢᠵᠤ ᠶᠠᠪᠤᠨ᠎ᠠ ᠬᠡᠮᠡᠨ ᠲᠤᠰᠠ ᠪᠤᠯᠤᠶ᠎ᠠ ᠬᠡᠵᠤ ᠬᠠᠨᠢᠯᠠᠵᠤ ᠶᠠᠪᠤᠭᠰᠠᠨ ᠪᠢᠯᠡ᠂ | ᠤᠯᠵᠠ ᠶᠢ ᠡᠷᠢᠭᠰᠡᠨ ᠪᠤᠰᠤ᠂ ᠨᠠᠬᠤ ᠪᠠᠶᠠᠨ ᠤ ᠭᠠᠭᠴᠠ ᠬᠦᠦ ᠪᠢ ᠠᠳᠤᠭᠤ ᠮᠠᠯ ᠢᠶᠠᠷ ᠲᠤᠳᠠᠬᠤ ᠨᠢ ᠪᠢᠰᠢ᠂ | ᠴᠢᠮ᠎ᠡ ᠳᠤ ᠲᠤᠰᠠ ᠪᠤᠯᠬᠤ ᠶᠢᠨ ᠲᠦᠯᠦᠬᠡ ᠬᠠᠮᠳᠣ ᠶᠠᠪᠤᠭᠰᠠᠨ ᠶᠤᠮ᠂ ᠡᠶᠢᠮᠤ ᠦᠬᠡ ᠲᠠᠬᠢᠵᠤ ᠪᠤᠤ ᠬᠡᠯᠡ︕︾ | ᠬᠡᠪᠡ᠃ ᠲᠡᠬᠡᠬᠡᠳ ᠬᠤᠶᠠᠭᠤᠯᠠ ᠨᠠᠬᠤ ᠪᠠᠶᠠᠨ ᠤᠨ ᠬᠡᠷ ᠲᠤ ᠬᠦᠷᠦᠭᠰᠡᠨ᠎ᠡ᠂ ᠬᠦᠪᠡᠬᠦᠨ ᠢᠶᠠᠨ ᠠᠯᠳᠠᠪᠠ ᠬᠡᠮᠡᠨ | ᠨᠢᠰᠤ ᠨᠢᠯᠪᠤᠰᠤ ᠪᠤᠯᠵᠤ ᠪᠠᠶᠢᠭᠰᠠᠨ ᠨᠠᠬᠤ ᠪᠠᠶᠠᠨ᠂ ᠬᠦᠪᠡᠬᠦᠨ ᠢᠶᠠᠨ ᠢᠷᠡᠭᠰᠡᠨ ᠢ ᠦᠵᠡᠬᠡᠳ ᠨᠢᠬᠡ ᠤᠬᠢᠯᠠᠵᠤ᠂ | ᠨᠢᠬᠡ ᠵᠠᠩᠨᠠᠪᠠ᠃ ᠪᠤᠭᠤᠷᠴᠢ᠄ ︽ᠬᠦᠪᠡᠬᠦᠨ ᠪᠢ ᠦᠪᠡᠷ ᠲᠡᠭᠡᠨ ᠴᠦ ᠲᠠᠶᠢᠯᠪᠤᠷᠢᠯᠠᠵᠤ ᠴᠢᠳᠠᠬᠤ ᠦᠭᠡᠢ ᠲᠤᠯᠠ | ᠶᠠᠭᠤ ᠬᠡᠵᠤ ᠬᠡᠯᠡᠬᠦ ᠪᠢᠯᠡ᠃ ᠬᠡᠪᠡᠴᠤ ᠡᠨᠡ ᠵᠠᠯᠠᠭᠤ ᠮᠤᠷᠢᠳ ᠢᠶᠠᠨ ᠡᠷᠢᠵᠤ ᠮᠤᠩᠭᠠᠨᠢᠵᠤ ᠶᠠᠪᠤᠬᠤ ᠶᠢ ᠦᠵᠡᠬᠡᠳ | ᠬᠦᠬᠡᠷᠦᠬᠦᠶᠢᠯᠡᠵᠤ᠂ ᠨᠦᠬᠦᠷ ᠪᠤᠯᠤᠨ ᠬᠠᠮᠳᠤ ᠶᠠᠪᠤᠵᠤ᠂ ᠪᠤᠴᠠᠨ ᠢᠷᠡᠭᠰᠡᠨ ᠮᠢᠨᠢ ᠡᠨᠡ ᠶᠤᠮᠰᠠᠨ᠂ ᠡᠴᠢᠬᠡ ᠮᠢᠨᠢ | ᠠᠭᠤᠴᠢᠯᠠᠬᠤ ᠪᠤᠯᠪᠠᠤ︾ ᠬᠡᠳ ᠮᠤᠷᠳᠡᠵᠤ᠂ ᠬᠡᠬᠡᠷ᠎ᠡ ᠡᠪᠡᠰᠤ ᠪᠠᠷ ᠪᠤᠭᠤᠵᠤ ᠲᠠᠯᠪᠢᠭᠰᠠᠨ ᠬᠦᠬᠦᠷ ᠰᠠᠭᠤᠯᠠᠭ᠎ᠠ ᠪᠠᠨ | ᠠᠪᠴᠤ ᠢᠷᠡᠪᠡ᠃ ᠴᠢᠩᠭᠢᠰ ᠬᠠᠭᠠᠨ ᠳᠤ ᠨᠢᠬᠡᠨ ᠲᠠᠯᠠᠢ ᠬᠤᠷᠠᠭ᠎ᠠ ᠠᠯᠠᠵᠤ ᠬᠦᠨᠡᠰᠤ ᠪᠡᠯᠡᠳᠬᠡᠬᠡᠳ ᠮᠤᠷᠢᠨ ᠲᠡᠬᠡᠷ᠎ᠡ | ᠨᠢ ᠠᠴᠢᠵᠤ ᠶᠠᠪᠤᠭᠤᠯᠬᠤ ᠦᠶ᠎ᠡ ᠳᠤ ᠨᠠᠬᠤ ᠪᠠᠶᠠᠨ᠄ ︽ᠡᠬᠦᠨ ᠠᠴᠠ ᠬᠤᠶᠢᠰᠢ ᠬᠤᠶᠠᠷ ᠵᠠᠯᠠᠭᠤᠰ ᠰᠠᠶᠢᠬᠠᠨ | ᠨᠦᠬᠦᠷᠯᠡ᠂ ᠪᠡᠶ᠎ᠡ ᠪᠡᠶ᠎ᠡ ᠪᠠᠨ ᠪᠢᠳᠡᠬᠡᠢ ᠤᠷᠬᠢ︕︾ ᠬᠡᠪᠡ᠃ ᠴᠢᠩᠭᠢᠰ ᠬᠠᠭᠠᠨ ᠲᠡᠨᠳᠡ ᠠᠴᠠ ᠮᠤᠷᠳᠠᠵᠤ ᠬᠡᠷ | ᠲᠡᠭᠡᠨ ᠬᠠᠷᠢᠭᠠᠳ ᠡᠬᠡ ᠬᠢᠬᠡᠳ ᠲᠡᠬᠦᠦ ᠨᠠᠷ ᠲᠠᠢ ᠪᠠᠨ ᠠᠭᠤᠯᠵᠠᠵᠠᠢ᠃ | ᠴᠢᠩᠭᠢᠰ ᠬᠠᠭᠠᠨ ᠬᠡᠷᠬᠡᠢ ᠪᠦᠷᠳᠡ ᠦᠵᠢᠨ ᠢᠶᠠᠨ ᠪᠠᠭᠤᠯᠭᠠᠨ ᠠᠪᠴᠤ᠂ ᠬᠡᠨᠡᠳᠳᠡ ᠰᠠᠨᠠᠭᠠᠨ ᠳᠤᠨᠢ | ᠪᠤᠭᠤᠷᠴᠢ ᠤᠷᠤᠭᠠᠳ᠂ ᠲᠡᠬᠦᠨ ᠢ ᠤᠷᠢᠵᠣ ᠠᠪᠴᠢᠷᠠᠬᠤ ᠪᠠᠷ ᠲᠡᠬᠦᠦ ᠪᠡᠯᠬᠦᠳᠡᠢ ᠪᠠᠨ ᠢᠯᠡᠬᠡᠪᠡ᠃ ᠪᠤᠭᠤᠷᠴᠢ ᠪᠠᠰᠠ | ᠡᠴᠢᠬᠡ ᠳᠡᠭᠡᠨ ᠦᠯᠦ ᠬᠡᠯᠡᠨ᠂ ᠪᠦᠭᠳᠤᠷ ᠬᠤᠩᠭᠤᠷ ᠢᠶᠠᠨ ᠤᠨᠤᠭᠠᠳ᠂ ᠪᠤᠷᠣ ᠦᠷᠮᠦᠭ ᠢᠶᠠᠨ ᠪᠦᠭᠳᠦᠷᠢᠬᠡᠳ | ᠪᠡᠯᠬᠦᠳᠡᠢ ᠯᠦᠭᠡ ᠬᠠᠮᠳᠤ ᠢᠷᠡᠪᠡ᠃ ᠡᠬᠦᠨ ᠠᠴᠠ ᠬᠤᠶᠢᠰᠢ ᠪᠤᠭᠤᠷᠴᠢ ᠴᠢᠩᠭᠢᠰ ᠬᠠᠭᠠᠨ ᠤ ᠲᠡᠷᠬᠡᠳᠡ ᠠᠴᠠ | ᠰᠠᠯᠤᠭᠰᠠᠨ ᠦᠭᠡᠢ᠃ ᠦᠷᠬᠦᠯᠵᠢ ᠬᠠᠷᠢᠯᠴᠠᠨ ᠨᠦᠬᠦᠴᠠᠯᠳᠤᠵᠤ ᠵᠢᠷᠤᠮ ᠨᠢᠬᠡᠳᠡᠢ ᠶᠠᠪᠤᠭᠰᠠᠨ ᠪᠠᠶᠢᠵᠠᠢ᠃ | 1189 ᠣᠨ ᠳᠤ᠂ ᠴᠢᠩᠭᠢᠰ ᠬᠠᠭᠠᠨ ᠠᠩᠬ᠎ᠠ ᠤᠳᠠᠭ᠎ᠠ ᠬᠠᠭᠠᠨ ᠡᠷᠬᠦᠮᠵᠢᠯᠡᠭᠳᠡᠬᠡᠳ᠂ ᠪᠤᠭᠤᠷᠴᠢ ᠶᠢ | ᠬᠡᠰᠢᠭᠳᠡᠨ ᠨᠤᠶᠠᠨ ᠪᠤᠯᠭᠠᠵᠤ᠂ ᠮᠦᠨ ᠲᠡᠬᠦᠨ ᠤ ᠬᠦᠪᠡᠬᠦᠨ ᠦᠬᠡᠯᠡᠨ ᠴᠠᠷᠪᠢ ᠶᠢ ᠬᠤᠷᠴᠢ ᠪᠤᠯᠭᠠᠬᠤ ᠪᠠᠷ ᠵᠠᠷᠯᠢᠭ | ᠪᠤᠯᠪᠠ᠃ ᠲᠡᠷᠡ ᠦᠶ᠎ᠡ ᠳᠤ ᠤᠯᠠᠨ ᠠᠶᠢᠮᠠᠭ ᠤᠳ ᠪᠦᠷᠢᠨ ᠲᠠᠭᠠᠷ᠎ᠠ ᠢᠷᠡᠬᠡᠳᠦᠢ ᠪᠠᠶᠢᠭᠰᠠᠨ ᠲᠤᠯᠠ ᠪᠤᠭᠤᠷᠴᠢ ᠶᠢᠨ | ᠰᠦᠨᠢ ᠶᠢᠨ ᠡᠬᠡᠯᠵᠢ ᠪᠤᠯᠬᠤ ᠪᠦᠷᠢ ᠴᠢᠩᠭᠢᠰ ᠬᠠᠭᠠᠨ ᠰᠠᠨᠠᠭ᠎ᠠ ᠠᠮᠤᠷ ᠨᠤᠶᠢᠷᠰᠤᠬᠤ ᠪᠦᠯᠦᠬᠡ᠃ ᠪᠤᠭᠤᠷᠴᠢ ᠶᠢᠨ | ᠲᠤᠳᠤᠭᠠᠳᠤ ᠡᠬᠡᠯᠵᠢ ᠪᠤᠯᠪᠠᠯ᠂ ᠴᠢᠩᠭᠢᠰ ᠬᠠᠭᠠᠨ ᠲᠡᠬᠦᠨ ᠲᠠᠢ ᠵᠠᠷᠢᠮ ᠳᠠᠭᠠᠨ ᠦᠷ ᠴᠠᠶᠢᠳᠠᠯ᠎ᠠ ᠲᠦᠷᠦ ᠶᠢᠨ ᠬᠡᠷᠡᠭ | ᠢ ᠶᠠᠷᠢᠯᠴᠠᠵᠤ ᠦᠩᠭᠡᠷᠡᠳᠡᠭ ᠪᠠᠶᠢᠯ᠎ᠠ᠃ ᠡᠵᠡᠨ ᠰᠠᠶᠢᠳ ᠤᠨ ᠬᠤᠭᠤᠷᠤᠨᠳᠤ ᠦᠨᠡᠬᠡᠷ ᠵᠢᠭᠠᠰᠤ ᠤᠰᠤ ᠮᠡᠳᠤ | ᠪᠠᠶᠢᠭᠰᠠᠨ ᠠᠵᠢ᠃ ᠪᠤᠭᠤᠷᠴᠢ ᠬᠠᠳᠠᠨ ᠵᠤᠷᠢᠭ ᠲᠠᠢ ᠪᠦᠬᠡᠳ ᠲᠠᠶᠢᠨ ᠪᠠᠶᠢᠯᠳᠤᠭᠠᠨ ᠳᠤ ᠮᠡᠷᠬᠡᠰᠢᠭᠰᠡᠨ᠂ ᠴᠡᠷᠢᠭ ᠤᠨ | ᠡᠷᠳᠡᠮᠳᠡᠨ ᠪᠠᠶᠢᠪᠠ᠃ ᠲᠠᠶᠢᠨ ᠬᠦ ᠪᠤᠭᠤᠷᠴᠢ᠂ ᠪᠤᠷᠤᠬᠤᠯ᠂ ᠮᠤᠬᠤᠯᠠᠢ᠂ ᠴᠢᠯᠠᠭᠤᠨ ᠲᠦᠷᠪᠡ ᠪᠤᠯ ᠴᠢᠩᠭᠢᠰ ᠬᠠᠭᠠᠨ | ᠤ ᠲᠦᠷᠪᠡᠨ ᠬᠦᠯᠦᠭ ᠬᠡᠮᠡᠨ ᠠᠯᠳᠠᠷᠰᠢᠵᠠᠢ᠃ | 1199 ᠣᠨ ᠳᠤ ᠨᠠᠢᠮᠠᠨ ᠯᠤᠭ᠎ᠠ ᠬᠢᠭᠰᠡᠨ ᠲᠠᠶᠢᠨ ᠳᠤ ᠸᠠᠩ ᠬᠠᠨ ᠤ ᠬᠦᠪᠡᠬᠦᠨ ᠨᠢᠯᠬ᠎ᠠ ᠰᠡᠩᠭᠦᠮ ᠬᠢᠬᠡᠳ | ᠲᠠᠬᠦᠨ ᠤᠨ ᠠᠪᠠᠭ᠎ᠠ ᠵᠠᠬ᠎ᠠ ᠬᠠᠮᠪᠤ ᠬᠤᠶᠠᠷ ᠤᠨ ᠴᠡᠷᠢᠭ ᠡᠳᠡᠷ ᠠᠯᠳᠠᠢ ᠪᠠᠯᠴᠢᠭ ︵ᠤᠳᠤᠬᠢ ᠪᠦᠬᠦᠳᠡ ᠨᠠᠶᠢᠷᠠᠮᠳᠠᠬᠤ | ᠮᠤᠩᠭᠤᠯ ᠠᠷᠠᠳ ᠣᠯᠣᠰ ᠲᠠᠬᠢ ᠢᠳᠡᠷ ᠭᠤᠤᠯ ᠴᠢᠯᠠᠭᠤᠳᠤ ᠭᠤᠤᠯ︶ ᠢ ᠦᠩᠭᠡᠷᠡᠬᠦ ᠳᠤ ᠨᠠᠢᠮᠠᠨ ᠤ ᠬᠦᠭᠰᠡᠬᠦᠦ | ᠰᠠᠪᠷᠠᠭ ᠪᠠᠭᠠᠳᠤᠷ ᠲᠡᠳᠡᠨ ᠢ ᠲᠤᠪᠳᠣᠯᠵᠣ ᠢᠯᠠᠭᠠᠳ ᠡᠮ᠎ᠡ ᠬᠦᠪᠡᠬᠦᠳ ᠪᠡ ᠡᠳ᠋ ᠬᠦᠷᠦᠩᠭᠡ᠂ ᠠᠯᠪᠠᠳᠤ ᠢᠷᠬᠡᠳ ᠢ | ᠴᠦᠮ ᠪᠤᠯᠢᠶᠠᠨ ᠠᠪᠠᠴᠢᠭᠰᠠᠨ ᠪᠠᠶᠢᠨ᠎ᠠ᠃ ᠲᠡᠷᠡ ᠦᠶ᠎ᠡ ᠳᠤ ᠪᠤᠭᠤᠷᠴᠢ ᠬᠦᠯᠦᠭ ᠤᠨ ᠴᠤᠯᠠ ᠶᠡᠬᠡᠪᠡᠷ ᠠᠯᠳᠠᠷᠰᠢᠵᠤ | ᠪᠠᠶᠢᠭᠰᠠᠨ ᠲᠤᠯᠠ ᠸᠠᠩ ᠬᠠᠨ ᠴᠢᠩᠭᠢᠰ ᠬᠠᠭᠠᠨ ᠠᠴᠠ ᠲᠤᠰᠠᠯᠠᠮᠵᠢ ᠭᠤᠶᠤᠬᠤ ᠳᠠᠭᠠᠨ ᠪᠤᠭᠤᠷᠴᠢ ᠨᠠᠷ ᠢᠶᠠᠨ | ᠢᠷᠡᠬᠦᠯᠤᠮᠤ ᠬᠡᠮᠡᠨ ᠭᠤᠶᠤᠭᠰᠠᠨ ᠳᠤ ᠴᠢᠩᠭᠢᠰ ᠬᠠᠭᠠᠨ ᠲᠡᠷᠡ ᠶᠤᠰᠤᠭᠠᠷ ᠢᠯᠡᠬᠡᠪᠡ᠃ ᠪᠤᠭᠤᠷᠴᠢ ᠬᠦᠷᠴᠤ ᠢᠷᠡᠬᠦ | ᠶᠢᠨ ᠤᠷᠢᠳ ᠤᠯᠠᠭᠠᠨ ᠬᠤᠳ ︵ᠤᠳᠤᠬᠢ ᠮᠤᠩᠭᠤᠯ ᠤᠯᠤᠰ ᠤᠨ ᠪᠠᠶᠠᠨ ᠦᠯᠦᠬᠡᠢ ᠠᠶᠢᠮᠠᠭ ᠲᠤ ᠪᠤᠢ︶ ᠬᠡᠳᠡᠭ | ᠭᠠᠵᠠᠷ ᠨᠢᠯᠬ᠎ᠠ ᠰᠡᠩᠭᠦᠮ ᠪᠠᠰᠠ ᠨᠠᠢᠮᠠᠨ ᠨᠠᠷ ᠲᠤ ᠢᠯᠡᠬᠳᠠᠵᠤ᠂ ᠵᠡᠷᠯᠢᠭ ᠰᠤᠮᠤ ᠳᠤ ᠮᠤᠷᠢ ᠪᠠᠨ ᠰᠢᠷᠬᠠᠳᠤᠭᠤᠯᠵᠤ᠂ | ᠲᠤᠭᠤᠯᠤᠨ ᠶᠠᠪᠤᠵᠤ ᠪᠠᠷᠢᠬᠳᠠᠬᠤ ᠳᠤ ᠬᠦᠷᠴᠤ ᠪᠠᠶᠢᠳᠠᠯ᠎ᠠ᠂ ᠪᠤᠭᠤᠷᠴᠢ ᠶᠢᠨ ᠲᠤᠰᠠᠯᠠᠬᠤ ᠴᠡᠷᠢᠭ ᠯᠦᠭᠡ | ᠲᠠᠭᠠᠷᠠᠯᠳᠤᠪᠠ᠃ ᠤᠷᠢᠳ ᠪᠤᠭᠤᠷᠴᠢ ᠵᠠᠷᠯᠢᠭ ᠬᠦᠯᠢᠶᠡᠵᠤ ᠲᠤᠰᠠᠯᠠᠷ᠎ᠠ ᠤᠴᠢᠬᠤ ᠦᠶ᠎ᠡ ᠳᠤ᠂ ᠴᠢᠩᠭᠢᠰ ᠬᠠᠭᠠᠨ ᠤ | ︽ᠴᠢᠬᠢ ᠪᠤᠯᠵᠠᠢ︾ ᠬᠡᠮᠡᠬᠦ ᠮᠤᠷᠢ ᠶᠢ ᠤᠨᠤᠵᠤ ᠤᠴᠢᠶ᠎ᠡ ᠬᠡᠰᠡᠨ ᠳᠤ ᠴᠢᠩᠭᠢᠰ ᠬᠠᠭᠠᠨ ᠵᠦᠪᠰᠢᠶᠡᠷᠡᠵᠤ᠄ ︽ | ᠲᠦᠷᠬᠡᠨ ᠲᠠᠪᠬᠢᠶ᠎ᠠ ᠬᠡᠪᠡᠯ ᠮᠤᠷᠢ ᠶᠢ ᠪᠢᠳᠡᠬᠡᠢ ᠲᠠᠰᠢᠭᠤᠷᠳᠠᠳᠤᠭᠠᠢ᠃ ᠲᠠᠰᠢᠭᠤᠷ ᠢᠶᠠᠨ ᠮᠤᠷᠢᠨ ᠤ ᠲᠡᠯ ᠲᠡᠬᠡᠬᠦᠷ | ᠡᠷᠬᠢᠬᠦᠯᠪᠡᠯ ᠪᠤᠯᠴᠢᠬᠠᠨ᠎ᠠ︾ ᠬᠡᠪᠡ᠃ ᠪᠤᠭᠤᠷᠴᠢ ᠸᠠᠩ ᠬᠠᠨ ᠤ ᠲᠡᠷᠭᠡᠳᠡ ᠬᠦᠷᠴᠤ ᠦᠵᠡᠭᠰᠡᠨ ᠳᠤ᠂ ᠨᠢᠯᠬ᠎ᠠ | ᠰᠡᠩᠭᠦᠮ ᠤᠨ ᠮᠤᠷᠢ ᠰᠢᠷᠬᠠᠳᠤᠵᠤ ᠲᠠᠪᠬᠢᠵᠤ ᠴᠢᠳᠠᠬᠤ ᠦᠭᠡᠢ ᠪᠠᠶᠢᠵᠠᠢ᠃ ᠪᠤᠭᠤᠷᠴᠢ ᠤᠨᠤᠭᠰᠠᠨ ᠮᠤᠷᠢ ᠪᠠᠨ | ᠨᠢᠯᠬ᠎ᠠ ᠰᠡᠩᠭᠦᠮ ᠳᠤ ᠦᠭᠴᠤ᠂ ᠦᠪᠡᠷ ᠢᠶᠠᠨ ᠴᠢᠩᠭᠢᠰ ᠬᠠᠭᠠᠨ ᠠᠴᠠ ᠵᠢᠬᠡᠯᠡᠭᠰᠡᠨ ᠮᠤᠷᠢ ᠶᠢ ᠤᠨᠤᠵᠤ ᠲᠠᠪᠬᠢᠬᠤ | ᠪᠠᠷ ᠲᠠᠰᠢᠭᠤᠷᠳᠠᠭᠰᠠᠨ ᠳᠤ ᠮᠤᠷᠢ ᠨᠢ ᠬᠠᠷᠢᠨ ᠤᠭᠳᠤ ᠬᠦᠳᠡᠯᠬᠦ ᠦᠭᠡᠢ ᠪᠠᠶᠢᠯ᠎ᠠ᠃ ᠪᠤᠭᠤᠷᠴᠢ ᠬᠡᠨᠡᠳᠳᠡ ᠴᠢᠩᠭᠢᠰ | ᠬᠠᠭᠠᠨ ᠤ ᠬᠡᠯᠡᠭᠰᠡᠨ ᠦᠭᠡ ᠶᠢ ᠰᠠᠨᠠᠵᠤ ᠤᠯᠤᠭᠠᠳ ᠲᠠᠰᠢᠭᠤᠷ ᠢᠶᠠᠨ ᠲᠡᠯ ᠲᠡᠬᠡᠬᠦᠷ ᠨᠢ ᠡᠷᠬᠢᠬᠦᠯᠦᠭᠰᠡᠨ ᠳᠤ | ᠴᠠᠬᠢᠯᠭᠠᠨ ᠮᠡᠳᠤ ᠲᠦᠷᠬᠡᠨ ᠲᠠᠪᠬᠢᠪᠡ᠃ ᠪᠤᠭᠤᠷᠴᠢ ᠨᠠᠢᠮᠠᠨ ᠨᠠᠷ ᠢ ᠪᠠᠶᠢᠯᠳᠤᠨ ᠢᠯᠠᠭᠠᠳ ᠸᠠᠩ ᠬᠠᠨ ᠤ | ᠪᠤᠯᠢᠶᠠᠭᠳᠠᠭᠰᠠᠨ ᠠᠯᠢᠪᠠ ᠶᠠᠭᠤᠮ᠎ᠠ ᠶᠢ ᠪᠦᠷ ᠪᠤᠴᠠᠭᠠᠨ ᠠᠪᠴᠤ ᠸᠠᠩ ᠬᠠᠨ ᠳᠤ ᠡᠬᠡᠬᠦᠯᠦᠨ ᠦᠭᠪᠡ᠃ ᠸᠠᠩ ᠬᠠᠨ | ᠶᠡᠬᠡᠯ᠎ᠡ ᠪᠠᠶᠠᠷᠯᠡᠵᠤ ᠪᠤᠭᠤᠷᠴᠢ ᠶᠢ ᠢᠷᠡᠬᠦᠯᠬᠦ ᠪᠠᠷ ᠤᠷᠢᠪᠠ᠃ ᠬᠡᠳᠡᠯ᠎ᠡ ᠪᠤᠭᠤᠷᠴᠢ ᠲᠡᠷᠡ ᠦᠶ᠎ᠡ ᠳᠤ ᠨᠢᠬᠡᠨᠳᠡ | ᠰᠠᠭᠠᠷᠢ ᠬᠡᠬᠡᠷ᠎ᠡ ᠳᠤ ᠪᠠᠭᠤᠭᠰᠠᠨ ᠡᠵᠡᠨ ᠤ ᠪᠠᠨ ᠲᠡᠷᠬᠡᠳᠡ ᠪᠤᠴᠠᠵᠤ ᠢᠷᠡᠵᠠᠢ᠃ ᠸᠠᠩ ᠬᠠᠨ ᠤᠷᠢᠭᠰᠠᠨ ᠢ | ᠰᠤᠨᠤᠰᠤᠭᠠᠳ ᠪᠤᠭᠤᠷᠴᠢ ᠰᠠᠭᠠᠳᠠᠭ ᠬᠤᠷᠤᠮᠰᠠᠭ᠎ᠠ ᠠᠭᠰᠠᠭᠰᠠᠨ ᠴᠢᠭ ᠢᠶᠠᠷ ᠢᠶᠠᠨ ᠤᠴᠢᠵᠤ ᠸᠠᠩ ᠬᠠᠨ ᠳᠤ | ᠪᠠᠷᠠᠯᠬᠠᠪᠠ᠃ ᠸᠠᠩ ᠬᠠᠨ ᠲᠡᠬᠦᠨ ᠳᠤ ᠨᠢᠬᠡ ᠵᠠᠬ᠎ᠠ ᠬᠤᠪᠴᠠᠰᠤ᠂ ᠠᠷᠪᠠᠨ ᠠᠯᠳᠠᠨ ᠬᠤᠨᠳᠠᠭ᠎ᠠ ᠱᠠᠩᠨᠠᠪᠠ᠃ | ᠪᠤᠭᠤᠷᠴᠢ ᠪᠡᠯᠡᠭ ᠢ ᠬᠦᠯᠢᠶᠡᠨ ᠠᠪᠴᠤ ᠪᠤᠴᠠᠨ ᠢᠷᠡᠵᠤ ᠴᠢᠩᠭᠢᠰ ᠬᠠᠭᠠᠨ ᠳᠤ ᠡᠷᠬᠦᠨ ᠪᠠᠷᠠᠯᠬᠠᠭᠠᠳ᠂ ᠲᠤᠷ᠎ᠠ ᠪᠠᠷ | ᠢᠶᠠᠨ ᠲᠤᠰᠢᠶᠠᠯ ᠤᠨ ᠪᠠᠶᠢᠷᠢ ᠠᠴᠠ ᠰᠠᠯᠤᠭᠰᠠᠨ ᠶᠠᠯ᠎ᠠ ᠪᠠᠨ ᠬᠦᠯᠢᠶᠡᠭᠰᠡᠨ ᠳᠤ ᠴᠢᠩᠭᠢᠰ ᠬᠠᠭᠠᠨ ᠪᠡᠯᠡᠭ ᠢ ᠬᠡᠪ ᠢᠶᠠᠷ | ᠦᠭᠭᠦᠭᠰᠡᠨ ᠪᠦᠬᠡᠳ ᠡᠰᠡ ᠵᠢᠮᠡᠯᠡᠪᠡ᠃ | 1202 ᠣᠨ ᠳᠤ ᠪᠤᠭᠤᠷᠴᠢ ᠴᠢᠩᠭᠢᠰ ᠬᠠᠭᠠᠨ ᠢ ᠲᠠᠭᠠᠵᠤ ᠲᠠᠲ᠋ᠠᠷ ᠢ ᠲᠠᠶᠢᠯᠠᠷ᠎ᠠ ᠮᠤᠷᠳᠡᠪᠡ᠃ ᠲᠠᠯᠠᠨ | ᠨᠦᠮᠦᠷᠬᠡᠰ ᠬᠡᠳᠡᠭ ᠭᠠᠵᠠᠷ ᠬᠦᠷᠴᠤ ᠲᠠᠲ᠋ᠠᠷ ᠲᠠᠢ ᠪᠠᠶᠢᠯᠳᠤᠬᠤ ᠳᠤ ᠴᠢᠩᠭᠢᠰ ᠬᠠᠭᠠᠨ᠄ ︽ᠠᠶᠤᠨ ᠤᠬᠤᠷᠢᠭᠰᠠᠳ ᠢ | ᠢᠯᠠᠨ᠎ᠠ︾ ᠬᠡᠵᠤ ᠴᠢᠩᠭ᠎ᠠ ᠴᠠᠭᠠᠯᠠᠭᠰᠠᠨ ᠶᠤᠮ᠃ ᠡᠨᠡ ᠦᠶ᠎ᠡ ᠳᠤ ᠪᠤᠭᠤᠷᠴᠢ ᠮᠤᠷᠢᠨ ᠤ ᠨᠢᠷᠤᠭᠤᠨ ᠲᠡᠭᠡᠷ᠎ᠡ | ᠬᠦᠯᠢᠭᠰᠡᠨ ᠮᠡᠳᠤ ᠨᠠᠭᠠᠯᠳᠤᠵᠤ᠂ ᠬᠦᠪᠴᠢ ᠶᠢ ᠬᠦᠢᠴᠡᠳ ᠴᠢᠩᠭᠠᠯᠠᠵᠤ᠂ ᠤᠤᠯ ᠵᠤᠭᠰᠤᠭᠰᠠᠨ ᠭᠠᠵᠠᠷ ᠠᠴᠠ ᠨᠢᠬᠡ | ᠢᠮᠠᠬᠤ ᠴᠦ ᠡᠰᠡ ᠬᠦᠳᠡᠯᠪᠡ᠃ ᠤᠳᠠᠯ ᠦᠭᠡᠢ ᠲᠠᠶᠢᠰᠤᠨ ᠢ ᠢᠯᠠᠵᠤ᠂ ᠵᠦᠰᠡᠷ ᠪᠤᠷᠤᠭᠠᠨ ᠳᠤ ᠤᠴᠠᠷᠠᠪᠠ᠃ | ᠦᠷᠬᠦᠬᠡ ᠪᠠᠭᠤᠴᠠ ᠪᠠᠨ ᠠᠯᠳᠠᠵᠤ᠂ ᠬᠦᠳᠡᠭᠡ ᠬᠡᠬᠡᠷ᠎ᠡ ᠬᠤᠨᠤᠭᠯᠠᠬᠤ ᠪᠠᠷ ᠪᠤᠯᠤᠭᠰᠠᠨ ᠲᠤᠯᠠ ᠪᠤᠭᠤᠷᠴᠢ᠂ | ᠮᠤᠬᠤᠯᠠᠢ ᠬᠤᠶᠠᠭᠤᠯᠠ ᠢᠰᠡᠬᠡᠢ ᠪᠠᠷ ᠴᠢᠩᠬᠢᠰ ᠬᠠᠭᠠᠨ ᠢ ᠬᠠᠯᠬᠠᠵᠤ᠂ ᠬᠦᠯ ᠰᠢᠯᠵᠢᠯ ᠦᠭᠡᠢ ᠰᠦᠨᠢ ᠲᠤᠵᠢ | ᠵᠤᠬᠰᠤᠵᠠᠢ᠃ ᠲᠡᠬᠦᠨ ᠠᠴᠠ ᠬᠤᠶᠢᠨ᠎ᠡ ᠴᠢᠩᠭᠢᠰ ᠬᠠᠭᠠᠨ ᠬᠠᠷ᠎ᠠ ᠬᠠᠯᠵᠠᠨ ᠡᠯᠢᠶᠡᠳᠣ ᠳᠤ ᠸᠠᠩ ᠬᠠᠨ ᠯᠤᠭ᠎ᠠ | ᠶᠡᠬᠡᠯ᠎ᠡ ᠪᠠᠶᠢᠯᠳᠣᠵᠤ᠂ ᠮᠠᠷᠭᠠᠰᠢ ᠨᠢ ᠴᠡᠷᠢᠭ ᠢᠶᠠᠨ ᠪᠦᠷᠢᠳᠬᠡᠭᠰᠡᠨ ᠳᠤ ᠦᠬᠡᠳᠡᠢ᠂ ᠪᠤᠷᠤᠬᠤᠯ᠂ ᠪᠤᠭᠤᠷᠴᠢ | ᠭᠤᠷᠪᠠᠭᠤᠯᠠ ᠪᠠᠶᠢᠬᠤ ᠦᠭᠡᠢ ᠪᠤᠯᠤᠭᠰᠠᠨ ᠠᠵᠢ᠃ ᠴᠡᠷᠢᠭ ᠲᠠᠶᠠᠭᠠᠷᠠ ᠶᠡᠬᠡᠯ᠎ᠡ ᠬᠡᠯᠮᠡᠭᠰᠡᠨ ᠳᠤ ᠴᠢᠩᠭᠢᠰ ᠬᠠᠭᠠᠨ᠄ | ︽ᠲᠡᠳᠡ ᠭᠤᠷᠪᠠᠭᠤᠯᠠ ᠠᠮᠢᠳᠤᠷᠠᠪᠠᠴᠤ᠂ ᠦᠬᠦᠪᠡᠴᠤ ᠰᠠᠯᠤᠯᠴᠠᠬᠤ ᠦᠭᠡᠢ ᠶᠤᠮ︾ ᠬᠡᠪᠡ᠃ ᠲᠡᠷᠡ ᠦᠳᠡᠰᠢ | ᠴᠢᠩᠭᠢᠰ ᠬᠠᠭᠠᠨ ᠴᠡᠷᠢᠭ ᠢᠶᠠᠨ ᠪᠡᠯᠡᠬᠡᠨ ᠪᠠᠶᠢᠯᠭᠠᠵᠤ᠂ ᠮᠠᠷᠭᠠᠰᠢ ᠦᠷᠯᠦᠬᠡ ᠪᠤᠯᠳᠠᠯ᠎ᠠ ᠡᠰᠡ ᠤᠨᠳᠠᠪᠠ᠃ ᠦᠷ | ᠴᠠᠶᠢᠬᠤ ᠦᠶ᠎ᠡ ᠪᠠᠷ ᠠᠯᠤᠰ ᠬᠤᠯᠠ ᠠᠴᠠ ᠨᠢᠬᠡ ᠮᠤᠷᠢᠳᠡᠢ ᠬᠦᠮᠦᠨ ᠠᠶᠢᠰᠦᠢ ᠬᠠᠷᠠᠭᠳᠠᠪᠠ᠂ ᠦᠵᠡᠪᠡᠰᠤ ᠪᠤᠭᠤᠷᠴᠢ | ᠠᠵᠢ᠃ ᠴᠢᠩᠭᠢᠰ ᠬᠠᠭᠠᠨ ᠡᠪᠴᠢᠬᠦᠦ ᠪᠠᠨ ᠲᠠᠯᠡᠳᠴᠤ᠄ ︽ᠠᠶ᠎ᠠ ᠪᠤᠭᠤᠷᠴᠤ ᠮᠢᠨᠢ ᠠᠮᠤᠭᠤᠯᠠᠩ ᠢᠷᠡᠪᠡ᠃ | ᠮᠦᠩᠭᠡ ᠲᠡᠭᠷᠢ ᠨᠠᠮᠠᠢᠢ ᠢᠪᠡᠬᠡᠭᠰᠡᠨ ᠪᠠᠶᠢᠨ᠎ᠠ︾ ᠬᠡᠪᠡ᠃ ᠪᠤᠭᠤᠷᠴᠢ᠄ ︽ᠪᠠᠶᠢᠯᠳᠤᠭᠠᠨ ᠳᠤ ᠮᠢᠨᠤ ᠮᠤᠷᠢ | ᠰᠢᠷᠬᠠᠳᠤᠵᠤ ᠤᠨᠠᠭᠰᠠᠨ ᠲᠤᠯᠠ ᠪᠢ ᠶᠠᠪᠠᠭᠠᠨ ᠬᠦᠶᠦᠵᠤ ᠶᠠᠪᠤᠳᠠᠯ᠎ᠠ᠂ ᠬᠡᠷᠡᠶᠢᠳ ᠤᠨ ᠨᠢᠯᠬ᠎ᠠ ᠰᠡᠩᠭᠦᠮ ᠲᠡᠬᠡᠷ᠎ᠡ | ᠴᠤᠭᠯᠠᠷᠠᠵᠤ ᠪᠠᠶᠢᠬᠤ ᠴᠢᠯᠦᠬᠡ ᠪᠠᠷ ᠠᠴᠢᠶ᠎ᠠ ᠪᠠᠨ ᠬᠦᠭᠯᠡᠬᠦᠯᠦᠭᠰᠡᠨ ᠮᠤᠷᠢ ᠶᠢ ᠤᠯᠵᠤ ᠪᠠᠷᠢᠭᠠᠳ᠂ ᠠᠴᠢᠶ᠎ᠠ ᠶᠢ | ᠤᠭᠳᠤᠯᠤᠨ ᠬᠠᠶᠠᠵᠤ ᠶᠠᠩᠭᠢᠷᠴᠠᠭ ᠲᠡᠬᠡᠷ᠎ᠡ ᠨᠢ ᠤᠨᠤᠭᠠᠳ ᠵᠤᠪᠠᠯᠠᠩ ᠠᠴᠠ ᠬᠡᠯᠳᠦᠷᠢᠵᠤ᠂ ᠦᠪᠡᠷ ᠤᠨ ᠴᠡᠷᠢᠭ ᠤᠨ | ᠮᠦᠷ ᠢ ᠮᠦᠰᠬᠢᠵᠤ ᠶᠠᠪᠤᠭᠰᠠᠭᠠᠷ ᠬᠦᠷᠴᠤ ᠢᠷᠡᠪᠡ︾ ᠬᠡᠵᠠᠢ᠃ ᠡᠨᠡ ᠦᠶ᠎ᠡ ᠳᠤ ᠠᠯᠤᠰ ᠬᠤᠯᠠ ᠠᠴᠠ ᠪᠠᠰᠠ | ᠨᠢᠬᠡᠨ ᠮᠤᠷᠢ ᠲᠠᠢ ᠬᠦᠮᠦᠨ ᠠᠶᠢᠰᠦᠢ ᠬᠠᠷᠠᠭᠳᠠᠪᠠ᠃ ᠣᠶᠢᠷᠠᠳᠤᠵᠤ ᠢᠷᠡᠬᠦ ᠳᠤ ᠦᠵᠡᠭᠰᠡᠨ᠎ᠡ ᠨᠢᠬᠡᠨ ᠬᠦᠮᠦᠨ ᠮᠡᠳᠣ | ᠪᠠᠶᠢᠳᠠᠯ᠎ᠠ᠂ ᠲᠤᠤᠷ᠎ᠠ ᠨᠢ ᠬᠦᠮᠦᠨ ᠤ ᠬᠦᠯ ᠮᠡᠳᠣ ᠶᠠᠭᠤᠮ᠎ᠠ ᠤᠨᠵᠢᠯᠴᠠᠵᠤ ᠪᠠᠶᠢᠯ᠎ᠠ᠃ ᠬᠦᠷᠴᠤ ᠢᠷᠡᠬᠦ ᠳᠤ | ᠦᠵᠡᠭᠰᠡᠨ᠎ᠡ ᠦᠬᠡᠳᠡᠢ ᠶᠢᠨ ᠬᠤᠶᠢᠨ᠎ᠡ ᠪᠤᠷᠤᠬᠤᠯ ᠰᠤᠨᠳᠠᠯᠠᠵᠤ ᠢᠷᠡᠪᠡ᠃ ᠪᠤᠷᠤᠬᠤᠯ ᠤᠨ ᠠᠮᠠᠨ ᠤ ᠵᠠᠪᠵᠢᠨ ᠠᠴᠠ | ᠴᠢᠰᠤ ᠴᠤᠪᠤᠷᠢᠵᠤ ᠪᠠᠶᠢᠯ᠎ᠠ᠃ ᠦᠬᠡᠳᠡᠢ ᠶᠢᠨ ᠬᠦᠵᠦᠬᠦᠦ ᠰᠤᠮᠤᠨ ᠳᠤ ᠰᠢᠷᠬᠠᠳᠣᠭᠰᠠᠨ ᠤ ᠤᠴᠢᠷ ᠪᠢᠯᠡ᠃ | ᠴᠢᠩᠭᠢᠰ ᠬᠠᠭᠠᠨ ᠦᠵᠡᠬᠡᠳ ᠨᠢᠳᠦᠨ ᠠᠴᠠ ᠨᠢᠯᠪᠤᠰᠤ ᠪᠦᠮᠪᠦᠷᠢᠬᠦᠯᠵᠤ ᠲᠡᠷᠣᠢ ᠭᠠᠯ ᠲᠦᠯᠡᠬᠦᠯᠦᠬᠡᠳ ᠦᠬᠡᠳᠡᠢ ᠶᠢᠨ | ᠰᠢᠷᠬ᠎ᠠ ᠶᠢ ᠬᠠᠭᠠᠷᠢᠵᠤ᠂ ᠦᠬᠡᠳᠡᠢ ᠳᠤ ᠤᠮᠳᠠ ᠦᠭᠴᠤ ᠤᠤᠭᠤᠯᠭᠠᠪᠠ᠃ ᠪᠤᠷᠤᠬᠤᠯ᠄ ︽ᠮᠠᠣ ᠦᠨᠳᠦᠷ ᠤᠨ | ᠦᠪᠤᠷ ᠢᠶᠠᠷ ᠤᠯᠠᠭᠠᠨ ᠪᠤᠷᠬᠠᠳ ︵ᠤᠳᠤ ᠮᠤᠩᠭᠤᠯ ᠤᠯᠤᠰ ᠤᠨ ᠬᠠᠯᠬ᠎ᠠ ᠭᠤᠤᠯ ᠤᠨ ᠤᠷᠴᠢᠮ ᠪᠤᠢ︶ ᠠᠴᠠ | ᠴᠢᠨᠠᠭᠰᠢ ᠲᠠᠶᠢᠰᠦᠨ ᠲᠤᠭᠤᠰᠤ ᠰᠤᠭᠤᠨᠤᠭᠯᠠᠵᠤ ᠲᠠᠯᠳᠠ ᠤᠷᠤᠪᠠ︾ ᠬᠡᠵᠠᠢ᠃ ᠲᠡᠨᠳᠡ ᠠᠴᠠ ᠴᠢᠩᠭᠢᠰ ᠬᠠᠭᠠᠨ ᠤ | ᠴᠡᠷᠢᠭ ᠬᠦᠳᠡᠯᠦᠬᠡᠳ ᠤᠯᠬᠤᠢ ᠰᠢᠯᠦᠬᠡᠯᠵᠢᠳ ︵ᠤᠳᠤᠬᠢ ᠦᠪᠦᠷ ᠮᠤᠩᠭᠤᠯ ᠤᠨ ᠵᠡᠬᠦᠨ ᠦᠵᠦᠮᠦᠴᠢᠨ ᠬᠤᠰᠢᠭᠤᠨ | ᠳᠤ ᠪᠤᠢ︶ ᠢ ᠴᠢᠭᠯᠡᠨ ᠶᠠᠪᠤᠵᠤ ᠲᠠᠯᠠᠨ ᠨᠦᠮᠦᠷᠬᠡᠰ ᠲᠤ ᠤᠷᠤᠪᠠ᠃ | 1206 ᠣᠨ ᠳᠤ ᠴᠢᠩᠭᠢᠰ ᠬᠠᠭᠠᠨ ᠬᠤᠶᠠᠳᠠᠬᠢ ᠤᠳᠠᠭ᠎ᠠ ᠶᠡᠭᠡ ᠬᠠᠭᠠᠨ ᠡᠷᠬᠦᠮᠵᠢᠯᠡᠭᠳᠡᠵᠤ᠂ ᠭᠠᠪᠢᠶᠠᠳᠠᠨ | ᠰᠠᠶᠢᠳ ᠢᠶᠠᠨ ᠱᠠᠩᠨᠠᠬᠤ ᠦᠶ᠎ᠡ ᠳᠤ᠂ ᠪᠤᠭᠤᠷᠴᠢ ᠶᠢ ᠪᠠᠷᠠᠭᠤᠨ ᠭᠠᠷᠤᠨ ᠲᠦᠮᠡᠨ ᠤ ᠨᠤᠶᠠᠨ ᠪᠤᠯᠭᠠᠭᠠᠳ᠄ ︽ | ᠨᠠᠰᠤᠨ ᠪᠠᠭ᠎ᠠ ᠶᠢᠨ ᠴᠠᠭ ᠲᠤ ᠨᠠᠢᠮᠠᠨ ᠰᠢᠷᠭ᠎ᠠ ᠪᠠᠨ ᠠᠯᠳᠠᠭᠠᠳ ᠭᠤᠷᠪᠠᠨ ᠬᠤᠨᠤᠭ ᠨᠡᠬᠡᠵᠤ ᠶᠠᠪᠤᠬᠤ ᠵᠠᠮ ᠳᠤ | ᠴᠢᠮ᠎ᠠ ᠲᠠᠢ ᠠᠭᠤᠯᠵᠠᠭᠰᠠᠨ ᠪᠢᠯᠡ᠃ ᠴᠢ ᠡᠴᠢᠬᠡ ᠠᠨᠤ ᠨᠠᠬᠤ ᠪᠠᠶᠠᠨ ᠳᠠᠭᠠᠨ ᠬᠡᠯᠡᠯᠬᠦᠢ᠂ ᠮᠢᠨᠤ ᠨᠦᠬᠦᠷ ᠪᠤᠯᠵᠤ | ᠬᠠᠮᠳᠤ ᠶᠠᠪᠤᠭᠠᠳ ᠠᠯᠳᠠᠭᠰᠠᠨ ᠮᠤᠷᠢ ᠶᠢ ᠤᠯᠪᠠ᠃ ᠴᠢᠨᠤ ᠡᠴᠢᠬᠡ ᠨᠠᠬᠤ ᠪᠠᠶᠠᠨ ᠲᠠᠯᠠᠢ ᠶᠡᠭᠡ ᠬᠦᠷᠦᠩᠭᠡ ᠲᠠᠢ | ᠠᠳᠠᠯ᠎ᠠ ᠭᠠᠭᠴᠠ ᠨᠢᠬᠡ ᠬᠦᠪᠡᠬᠦᠨ ᠢᠶᠠᠨ ᠡᠨᠡᠷᠢᠨ ᠬᠠᠶᠢᠷᠠᠯᠠᠬᠤ ᠶᠢ ᠲᠡᠪᠴᠢᠵᠤ᠂ ᠠᠯᠤᠰ ᠬᠤᠯᠠ ᠴᠢᠮᠠᠢᠢ ᠢᠯᠡᠬᠡᠭᠰᠡᠨ | ᠨᠢ ᠦᠪᠡᠷ ᠢ ᠪᠠᠨ ᠦᠯᠦ ᠬᠠᠶᠢᠬᠤᠷᠤᠨ ᠴᠢᠨᠤ ᠵᠢᠷᠤᠮ ᠢ ᠪᠤᠳᠤᠭᠰᠠᠨ ᠶᠤᠮ᠃ ᠲᠡᠬᠡᠬᠡᠳ ᠴᠢ ᠢᠮᠠᠭᠳᠠ ᠡᠴᠢᠬᠡ | ᠪᠠᠨ ᠤᠷᠬᠢᠵᠤ ᠨᠠᠮᠠᠢᠢ ᠲᠠᠭᠠᠭᠰᠠᠨ ᠪᠢᠯᠡ᠃ ᠬᠤᠵᠢᠮ ᠨᠢ ᠲᠠᠯᠠᠨ ᠨᠦᠮᠦᠷᠬᠡᠰ ᠲᠤ ᠲᠠᠲ᠋ᠠᠷ ᠯᠤᠭ᠎ᠠ ᠲᠤᠯᠤᠯᠳᠤᠵᠤ | ᠬᠤᠨᠤᠬᠤ ᠳᠤ ᠡᠳᠦᠷ ᠰᠦᠨᠢ ᠬᠤᠷ᠎ᠠ ᠵᠦᠰᠡᠷᠡᠨ ᠤᠷᠤᠪᠠ᠃ ᠲᠡᠷᠡ ᠰᠦᠨᠢ ᠨᠠᠮᠠᠢᠢ ᠤᠨᠳᠠᠭᠤᠯᠬᠤ ᠬᠡᠵᠤ ᠮᠢᠨᠤ | ᠲᠡᠬᠡᠷ᠎ᠡ ᠢᠰᠡᠬᠡᠢ ᠨᠦᠮᠦᠷᠬᠡ ᠪᠠᠨ ᠪᠠᠷᠢᠵᠤ ᠰᠦᠨᠢ ᠲᠤᠷᠰᠢ ᠵᠤᠭᠰᠤᠬᠤ ᠳᠠᠭᠠᠨ ᠴᠢ ᠮᠢᠨᠢ ᠦᠷᠦᠬᠡᠰᠦᠨ ᠬᠦᠯ ᠢᠶᠠᠨ | ᠭᠠᠭᠴᠠ ᠴᠦ ᠤᠳᠠᠭ᠎ᠠ ᠰᠤᠯᠢᠵᠤ ᠬᠢᠰᠬᠢᠭᠰᠡᠨ ᠦᠭᠡᠢ ᠶᠤᠮ᠃ ᠬᠦᠯᠦᠭ ᠪᠠᠭᠠᠳᠤᠷ ᠤᠨ ᠰᠢᠨᠵᠢ ᠡᠨᠡ ᠪᠢᠯᠡ᠃ | ᠲᠡᠬᠦᠨ ᠠᠴᠠ ᠪᠤᠰᠤ ᠴᠢᠨᠤ ᠭᠠᠪᠢᠶ᠎ᠠ ᠵᠢᠳᠬᠦᠯ ᠤᠨ ᠠᠯᠢᠨ ᠢ ᠬᠡᠯᠡᠬᠡᠳ ᠪᠠᠷᠠᠬᠤ ᠪᠤᠢ︖ ᠴᠢ ᠪᠠᠰᠠ ᠮᠤᠬᠤᠯᠠᠢ ᠲᠠᠢ | ᠡᠷᠳᠡ ᠤᠷᠤᠢ ᠢᠯᠭᠠᠯ ᠦᠭᠡᠢ ᠮᠢᠨᠤ ᠵᠡᠬᠦᠨ ᠪᠠᠷᠠᠭᠤᠨ ᠵᠢᠬᠦᠷ ᠲᠠᠢ ᠪᠠᠶᠢᠵᠤ᠂ ᠨᠠᠮᠠᠢᠢ ᠬᠦᠮᠦᠨ ᠳᠤ ᠦᠳᠡᠬᠡᠷᠡᠯᠦᠭᠰᠡᠨ | ᠦᠭᠡᠢ ᠲᠡᠭᠷᠢ ᠳᠤ ᠪᠤᠷᠤᠭᠤ ᠦᠵᠡᠬᠦᠯᠦᠰᠡᠨ ᠦᠭᠡᠢ᠂ ᠡᠨᠡ ᠬᠠᠭᠠᠨ ᠰᠠᠭᠤᠷᠢᠨ ᠳᠤ ᠰᠠᠭᠤᠯᠭᠠᠵᠤ᠂ ᠡᠳᠦᠬᠡ ᠤᠮᠠᠷ᠎ᠠ | ᠤᠷᠤᠨ ᠢ ᠲᠤᠭᠳᠠᠭᠠᠪᠠ᠃ ᠡᠳᠡᠬᠡᠷ ᠪᠦᠬᠦᠨ ᠴᠦᠮ ᠲᠠᠨᠠᠷ ᠤᠨ ᠬᠦᠴᠦ ᠪᠤᠯᠠᠢ᠃ ᠪᠢ ᠲᠠᠨ ᠯᠤᠭ᠎ᠠ ᠶᠠᠭ ᠯᠡ | ᠲᠡᠷᠬᠡᠨ ᠤ ᠬᠤᠶᠠᠷ ᠠᠷᠠᠯ᠂ ᠨᠢᠬᠡ ᠪᠡᠶ᠎ᠡ ᠶᠢᠨ ᠬᠤᠶᠠᠷ ᠭᠠᠷ ᠮᠡᠳᠣ᠂ ᠲᠠ ᠨᠠᠷ ᠬᠠᠮᠳᠤ ᠶᠢᠨ ᠰᠠᠨᠠᠭ᠎ᠠ ᠶᠢ | ᠬᠠᠷᠠᠭᠤᠯᠵᠤ ᠢᠮᠠᠭᠳᠠ ᠡᠰᠡ ᠦᠳᠦᠬᠡᠷᠡᠪᠡ᠃ ᠡᠳᠦᠬᠡ ᠪᠢ ᠲᠠᠨ ᠢ ᠪᠦᠬᠦᠳᠡ ᠶᠢᠨ ᠲᠡᠬᠡᠷ᠎ᠡ ᠰᠠᠭᠤᠯᠭᠠᠵᠤ᠂ ᠶᠢᠰᠦᠨ | ᠤᠳᠠᠭ᠎ᠠ ᠤᠰᠤᠯ ᠭᠠᠷᠭᠠᠪᠠᠴᠤ ᠶᠠᠯ᠎ᠠ ᠬᠡᠯᠡᠯᠴᠡᠬᠦ ᠦᠭᠡᠢ ᠪᠤᠯᠭᠠᠶ᠎ᠠ᠃ ᠡᠬᠦᠨ ᠠᠴᠠ ᠬᠤᠶᠢᠰᠢ ᠪᠤᠭᠤᠷᠴᠢ ᠴᠢ | ᠪᠠᠷᠠᠭᠤᠨ ᠭᠠᠷᠤᠨ ᠠᠯᠳᠠᠢ ᠤᠷᠴᠢᠮ ᠤᠨ ᠲᠦᠮᠡᠨ ᠢ ᠮᠡᠳᠡᠵᠤ ᠵᠠᠬᠢᠷᠳᠤᠭᠠᠢ︾ ᠬᠡᠵᠤ ᠵᠠᠷᠯᠢᠭ ᠪᠤᠯᠪᠠ᠃ | ᠪᠤᠭᠤᠷᠴᠢ ᠴᠢᠩᠭᠢᠰ ᠬᠠᠭᠠᠨ ᠢ ᠲᠠᠭᠠᠵᠤ ᠰᠠᠷᠳᠠᠭᠤᠯ ᠤᠯᠤᠰ ᠢ ᠲᠠᠶᠢᠯᠠᠭᠰᠠᠨ ᠪᠦᠬᠡᠳ ᠰᠡᠬᠦᠯᠡᠷ ᠨᠢ ᠪᠠᠰᠠ | ᠲᠠᠩᠭᠤᠳ ᠢ ᠲᠠᠶᠢᠯᠠᠵᠤ᠂ ᠠᠱᠠ ᠬᠠᠮᠪᠤ ᠶᠢ ᠬᠤᠯᠠᠨ ᠠᠭᠤᠯᠠᠨ ︵ᠤᠳᠤᠬᠢ ᠦᠪᠦᠷ ᠮᠤᠩᠭᠤᠯ ᠳᠤ ᠪᠠᠶᠢᠭ᠎ᠠ ᠡᠾᠧ | ᠯᠠᠨ ᠱᠠᠨ ᠠᠭᠤᠯᠠ︶ ᠳᠤ ᠢᠯᠡᠪᠡ᠃ ᠲᠡᠷᠡ ᠲᠤᠬᠠᠢ ᠴᠢᠩᠭᠢᠰ ᠬᠠᠭᠠᠨ᠄ ︽ᠪᠤᠭᠤᠷᠴᠢ ᠪᠠ ᠮᠤᠬᠤᠯᠠᠢ ᠶᠢᠨ | ᠬᠦᠪᠡᠬᠦᠨ ᠪᠤᠯᠤ᠂ ᠤᠯᠤᠭᠰᠠᠨ ᠤᠯᠵᠠ ᠠᠴᠠ ᠴᠢᠳᠠᠯ ᠤᠨ ᠢᠶᠠᠨ ᠬᠢᠷᠢ ᠪᠠᠷ ᠠᠪ︕︾ ᠬᠡᠵᠤ ᠵᠠᠷᠯᠢᠭ ᠪᠤᠯᠪᠠ᠃ | ᠲᠡᠬᠦᠨ ᠤ ᠬᠤᠶᠢᠨ᠎ᠡ ᠴᠢᠩᠭᠢᠰ ᠬᠠᠭᠠᠨ ᠪᠠᠰᠠ ᠲᠡᠷᠡ ᠬᠤᠶᠠᠭᠤᠯᠠ ᠶᠢ ᠲᠠᠭᠤᠳᠠᠵᠤ᠄ ︽ᠤᠷᠢᠳ ᠠᠯᠳᠠᠨ ᠤᠯᠤᠰ ᠢ | ᠢᠯᠠᠭᠠᠳ ᠤᠯᠵᠠᠯᠠᠭᠰᠠᠨ ᠢᠷᠬᠡᠳ ᠠᠴᠠ ᠲᠠ ᠬᠤᠶᠠᠷ ᠲᠤ ᠬᠤᠪᠢᠯᠤᠭᠠ ᠦᠭᠡᠢ ᠪᠢᠯᠡ᠃ ᠡᠳᠦᠬᠡ ᠲᠡᠳᠡᠨ ᠤ | ᠲᠤᠳᠤᠷ᠎ᠠ ᠲᠠᠲ᠋ᠠᠷ ᠨᠠᠷ ᠪᠠᠶᠢᠪᠠᠯ᠃ ᠰᠠᠶᠢᠨ ᠡᠷᠡᠰ ᠢᠶᠠᠷ ᠨᠢ ᠪᠦᠷᠬᠦᠳ ᠱᠤᠩᠬᠤᠷ ᠢᠶᠠᠨ ᠪᠠᠷᠢᠭᠤᠯ᠂ ᠰᠠᠶᠢᠬᠠᠨ | ᠬᠡᠦᠬᠡᠨ ᠢᠶᠠᠷ ᠨᠢ ᠡᠬᠡᠨᠡᠷ ᠬᠡᠦᠬᠡᠳ ᠢᠶᠠᠨ ᠠᠰᠠᠷᠠᠭᠤᠯ᠃ ᠦᠩᠭᠡᠷᠡᠭᠰᠡᠨ ᠳᠤ ᠠᠯᠳᠠᠨ ᠤᠯᠤᠰ ᠤᠨ ᠡᠵᠡᠨ ᠲᠡᠳᠡᠨ ᠢ | ᠲᠤᠳᠤᠨᠤᠴᠢᠯᠠᠨ ᠵᠡᠬᠦᠨ ᠪᠠᠷᠠᠭᠤᠨ ᠭᠠᠷ ᠢᠶᠠᠨ ᠪᠤᠯᠭᠠᠵᠤ᠂ ᠮᠢᠨᠤ ᠲᠡᠬᠡᠳᠦᠰ ᠢ ᠠᠯᠠᠵᠤ ᠪᠠᠶᠢᠪᠠ᠃ ᠤᠳᠤ ᠲᠠ | ᠬᠤᠶᠠᠷ ᠮᠢᠨᠤ ᠬᠤᠤᠰ ᠦᠭᠡᠢ ᠰᠢᠳᠠᠷ ᠲᠦᠰᠢᠮᠡᠯ ᠪᠤᠯᠬᠤ ᠲᠤᠯᠠ᠂ ᠲᠡᠳᠡ ᠨᠠᠷ ᠢ ᠪᠤᠭᠤᠯ ᠵᠠᠷᠤᠳᠠᠰᠤ ᠪᠠᠨ ᠪᠤᠯᠭᠠᠵᠤ | ᠦᠢᠯᠡᠴᠢᠯᠡᠬᠦᠯ︕︾ ᠬᠡᠵᠠᠢ᠃ | ᠴᠢᠩᠭᠢᠰ ᠬᠠᠭᠠᠨ ᠬᠠᠷ᠎ᠠ ᠬᠢᠳᠠᠨ ᠤ ᠭᠠᠵᠠᠷ ᠢ ᠴᠠᠭᠠᠳᠠᠢ ᠳᠤ ᠦᠮᠴᠢᠯᠡᠬᠦᠯᠦᠨ ᠦᠭᠭᠦᠭᠡᠳ ᠦᠳᠡᠨ ᠮᠤᠷᠳᠠᠭᠤᠯᠬᠤ | ᠦᠶ᠎ᠡ ᠳᠤ᠄ ︽ᠪᠤᠭᠤᠷᠴᠢ ᠠᠴᠠ ᠰᠤᠷᠭᠠᠯ ᠬᠦᠷᠳᠡᠬᠡᠳ ᠶᠠᠪᠤᠭᠳᠣᠨ︕︾ ᠬᠡᠵᠤ ᠵᠠᠷᠯᠢᠭ ᠪᠤᠯᠪᠠ᠃ ᠡᠬᠦᠨ ᠳᠤ | ᠪᠤᠭᠤᠷᠴᠢ᠄ ︽ᠬᠦᠮᠦᠨ ᠲᠦᠷᠦᠯᠬᠢᠳᠡᠨ ᠠᠮᠢᠳᠤᠷᠠᠨ ᠲᠦᠯᠵᠢᠬᠦ ᠳᠡᠭᠡᠨ ᠡᠷᠬᠡᠪᠰᠢ ᠰᠠᠶᠢᠨ ᠭᠠᠵᠠᠷ ᠢ ᠤᠯᠬᠤ ᠬᠡᠷᠡᠭᠳᠡᠢ | ᠃ ᠤᠴᠠᠷᠠᠭᠰᠠᠨ ᠡᠯ᠎ᠡ ᠭᠠᠵᠠᠷ ᠲᠤ ᠠᠯᠭᠠᠰᠠᠨ ᠬᠤᠷᠭᠤᠳᠤᠵᠤ ᠦᠯᠦ ᠪᠤᠯᠤᠨ᠎ᠠ︾ ᠬᠡᠵᠤ ᠰᠤᠷᠭᠠᠪᠠ᠃ ᠴᠢᠩᠭᠢᠰ | ᠬᠠᠭᠠᠨ ᠡᠨᠡ ᠬᠦ ᠦᠬᠡ ᠶᠢ ᠰᠤᠨᠤᠰᠤᠭᠠᠳ ᠴᠠᠭᠠᠳᠠᠢ ᠳᠤ᠄ ︽ᠪᠢ ᠦᠪᠡᠷ ᠢᠶᠠᠨ ᠰᠤᠷᠭᠠᠪᠠᠴᠤ᠂ ᠪᠤᠭᠤᠷᠴᠢ ᠶᠢᠨ | ᠰᠤᠷᠭᠠᠭᠰᠠᠨ ᠠᠴᠠ ᠬᠡᠳᠦᠷᠡᠬᠦ ᠪᠠᠷ ᠦᠭᠡᠢ︾ ᠬᠡᠵᠠᠢ᠃ ᠪᠤᠭᠤᠷᠴᠢ ᠨᠠᠰᠤ ᠠᠬᠢᠵᠤ ᠬᠦᠭᠰᠢᠷᠡᠳᠡᠯᠡ ᠪᠠᠨ ᠴᠢᠩᠭᠢᠰ | ᠬᠠᠭᠠᠨ ᠢ ᠲᠠᠭᠠᠵᠤ᠂ ᠲᠠᠩᠭᠤᠳ ᠤᠯᠤᠰ ᠢ ᠲᠠᠶᠢᠯᠠᠵᠤ ᠶᠠᠪᠤᠬᠤ ᠳᠠᠭᠠᠨ ᠨᠠᠰᠤ ᠪᠠᠷᠠᠵᠠᠢ᠃ | ︽ᠶᠤᠸᠠᠨ ᠤᠯᠤᠰ ᠤᠨ ᠰᠤᠳᠤᠷ︾ ᠲᠤ᠄ ︽ᠪᠤᠭᠤᠷᠴᠢ ᠨᠠᠰᠤᠨ ᠲᠤᠷᠰᠢ ᠴᠢᠩᠭᠢᠰ ᠬᠠᠭᠠᠨ ᠤ ᠬᠡᠰᠢᠭᠳᠡᠨ | ᠴᠡᠷᠢᠭ ᠢ ᠵᠠᠬᠢᠷᠴᠤ᠂ ᠭᠠᠭᠴᠠ ᠪᠡᠶ᠎ᠡ ᠪᠠᠷ ᠴᠡᠷᠢᠭ ᠵᠠᠬᠢᠷᠤᠨ ᠭᠠᠳᠠᠭᠰᠢ ᠲᠠᠶᠢᠯᠠᠵᠤ ᠦᠩᠭᠡᠷᠡᠭᠰᠡᠨ ᠦᠭᠡᠢ᠂ ᠡᠶᠢᠮᠤ | ᠠᠴᠠ ᠲᠡᠷᠡ ᠨᠢᠬᠡ ᠡᠳᠡᠬᠡᠳ ᠢ ᠲᠠᠭᠠᠭᠠᠴᠢᠯᠠᠭᠰᠠᠨ ᠭᠠᠪᠢᠶ᠎ᠠ ᠬᠡᠵᠤ ᠦᠭᠡᠢ᠃ ᠬᠡᠪᠡᠴᠤ ᠴᠢᠩᠭᠢᠰ ᠬᠠᠭᠠᠨ ᠤ ᠲᠤᠰ | ᠪᠡᠶ᠎ᠡ ᠴᠡᠷᠢᠭ ᠠᠪᠴᠤ ᠬᠦᠷᠦᠭᠰᠡᠨ ᠭᠠᠵᠠᠷ ᠪᠦᠬᠦᠨ ᠳᠤ ᠲᠡᠷᠡ ᠰᠠᠯᠤᠯ ᠦᠭᠡᠢ ᠲᠠᠭᠠᠵᠤ᠂ ᠬᠡᠳᠦᠢ ᠵᠦᠳᠡᠪᠡᠴᠤ ᠶᠠᠷᠤ | ᠬᠡᠮᠰᠢᠬᠦ ᠦᠭᠡᠢ᠂ ᠬᠡᠳᠦᠢ ᠶᠡᠭᠡ ᠭᠠᠪᠢᠶ᠎ᠠ ᠪᠠᠶᠢᠭᠤᠯᠪᠠᠴᠤ ᠶᠡᠷᠤ ᠤᠮᠤᠷᠬᠠᠳᠠᠭ ᠦᠭᠡᠢ᠃ ᠴᠢᠩᠭᠢᠰ ᠬᠠᠭᠠᠨ ᠤᠯᠠᠨᠳᠠ | ᠡᠷᠡᠬᠡᠢ ᠭᠠᠷᠭᠠᠵᠤ ᠮᠠᠭᠳᠠᠨ ᠰᠠᠶᠢᠰᠢᠶᠡᠪᠡ︾ ᠬᠡᠵᠤ ᠲᠡᠮᠳᠡᠭᠯᠡᠭᠰᠡᠨ ᠪᠠᠶᠢᠵᠠᠢ᠃ | | ︵ᠨᠠ᠊ · ᠠᠯᠳᠠᠨᠱᠠ ᠶᠢᠨ ︽ᠮᠤᠩᠭᠤᠯᠴᠤᠳ ᠤᠨ ᠦᠴᠦᠬᠡᠳᠦᠷ ᠤᠨ ᠮᠦᠷ︾ ᠬᠡᠬᠦ ᠨᠤᠮ ᠠᠴᠠ | ᠰᠡᠶᠢᠷᠡᠬᠦᠯᠪᠡ︶ | | |