ᠠᠪᠠᠢ ᠬᠠᠳᠤᠨ
ᠨᠡᠶᠢᠲᠡᠯᠡᠭᠰᠡᠨ ᠴᠠᠭ᠄
2018/1/30
       ᠠᠪᠠᠢ ᠬᠠᠳᠤᠨ ᠪᠤᠯ ᠲᠦᠷᠪᠠᠨ ᠦᠢᠷᠠᠳ ᠤᠨ ᠲᠠᠤᠭᠡᠨ ᠲᠠᠭᠡᠷ᠎ᠠ ᠨᠠᠷ᠎ᠠ ᠠᠯᠳᠠᠷ ᠲᠠᠢ᠂ ᠰᠤᠳᠤ ᠮᠠᠷᠭᠡᠨ  ᠪᠤᠳᠤᠯᠭ᠎ᠠ ᠤᠬᠠᠭᠠᠨ ᠲᠠᠢ᠂ ᠡᠷᠡᠰ ᠰᠢᠭᠤᠷᠬᠠᠢ ᠵᠡᠩ ᠵᠤᠷᠢᠭ ᠲᠠᠢ ᠪᠦᠰᠡᠭᠦᠢ ᠶᠤᠮ᠃ ᠦᠢᠷᠠᠳᠴᠤᠳ ᠤᠨ ᠪᠠᠭ᠋ᠠᠷᠬᠠᠯ  ᠪᠤᠯᠤᠭᠰᠠᠨ ︽ᠲᠠᠪᠤᠨ ᠪᠠᠷᠰ︾ ᠭᠡᠮᠡᠭᠳᠡᠭᠰᠡᠨ ᠲᠠᠪᠤᠨ ᠭᠡᠤᠭᠡᠳ ᠲᠠᠢ᠃ ᠲᠠᠪᠤᠨ ᠭᠡᠤᠭᠡᠳ ᠢᠶᠠᠨ ᠦᠢᠷᠠᠳ  ᠡᠷᠡᠴᠤᠳ ᠲᠤ ᠯᠠ ᠪᠠᠶᠢᠳᠠᠭ ᠬᠠᠳᠠᠭᠤ ᠰᠢᠨᠳᠠᠰᠤ ᠲᠠᠢ ᠦᠰᠭᠡᠨ᠂ ᠦᠢᠷᠠᠳ ᠡᠷᠡᠴᠤᠳ ᠲᠤ ᠯᠠ ᠪᠠᠶᠢᠳᠠᠭ ᠴᠠᠴᠠᠨ  ᠤᠬᠠᠭᠠᠨ ᠲᠠᠢ ᠭᠦᠮᠤᠵᠢᠭᠦᠯᠦᠭᠰᠡᠨ ᠬᠠᠳᠤᠨ ᠪᠠᠭᠠᠳᠤᠷ ᠡᠭᠡ ᠪᠢᠯᠠ᠃     ᠠᠪᠠᠢ ᠬᠠᠳᠤᠨ ᠴᠤᠷᠤᠰ ᠠᠶᠢᠮᠠᠭ ᠤᠨ ᠰᠤᠷᠪᠤᠯᠵᠢᠳᠤ ᠭᠡᠷ ᠤᠨ ᠦᠭᠢᠨ ᠶᠤᠮ᠃ ᠶᠠᠳᠠᠷ ᠴᠢᠩᠰᠠᠩ ᠤᠨ  ᠬᠠᠳᠤᠨ ᠪᠠᠶᠢᠪᠠ᠃ ᠶᠡᠳᠠᠷ ᠴᠢᠩᠰᠠᠩ ᠦᠡᠭᠭᠡᠷᠡᠭᠰᠡᠨ ᠤ ᠲᠠᠷᠠᠭ᠎ᠠ ᠦᠶ᠎ᠠ ᠲᠠᠭᠦᠤ ᠬᠠᠨᠢ ᠨᠤᠶᠠᠨ ᠬᠤᠨᠭ᠍ᠭᠤᠷ ᠲᠠᠢ  ᠵᠠᠯᠭᠠᠨ ᠰᠠᠭᠤᠵᠤ ᠲᠠᠪᠤᠨ ᠭᠦᠪᠡᠭᠦᠨ ᠲᠦᠷᠦᠪᠠ᠃ ᠠᠪᠠᠢ ᠬᠠᠳᠤᠨ ᠤ ᠬᠦᠪᠡᠭᠦᠨ ᠪᠠᠶᠢᠪᠠᠭᠠᠰ᠂ ᠲᠦᠮᠠᠨᠳᠠᠢ  ᠦᠢᠵᠠᠩ᠂ ᠭᠦᠨᠳᠠᠯᠠᠨ ᠲᠦᠷᠭᠡᠴᠢ ᠤᠪᠰᠢ᠂ ᠲᠦᠷᠤᠪᠠᠶᠢᠬᠤ ᠭᠦᠤᠰᠢ ᠬᠠᠭᠠᠨ᠂ ᠵᠠᠰᠠᠭᠳᠤ ᠴᠢᠩ ᠪᠠᠭᠠᠳᠤᠷ᠂  ᠪᠤᠶᠠᠨ ᠬᠠᠳᠠᠨ ᠪᠠᠭᠠᠳᠤᠷ ︵ᠪᠠᠰᠠ ᠪᠤᠶᠠᠨ ᠤᠳᠬᠠᠨ ᠭᠡᠳᠡᠭ︶ ᠭᠡᠭᠦ ᠲᠠᠪᠤᠭᠤᠯᠠ ᠶᠢ ᠲᠠᠤᠭᠡᠨ ᠳᠤ ᠪᠠᠰᠠ ︽ᠲᠠᠪᠤᠨ  ᠪᠠᠷᠰ︾ ᠭᠡᠳᠡᠭ᠃ ᠬᠤᠶᠠᠷ ᠨᠤᠶᠠᠨ ᠬᠤᠨᠭ᠍ᠭᠤᠷ ᠲᠠᠶᠢᠨ ᠳᠤ ᠡ᠊ᠨᠳᠡᠭᠦ ᠦᠶᠡᠰ ᠲᠠᠭᠦᠨ ᠤ ᠭᠦᠪᠡᠭᠦᠳ ᠨᠢ ᠬᠠᠷᠠᠬᠠᠨ  ᠪᠠᠭ᠎ᠠ ᠪᠠᠯᠴᠢᠷ ᠪᠠᠶᠢᠵᠠᠢ᠃ ᠡᠶᠢᠮᠤ ᠠᠴᠠ ᠦᠢᠷᠠᠳ ᠤᠨ ᠢᠵᠠᠭᠤᠷᠳᠠᠳ ᠬᠠᠨᠢ ᠨᠤᠶᠠᠨ ᠬᠤᠨᠭ᠍ᠭᠤᠷ ᠤᠨ ᠪᠠᠭᠠᠳᠤᠷ  ᠰᠦᠷ ᠢ ᠭᠦᠨᠳᠤᠳᠭᠡᠨ ᠳᠤᠷᠠᠰᠬᠠᠵᠤ᠂ ᠲᠠᠭᠦᠨ ᠤ ᠬᠠᠳᠤᠨ ᠠᠪᠠᠢ ᠶᠢ ᠵᠤᠷᠢᠭ ᠤᠬᠠᠭᠠᠨ ᠤ ᠳᠤᠳᠤᠭᠠᠳᠤ ᠲᠠᠮᠢᠷᠯᠢᠭ  ᠪᠦᠰᠡᠭᠦᠢ ᠭᠡᠮᠡᠨ ᠢᠳᠡᠭᠡᠨ ᠨᠠᠶᠢᠳᠠᠵᠤ᠂ ᠪᠠᠶᠢᠪᠠᠭᠠᠰ ᠢ ᠡᠷ᠎ᠠ ᠶᠢᠨ ᠵᠡᠷᠭᠡ ᠳᠤ ᠭᠦᠷᠳᠡᠯ᠎ᠠ ᠬᠤᠱᠤᠳ ᠠᠶᠢᠮᠠᠭ ᠢ  ᠵᠠᠰᠠᠭᠯᠠᠨ᠂ ᠦᠢᠷᠠᠳ ᠤᠨ ᠴᠢᠭᠤᠯᠭᠠᠨ ᠤ ᠡᠷᠭᠡ ᠶᠢ ᠠᠳᠬᠤᠭᠤᠯᠵᠤ ᠪᠠᠶᠢᠭᠰᠠᠨ ᠰᠠᠨ᠃ 1608 ᠤᠨ ᠳᠤ  ᠬᠠᠯᠬ᠎ᠠ ᠶᠢᠨ ᠯᠠᠶᠢᠬᠤᠷ ᠬᠠᠨ ᠤ ᠦᠶ᠎ᠠ ᠲᠠᠭᠦᠤ ᠬᠤᠳᠤᠭᠤᠢᠢᠳ ᠤᠨ ᠤᠷᠤ ᠡᠵᠡᠯᠡᠵᠤ ᠪᠠᠶᠢᠭᠰᠠᠨ ᠱᠤᠯᠤᠢ ᠤᠪᠰᠢ  ᠬᠤᠨᠭ᠌ ᠲᠠᠶᠢᠵᠢ ᠭᠡᠭᠴᠢ ᠬᠠᠰᠠᠭ ᠤᠨ ᠬᠠᠨ ᠲᠠᠢ ᠬᠤᠯᠪᠤᠭᠠᠯᠠᠨ᠂ ᠦᠢᠷᠠᠳ ᠢ ᠬᠠᠷᠢᠶᠠᠳᠤ ᠠᠯᠪᠠᠳᠤ ᠪᠤᠯᠭᠠᠬᠤ  ᠵᠤᠷᠢᠯᠭ᠎ᠠ ᠠᠴᠠ ᠪᠠᠷᠠᠭᠤᠨ ᠵᠠᠭᠦᠨ ᠡᠮᠤᠨ᠎ᠠ ᠬᠤᠶᠠᠷ ᠲᠠᠯ᠎ᠠ ᠠᠴᠠ ᠬᠠᠪᠴᠢᠨ ᠳᠤᠪᠳᠤᠯᠠᠵᠠᠢ᠃ ᠡᠨᠡ ᠭᠦ ᠲᠠᠶᠢᠨ ᠮᠠᠰᠢ  ᠪᠠᠴᠢᠮ ᠳᠤᠯᠭᠠᠮ᠎ᠠ᠂ ᠨᠠᠯᠢᠶᠠᠳ ᠪᠠᠯᠠᠳᠭᠡᠯ ᠲᠠᠭᠦᠰ ᠨᠦᠷᠢᠵᠤ ᠢᠷᠡᠭᠰᠡᠨ ᠭᠡᠳᠡᠭ ᠨᠢ ᠦᠵᠡᠳᠡᠯ᠎ᠠ ᠢᠯᠠᠷᠭᠡᠢ᠃ ᠠᠪᠠᠢ  ᠬᠠᠳᠤᠨ ᠦᠪᠠᠷ ᠤᠨ ᠪᠠᠶ᠎ᠠ ᠪᠠᠷ ᠲᠠᠶᠢᠨ ᠵᠢᠯᠤᠭᠤᠳᠴᠤ ᠪᠠᠭᠠᠳᠤᠷᠯᠠᠪᠠ᠃ ᠠᠪᠠᠢ ᠬᠠᠳᠤᠨ ᠡᠷᠴᠢᠰ ᠮᠦᠷᠡᠨ ᠤ  ᠪᠠᠷᠠᠭᠤᠨ ᠡᠷᠭᠢ ᠶᠢᠨ ᠬᠤᠱᠤᠳ ᠳᠤᠷᠭᠤᠳ ᠠᠶᠢᠮᠠᠭ ᠢ ᠵᠢᠯᠤᠭᠤᠳᠤᠨ ᠬᠠᠰᠠᠭ ᠤᠨ ᠤᠯᠠᠨ ᠢ ᠪᠤᠳᠠ ᠴᠤᠭᠢᠭᠠᠳ  ᠡᠪᠢ ᠭᠤᠤᠯ ᠤᠨ ᠲᠠᠭᠡᠳᠤ ᠤᠷᠤᠰᠬᠠᠯ ᠤᠨ ᠴᠤᠷᠤᠰ ᠬᠤᠶᠢᠳ ᠠᠶᠢᠮᠠᠭ ᠢ ᠵᠢᠯᠤᠭᠤᠳᠤᠨ ᠬᠠᠯᠬ᠎ᠠ ᠶᠢᠨ ᠱᠤᠯᠤᠢ  ᠤᠪᠰᠢ ᠬᠤᠨᠭ᠌ ᠲᠠᠶᠢᠵᠢ ᠶᠢᠨ ᠳᠤᠪᠳᠤᠯᠤᠯᠳᠠ ᠶᠢ ᠪᠤᠳᠠ ᠨᠢᠷᠭᠡᠪᠡ᠃ ᠲᠠᠶᠢᠨ ᠪᠠᠶᠢᠯᠳᠤᠭᠠᠨ ᠤ ᠠᠷᠭ᠎ᠠ ᠠᠪᠳᠠᠯ ᠠᠴᠠ  ᠠᠪᠠᠢ ᠬᠠᠳᠤᠨ ᠤ ᠠᠷᠤᠤᠬᠠᠨ ᠪᠠᠭᠠᠳᠤᠷᠯᠢᠭ ᠠᠷᠭ᠎ᠠ ᠪᠤᠳᠤᠯ᠂ ᠠᠤᠭ᠎ᠠ ᠭᠦᠴᠤᠳᠤ ᠡᠷᠭᠡ ᠮᠠᠳᠠᠯ ᠢ ᠠᠨᠳᠠᠯ ᠦᠭᠡᠢ  ᠰᠠᠶᠢᠬᠠᠨ ᠦᠵᠡᠵᠤ ᠭᠠᠷᠬᠤ ᠶᠤᠮᠰᠠᠨ᠃    1611 ᠤᠨ ᠳᠤ ᠠᠪᠠᠢ ᠬᠠᠳᠤᠨ ᠴᠢᠭᠤᠯᠭᠠᠨ ᠲᠠᠷᠤᠭ᠎ᠠ ᠶᠢᠨ ᠳᠤᠰᠢᠶᠠᠯ ᠢᠶᠠᠨ ᠪᠠᠶᠢᠪᠠᠭᠠᠰ ᠲᠤ ᠵᠦᠢ  ᠶᠤᠰᠤ ᠪᠠᠷ ᠰᠢᠯᠵᠢᠭᠦᠯᠦᠨ ᠦᠭᠴᠠᠢ᠃ ᠪᠠᠶᠢᠪᠠᠭᠠᠰ ᠪᠠᠶ᠎ᠠ ᠦᠷᠡᠭᠳᠡᠭᠰᠡᠨ ᠤ ᠲᠠᠷᠠᠭ᠎ᠠ ᠲᠠᠭᠦᠨ ᠤ ᠲᠠᠭᠦᠤ  ᠲᠦᠷᠤᠪᠠᠶᠢᠬᠤ ᠭᠦᠤᠰᠢ ᠲᠦᠷᠪᠠᠨ ᠦᠢᠷᠠᠳ ᠤᠨ ᠴᠢᠭᠤᠯᠭᠠᠨ ᠤ ᠲᠠᠷᠤᠭ᠎ᠠ ᠪᠤᠯᠪᠠ᠃    ᠲᠦᠷᠤᠪᠠᠶᠢᠬᠤ ᠪᠤᠯ ᠠᠪᠠᠢ ᠬᠠᠳᠤᠨ ᠤ ᠭᠤᠷᠪᠠᠳᠤᠭᠠᠷ ᠭᠦᠪᠡᠭᠦᠨ᠃ ᠨᠢᠭᠡᠨ ᠭᠠᠷᠮᠠᠭᠠᠢ ᠤᠯᠤᠰ ᠲᠦᠷᠦᠴᠢᠨ᠃  ᠡᠪ ᠨᠠᠶᠢᠷ ᠢ ᠡᠷᠭᠢᠮᠯᠡᠳᠡᠭ ᠠᠯᠤᠰ ᠤᠨ ᠪᠤᠳᠤᠯᠭ᠎ᠠ ᠲᠠᠢ ᠮᠦᠷᠳᠡᠭᠡᠨ ᠵᠤᠷᠢᠭᠳᠤ ᠪᠠᠭᠠᠳᠤᠷᠯᠢᠭ ᠡᠷ᠎ᠠ ᠶᠤᠮ᠃ ᠲᠦᠷᠪᠠᠨ  ᠦᠢᠷᠠᠳ ᠤᠨ ᠭᠦᠴᠤᠷᠭᠡᠭᠵᠢᠨ ᠮᠠᠨᠳᠤᠬᠤ ᠪᠠ ᠵᠦᠡᠭᠭᠠᠷ ᠬᠠᠭᠠᠨᠳᠤ ᠤᠯᠤᠰ ᠪᠠᠶᠢᠭᠤᠯᠤᠭᠳᠠᠬᠤ ᠳᠤ ᠰᠠᠭᠤᠷᠢ ᠶᠢ ᠨᠢ  ᠲᠠᠯᠪᠢᠭᠰᠠᠨ ᠭᠦᠮᠦᠨ ᠶᠤᠮ᠃ 1636 ᠤᠨ ᠳᠤ ᠪᠦᠭᠦ ᠭᠦᠭᠡᠨᠠᠭᠤᠷ ᠢ ᠡᠵᠡᠮᠰᠢᠯ ᠳᠤ ᠪᠠᠨ ᠤᠷᠤᠭᠤᠯᠵᠤ᠂ 1642  ᠤᠨ ᠳᠤ ᠲᠦᠪᠡᠳ ᠤᠨ ᠦᠨᠳᠦᠷᠯᠢᠭ ᠢ ᠡᠷᠭᠡᠰᠢᠶᠠᠨ ᠯᠾᠠᠰᠠ ᠳᠤ ᠬᠤᠱᠤᠳ ᠬᠠᠭᠠᠨ ᠤ ᠤᠷᠳᠤᠨ ᠢᠶᠠᠨ ᠪᠠᠶᠢᠭᠤᠯᠵᠠᠢ  ᠃ 1643 ᠤᠨ ᠳᠤ ᠲᠦᠷᠤᠪᠠᠶᠢᠬᠤ ᠭᠦᠤᠰᠢ ᠪᠦᠭᠦ ᠭᠦᠭᠡᠨᠠᠭᠤᠷ ᠲᠦᠪᠡᠳ ᠢ ᠬᠠᠮᠤᠷᠤᠭᠰᠠᠨ ᠬᠠᠭᠠᠨ ᠰᠠᠭᠤᠭᠠᠳ  60 ᠭᠠᠷᠤᠢ ᠵᠢᠯ ᠨᠤᠶᠠᠷᠬᠠᠭᠰᠠᠨ ᠪᠠᠶᠢᠯ᠎ᠠ᠃ ᠠᠪᠠᠢ ᠬᠠᠳᠤᠨ ᠤ ᠪᠢᠯᠢᠭ ᠤᠶᠤᠨ ᠳᠤ ᠲᠠᠪᠤᠨ ᠭᠦᠪᠡᠭᠦᠳ ᠨᠢ ᠲᠠᠪᠤᠨ  ᠪᠠᠷᠰ ᠪᠤᠯᠵᠤ ᠭᠦᠮᠤᠵᠢᠭᠳᠡᠪᠡ᠃  
 
ᠢᠷᠡᠯᠲᠡ᠄ ᠣᠷᠳᠣᠰ ᠮᠣᠩᠭᠣᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号