ᠵᠣᠬᠢᠶᠠᠭᠴᠢ᠄ ᠲᠤᠷᠵᠢᠰᠠᠩᠪᠦ | | ᠲᠠᠮᠤᠤ᠂ ᠪᠤᠷᠵᠢᠬᠢᠨ ᠤᠪᠤᠭ ᠲᠠᠢ᠂ 1903 ᠤᠨ ᠤ ᠬᠠᠷᠠᠭᠴᠢᠨ ᠲᠠᠤᠯᠠᠢ ᠵᠢᠯ ᠪᠠᠭᠠᠷᠢᠨ ᠪᠠᠷᠠᠭᠤᠨ | ᠬᠤᠰᠢᠭᠤᠨ ᠤ ᠶᠡᠭᠡ ᠪᠠᠶᠢᠰᠢᠩ ᠳᠤ ᠲᠦᠷᠤᠵᠡᠢ᠃ | ᠲᠠᠮᠤᠤ ᠪᠠᠷᠤᠭ 8 — 9 ᠨᠠᠰᠤᠨ ᠠᠴᠠ ᠪᠠᠨ ᠡᠬᠢᠯᠡᠵᠤ ᠶᠡᠭᠡ ᠪᠠᠶᠢᠰᠢᠩ ᠤᠨ ᠬᠠᠭᠤᠷᠮᠠᠭ ᠮᠠᠨᠵᠤ | ᠤᠯᠤᠰ ᠤᠨ ᠦᠶ᠎ᠡ ᠶᠢᠨ ᠰᠠᠯᠠᠭᠠᠨ ᠲᠠᠷᠤᠭ᠎ᠠ ᠪᠤᠶᠠᠨᠳᠤ ᠶᠢᠨ ᠠᠪᠠᠭ᠎ᠠ ᠪᠤᠯᠬᠤ ᠪᠤᠷᠬᠠᠨ ᠵᠢᠷᠤᠳᠠᠭ ᠤᠷᠠᠨ | ᠵᠢᠷᠤᠭᠴᠢᠨ ᠳᠤ ᠱᠠᠪᠢ ᠪᠤᠯᠵᠤ ᠲᠠᠬᠦᠨ ᠠᠴᠠ ᠪᠤᠷᠬᠠᠨ ᠪᠦᠳᠤᠭᠡᠬᠦ ᠤᠷ᠎ᠠ ᠮᠡᠷᠭᠡᠵᠢᠯ ᠰᠤᠷᠴᠠᠢ᠃ ᠪᠠᠭ᠎ᠠ | ᠨᠠᠰᠤᠨ ᠳᠤ ᠪᠠᠨ ᠤᠷᠠᠠ ᠭᠠᠷ ᠲᠠᠢ ᠪᠠᠶᠢᠵᠤ᠂ ᠪᠠᠭᠰᠢ ᠶᠢᠨ ᠢᠶᠠᠨ ᠰᠠᠶᠢᠨ ᠲᠤᠳᠤᠮᠳᠠᠵᠤ ᠰᠤᠷᠭᠠᠭᠰᠡᠨ ᠤ ᠠᠴᠢ ᠪᠠᠷ | ᠪᠠᠭᠠᠷᠢᠨ ᠲᠠᠶᠠᠭᠠᠷ ᠲᠤ ᠨᠡᠷᠡᠳᠠᠢ ᠪᠤᠷᠬᠠᠨ ᠵᠢᠷᠤᠭᠴᠢ ᠪᠤᠯᠤᠭᠰᠡᠨ ᠪᠠᠶᠢᠨ᠎ᠠ᠃ ᠲᠡᠬᠦᠨ ᠳᠤ ᠶᠠᠮᠠᠷ ᠪᠤᠷᠬᠠᠨ ᠢ ᠶᠠᠭᠠᠬᠢᠵᠤ | ᠵᠢᠷᠤᠬᠤ ᠲᠤᠬᠠᠢ ᠴᠠᠭᠠᠰᠤᠨ ᠲᠡᠭᠡᠷ᠎ᠡ ᠬᠠᠷ᠎ᠠ ᠪᠠᠷ ᠵᠢᠷᠤᠭᠰᠡᠨ ᠵᠦᠢᠯ ᠪᠦᠷᠢ ᠶᠢᠨ ᠪᠤᠷᠬᠠᠨ ᠤ ᠶᠠᠩᠵᠤ ᠲᠦᠷᠢ | ᠪᠠᠶᠢᠵᠤ ᠂ ᠲᠡᠬᠦᠨ ᠢᠶᠠᠨ ᠪᠤᠷᠬᠠᠨ ᠵᠢᠷᠤᠬᠤ ︽ᠶᠠᠩᠵᠤ︾ ᠪᠤᠶᠤ ︽ᠮᠠᠶ᠋ᠢᠭ︾ ᠭᠡᠵᠤ ᠭᠡᠯᠡᠳᠡᠭ ᠪᠠᠶᠢᠵᠡᠢ᠃ ᠠᠯᠢ | ᠨᠢᠭᠡᠨ ᠰᠦᠮ᠎ᠡ ᠭᠡᠶᠢᠳ ᠪᠤᠶᠤ ᠬᠤᠪᠢ ᠬᠦᠮᠤᠨ ᠪᠤᠷᠬᠠᠨ ᠵᠢᠷᠤᠭᠤᠯᠬᠤ᠂ ᠡᠰᠡᠬᠦᠯ᠎ᠡ ᠱᠤᠭᠤᠵᠤ ᠪᠦᠳᠦᠭᠡᠯᠭᠡᠬᠦ ᠭᠡᠵᠤ | ᠡᠷᠢᠵᠤ ᠢᠷᠡᠪᠠᠯ ᠲᠠᠷᠠ ︽ᠶᠠᠩᠵᠤ︾ ᠪᠠᠨ ᠦᠵᠡᠵᠤ ᠲᠡᠷᠡ ᠪᠤᠷᠬᠠᠨ ᠤ ᠬᠢᠨᠢ ᠲᠤᠭᠳᠠᠭᠰᠡᠨ ᠲᠦᠷᠢ ᠪᠠᠷ ᠨᠢ | ᠪᠤᠷᠬᠠᠨ ᠤ ᠨᠤᠮ ᠳᠤ ᠦᠬᠦᠯᠡᠭᠰᠡᠨ ᠶᠤᠰᠤᠭᠠᠷ ᠵᠢᠷᠤᠵᠤ ᠪᠦᠳᠦᠭᠡᠳᠡᠭ᠃ ᠲᠠᠷᠠ ᠪᠤᠷᠬᠠᠨ ᠵᠢᠷᠤᠬᠤ ᠳᠤ ᠪᠠᠨ | ᠤᠷᠢᠳ ᠢᠶᠠᠷ ᠴᠠᠭᠠᠨ ᠪᠦᠰ ᠲᠡᠭᠡᠷ᠎ᠡ ᠴᠠᠭᠠᠨ ᠪᠤᠶᠤ ᠰᠢᠷᠭᠠᠯ᠂ ᠡᠰᠡᠬᠦᠯ᠎ᠡ ᠬᠦᠢᠭᠡᠨ ᠴᠡᠩᠭᠡᠷ ᠦᠩᠭᠡ ᠶᠢᠨ ᠰᠢᠷ | ᠪᠤᠳᠤᠭ ᠲᠦᠷᠬᠢᠵᠤ᠂ ᠲᠠᠪᠢᠰᠭᠡᠷ ᠦᠩᠭᠡ ᠲᠠᠯᠪᠢᠵᠤ ᠬᠠᠳᠠᠭᠠᠨ᠎ᠠ᠃ ᠳᠡᠬᠡᠬᠡᠳ ᠳᠡᠬᠡᠷ᠎ᠡ ᠨᠢ ᠵᠢᠷᠤᠭᠤᠯᠬᠤ ᠪᠤᠷᠬᠠᠨ ᠤ | ᠶᠠᠩᠵᠤ ᠶᠤᠰᠤᠭᠠᠷ ᠨᠢ ᠵᠢᠷᠤᠵᠤ ᠦᠩᠬᠡ ᠪᠤᠳᠤᠭ ᠳᠠᠯᠪᠢᠳᠠᠭ᠃ ᠬᠤᠪᠢ ᠬᠦᠮᠦᠨ ᠳᠤ ᠪᠤᠯ ᠬᠡᠷᠡᠭᠯᠡᠬᠦ | ᠬᠡᠮᠵᠢᠶ᠎ᠠ ᠪᠠᠷ ᠨᠢ ᠪᠠᠭ᠎ᠠ ᠰᠢᠬ᠂ ᠰᠦᠮ᠎ᠡ ᠬᠡᠶᠢᠳ ᠤᠨ ᠬᠢ ᠶᠢ ᠪᠤᠯ ᠶᠡᠭᠡ ᠡ᠊ᠩ ᠤᠨ ᠪᠦᠰ ᠳᠡᠬᠡᠷ᠎ᠡ ᠵᠢᠷᠤᠭᠤᠯᠬᠤ | ᠬᠦᠮᠦᠨ ᠤ ᠬᠡᠷᠡᠭᠴᠡᠭᠡ ᠶᠢ ᠦᠨᠳᠦᠰᠦᠯᠠᠵᠤ ᠵᠢᠷᠤᠳᠠᠭ᠃ ᠱᠤᠭᠤᠮᠠᠯ ᠪᠤᠷᠬᠠᠨ ᠢ ᠪᠤᠯ ᠶᠠᠮᠡᠷ ᠪᠤᠷᠬᠠᠨ ᠪᠦᠳᠦᠬᠡᠯᠬᠡᠬᠦ | ᠬᠡᠪᠡᠯ ᠳᠠᠷᠠ ᠪᠤᠷᠬᠠᠨ ᠤ ᠬᠢᠨᠢ ᠳᠤᠰᠬᠠᠢ ᠬᠡᠪ ᠪᠤᠢ᠃ ᠬᠤᠶᠠᠷ ᠮᠤᠳᠤᠨ ᠬᠠᠪᠳᠠᠰᠤᠨ ᠳᠡᠬᠡᠷ᠎ᠡ ᠬᠤᠳᠦ᠋ᠢᠯᠭᠠᠵᠤ | ᠰᠡᠶᠢᠯᠦᠭᠰᠡᠨ ᠬᠡᠪ ᠲᠠᠢ᠃ ᠨᠠᠩᠭᠢ ᠤᠯᠠᠭᠠᠨ ᠰᠢᠷᠤᠢ ᠶᠢ ᠳᠠᠷᠠ ᠬᠡᠪ ᠲᠤ ᠪᠠᠨ ᠬᠢᠵᠤ ᠰᠢᠬᠠᠵᠤ ᠪᠦᠳᠦᠬᠡᠳᠡᠭ᠃ | ᠬᠡᠪᠡᠴᠤ ᠬᠠᠳᠠᠭᠰᠠᠨ ᠬᠤᠶᠢᠨ᠎ᠡ ᠴᠡᠪᠠ ᠭᠠᠷᠬᠤ ᠪᠤᠶᠤ ᠬᠠᠭᠠᠷᠬᠠᠤ ᠶᠢ ᠰᠡᠷᠬᠡᠶᠢᠯᠡᠬᠦ ᠶᠢᠨ ᠳᠦᠯᠦᠬᠡ ᠨᠠᠩᠭᠢ ᠤᠯᠠᠭᠠᠨ | ᠰᠢᠷᠤᠢ ᠪᠠᠨ ᠨᠠᠷᠠᠨ ᠳᠤ ᠬᠠᠳᠠᠭᠠᠵᠤ ᠳᠠᠯᠠᠭᠳᠠᠵᠤ ᠪᠤᠯᠪᠠᠰᠤᠷᠠᠭᠤᠯᠤᠭᠠᠳ ᠪᠤᠷᠬᠠᠨ ᠪᠦᠳᠦᠬᠡᠬᠦ ᠦᠶ᠎ᠡ ᠳᠤ ᠤᠰᠤ ᠪᠠᠷ | ᠰᠢᠪᠠᠷ ᠨᠤᠬᠤᠵᠤ ᠪᠦᠳᠦᠬᠡᠳᠡᠭ᠃ ᠳᠠᠬᠦᠨ ᠢᠶᠠᠨ ᠰᠡᠬᠦᠳᠡᠷ ᠭᠠᠵᠠᠷ ᠳᠠᠯᠪᠢᠵᠤ ᠬᠠᠳᠠᠭᠠᠭᠰᠠᠨ ᠤ ᠳᠠᠷᠠᠭ᠎ᠠ ᠠᠯᠳᠠ ᠪᠠᠷ | ᠪᠤᠯᠠᠭᠰᠤᠯᠠᠬᠤ ᠪᠤᠶᠤ ᠪᠤᠰᠤᠳ ᠦᠩᠬᠡ ᠪᠠᠷ ᠰᠢᠷ ᠪᠤᠳᠤᠭ ᠰᠠᠭᠤᠯᠭᠠᠳᠠᠭ᠃ ᠳᠠᠷᠠ ᠪᠤᠷᠬᠠᠨ ᠱᠤᠭᠤᠬᠤ ᠪᠤᠶᠤ | ᠵᠢᠷᠤᠬᠤ ᠳᠤᠰᠬᠠᠢ ᠦᠷᠦᠬᠡ ᠲᠠᠢ᠃ ᠠᠵᠢᠯᠯᠠᠬᠤ ᠳᠠᠰᠤᠯᠭ᠎ᠠ ᠳᠤ ᠪᠠᠨ ᠳᠠᠮᠠᠬᠢ ᠳᠠᠳᠠᠬᠤ ᠦᠭᠡᠢ᠂ ᠬᠦᠮᠦᠨ ᠬᠠᠷ᠎ᠠ | ᠤᠷᠤᠵᠤ ᠳᠤᠭᠤᠰᠤ ᠰᠢᠷᠤᠢ ᠳᠡᠭᠳᠡᠬᠡᠬᠦ ᠠᠴᠠ ᠶᠡᠭᠡ ᠬᠢᠴᠢᠶᠡᠳᠡᠭ᠃ ᠳᠠᠬᠦᠨ ᠤ ᠪᠦᠳᠦᠬᠡᠭᠰᠡᠨ ᠪᠤᠷᠬᠠᠨ ᠶᠠᠷᠦ ᠠᠴᠠ | ᠱᠠᠰᠢᠨ ᠤ ᠶᠤᠰᠤ ᠤᠨᠤᠯ ᠳᠤ ᠳᠤᠭᠳᠠᠭᠠᠭᠰᠠᠨ ᠠᠴᠠ ᠤᠭᠳᠤ ᠵᠦᠷᠢᠬᠦ ᠦᠭᠡᠢ ᠪᠦᠬᠡᠳ ᠳᠦᠷᠢ ᠳᠦᠷᠬᠦ ᠨᠢ ᠬᠦᠮᠦᠨ | ᠪᠢᠰᠢᠷᠡᠮ᠎ᠡ ᠠᠮᠢᠳᠤ ᠴᠤᠪᠤᠭᠤᠯᠢᠭ ᠪᠠᠶᠢᠳᠠᠭ᠃ ᠳᠡᠶᠢᠮᠦ ᠠᠴᠠ 1930 ᠤᠨ ᠳᠤ ᠶᠡᠭᠡ ᠪᠠᠶᠢᠰᠢᠩ ᠳᠤ ᠪᠠᠨᠴᠢᠨ | ᠪᠤᠭᠳᠠ ᠶᠢ ᠳᠠᠭᠠᠵᠤ ᠢᠷᠡᠭᠰᠡᠨ ᠨᠢᠬᠡᠨ ᠶᠡᠭᠡ ᠬᠡᠬᠡᠨ ᠨᠢ ᠪᠤᠶᠠᠨ ᠴᠤᠭᠯᠠᠭᠤᠯᠤᠭᠴᠢ ᠰᠦᠮ᠎ᠡ ᠳᠤ ᠳᠠᠬᠢᠵᠤ ᠪᠠᠶᠢᠭᠰᠠᠨ | ᠳᠠᠬᠦᠨ ᠤ ᠪᠦᠳᠦᠬᠡᠭᠰᠡᠨ ᠪᠤᠷᠬᠠᠨ ᠢ ᠦᠵᠡᠬᠡᠳ ᠶᠡᠭᠡ ᠪᠢᠰᠢᠷᠡᠵᠤ ︽ᠡᠨᠡ ᠵᠡᠷᠬᠡ ᠪᠦᠳᠦᠬᠡᠭᠰᠡᠨ ᠪᠤᠷᠬᠠᠨ ᠢ ᠨᠤᠮ | ᠤᠩᠰᠢᠵᠤ ᠠᠮᠢᠯᠠᠭᠤᠯᠬᠤ ᠦᠭᠡᠢ ᠪᠤᠯᠪᠠᠴᠤ ᠪᠤᠯᠴᠢᠬᠠᠨ᠎ᠠ︾ ᠬᠡᠵᠤ ᠬᠡᠯᠡᠵᠤ ᠬᠡᠨ᠎ᠡ᠃ | ᠰᠦᠮ᠎ᠡ ᠬᠡᠶᠢᠳ᠂ ᠯᠠᠮᠠ ᠨᠡᠷ ᠪᠤᠶᠤ ᠬᠦᠳᠡᠭᠡ ᠶᠢᠨ ᠮᠠᠯᠴᠢᠳ ᠦᠷᠬᠦᠯᠵᠢ ᠳᠠᠬᠦᠨ ᠢ ᠡᠷᠢᠵᠤ ᠪᠤᠷᠬᠠᠨ | ᠪᠦᠳᠦᠬᠡᠯᠬᠡᠳᠡᠭ᠃ ᠳᠠᠷᠠ ᠦᠨ᠎ᠡ ᠬᠠᠩᠰᠢ ᠬᠠᠶᠠᠯᠴᠠᠳᠠᠭ ᠦᠭᠡᠢ᠃ ᠵᠠᠷᠢᠮ ᠰᠦᠮ᠎ᠡ ᠬᠡᠶᠢᠳ ᠨᠢ ᠰᠢᠨ᠎ᠡ ᠳᠤᠭᠠᠩ | ᠪᠠᠷᠢᠬᠤ ᠪᠤᠶᠤ ᠵᠠᠰᠠᠵᠤ ᠰᠠᠯᠪᠢᠪᠠᠯ ᠳᠠᠷᠠ ᠤᠨᠢ ᠰᠠᠷᠠᠪᠴᠢ᠂ ᠴᠤᠩᠬᠤ ᠬᠠᠭᠠᠯᠭ᠎ᠠ ᠶᠢ ᠨᠢ ᠦᠩᠬᠡ ᠠᠯᠠᠭᠯᠠᠨ ᠰᠢᠷᠳᠡᠬᠦ | ᠪᠤᠶᠤ ᠪᠤᠷᠬᠠᠨ ᠱᠠᠰᠢᠨ ᠤ ᠬᠠᠮᠢᠶᠠᠳᠠᠢ ᠵᠢᠷᠤᠭ ᠵᠢᠷᠤᠵᠤ ᠦᠭᠳᠡᠭ᠃ ᠬᠤᠪᠢ ᠡᠷᠦᠬᠡ ᠰᠢᠨ᠎ᠡ ᠠᠪᠳᠠᠷ᠎ᠠ ᠬᠤᠷᠭᠤ᠂ | ᠰᠢᠷᠡᠭᠡ ᠪᠠᠷᠠᠭ᠎ᠠ ᠭᠢᠪᠡᠯ ᠪᠠᠰᠠ ᠳᠠᠬᠦᠨ ᠢ ᠵᠠᠯᠠᠵᠤ ᠰᠢᠷ ᠪᠤᠳᠤᠭ ᠢᠶᠠᠷ ᠬᠡ ᠤᠭᠠᠯᠵᠠ ᠪᠤᠶᠤ ᠪᠤᠭᠤ ᠰᠤᠭᠤ᠂ ᠬᠤᠤᠰ | ᠵᠢᠭᠠᠰᠤ᠂ ᠯᠢᠩᠬᠸ᠎ᠠ ᠴᠡᠴᠡᠭ ᠮᠡᠳᠦ ᠶᠢᠨ ᠵᠢᠷᠤᠭ ᠵᠢᠷᠤᠭᠤᠯᠳᠠᠭ᠃ ᠵᠠᠷᠢᠮ ᠠᠶᠢᠯ ᠨᠢ ᠴᠠᠭᠠᠨ ᠰᠠᠷ᠎ᠠ ᠳᠤ | ᠬᠠᠶᠠᠭᠠᠨ ᠳᠤ ᠪᠠᠨ ᠨᠠᠭᠠᠬᠤ ᠵᠢᠷᠤᠭ ᠵᠢᠷᠤᠭᠤᠯᠳᠠᠭ᠃ ᠭᠤᠤᠯᠳᠠᠭᠤ ᠦᠩᠬᠡ ᠶᠢᠨ ᠪᠤᠳᠤᠭ ᠲᠠᠢ ᠪᠤᠶᠤ ᠪᠤᠳᠤᠭ ᠦᠭᠡᠢ | ᠬᠠᠷ᠎ᠠ ᠪᠠᠷ ᠨᠠᠢᠮᠠᠨ ᠠᠭᠳᠠ᠂ ᠳᠠᠪᠤᠨ ᠬᠤᠰᠢᠭᠤ ᠮᠠᠯ᠂ ᠠᠷᠪᠠᠨ ᠬᠤᠶᠠᠷ ᠵᠢᠯ ᠤᠨ ᠠᠮᠢᠳᠠᠨ᠂ ᠪᠠᠷᠰ᠂ ᠱᠠᠭᠠᠵᠠᠭᠠᠢ | ᠰᠢᠪᠠᠭᠤ᠂ ᠬᠤᠸᠠᠷ ᠴᠡᠴᠡᠭ ᠮᠡᠳᠦ ᠶᠢ ᠵᠢᠷᠤᠵᠤ ᠦᠭᠳᠡᠭ ᠪᠦᠬᠡᠳ ᠳᠠᠬᠦᠨ ᠤ ᠵᠢᠷᠤᠭᠰᠠᠨ ᠨᠢ ᠮᠠᠰᠢ ᠠᠮᠢᠳᠤᠯᠢᠭ | ᠭᠤᠶᠤ ᠰᠠᠶᠢᠬᠠᠨ ᠪᠠᠶᠢᠳᠠᠭ᠃ ᠵᠢᠷᠤᠭᠰᠠᠨ ᠮᠤᠷᠢᠳ ᠨᠢ ᠬᠦᠶᠦᠵᠤ ᠪᠠᠶᠢᠬᠤ᠂ ᠵᠤᠭᠰᠤᠵᠤ ᠪᠠᠶᠢᠬᠤ᠂ ᠡᠷᠬᠢᠵᠤ | ᠬᠠᠷᠠᠵᠤ ᠪᠠᠶᠢᠬᠤ ᠪᠤᠶᠤ ᠳᠦᠢᠯᠡᠵᠤ ᠪᠠᠶᠢᠬᠤ᠂ ᠬᠡᠪᠳᠡᠵᠤ ᠪᠠᠶᠢᠬᠤ ᠤᠯᠠᠨ ᠶᠠᠩᠵᠤ ᠶᠢᠨ ᠬᠢ ᠪᠤᠢ ᠪᠦᠬᠡᠳ ᠳᠤᠭᠤᠷᠠᠢ | ᠦᠶ᠎ᠡ ᠬᠡᠰᠢᠬᠦᠦ ᠨᠢ ᠳᠤᠳᠤ᠂ ᠳᠠᠷᠭᠤᠨ ᠪᠤᠶᠤ ᠡᠴᠡᠩᠬᠡᠢ ᠮᠡᠳᠦ ᠶᠢᠨ ᠵᠦᠢᠯ ᠪᠦᠷᠢ ᠶᠢᠨ ᠳᠦᠷᠢ ᠲᠠᠢ ᠪᠠᠶᠢᠳᠠᠭ᠃ | ︽ ᠰᠤᠶᠤᠯ ᠤᠨ ᠶᠡᠭᠡ ᠬᠤᠪᠢᠰᠬᠠᠯ︾ ᠳᠠᠬᠡᠷ᠎ᠡ ︽ᠮᠠᠯᠳᠠᠵᠤ ᠠᠷᠢᠯᠭᠠᠬᠤ︾ ᠬᠦᠳᠡᠯᠬᠡᠬᠡᠨ ᠤ ᠦᠶ᠎ᠡ ᠳᠤ ᠳᠤᠰ | ᠬᠦᠮᠦᠨ ᠢ ᠪᠤᠷᠬᠠᠨ ᠪᠦᠳᠦᠬᠡᠵᠤ ᠮᠤᠬᠤᠷ ᠪᠢᠰᠢᠷᠡᠯ ᠢ ᠳᠠᠯᠬᠡᠷᠡᠬᠦᠯᠳᠡᠭ ︽ᠬᠤᠤᠷᠳᠤ ᠡᠪᠡᠰᠦ︾᠂ ︽ᠴᠢᠳᠬᠦᠷ | ᠱᠤᠯᠤᠮ︾ ᠬᠡᠵᠤ ᠶᠡᠭᠡ ᠪᠠᠭ᠎ᠠ ᠬᠤᠷᠠᠯ ᠢᠶᠠᠷ ᠬᠦᠴᠦ ᠪᠠᠷ ᠳᠠᠮᠡᠴᠡᠵᠤ ᠶᠡᠭᠡ ᠭᠤᠶᠠᠳᠠᠵᠤ ᠴᠤᠬᠢᠭᠰᠠᠨ ᠪᠦᠬᠡᠳ | ᠪᠠᠷᠢᠭᠠᠳᠠ ᠶᠢᠨ ᠬᠦᠢᠳᠡᠨ ᠬᠡᠷ ᠲᠤ ᠪᠦᠯᠢᠶᠠᠨ ᠤᠰᠤᠨ ᠳᠤ ᠵᠢᠭᠤᠷᠠᠭᠰᠡᠨ ᠰᠢᠰᠢ ᠶᠢᠨ ᠭᠤᠯᠢᠷ ᠢᠳᠡᠬᠦᠯᠵᠤ 40 | ᠭᠠᠷᠤᠢ ᠬᠤᠨᠤᠭ ᠳᠤᠰᠠᠭᠠᠷᠯᠠᠨ ᠬᠤᠷᠢᠵᠠᠢ᠃ ᠳᠠᠬᠦᠨ ᠤ ᠪᠤᠷᠬᠠᠨ ᠪᠦᠳᠦᠬᠡᠬᠦ ᠳᠤ ᠬᠡᠷᠡᠭᠯᠡᠳᠡᠭ ᠡᠳ᠋ᠯᠡᠯ ᠬᠡᠷᠡᠭᠰᠡᠯ ᠢ ᠨᠢ | ᠪᠦᠬᠦᠨ ᠢ ᠰᠦᠢᠳᠬᠡᠵᠤ ᠬᠠᠶᠠᠵᠠᠢ᠃ | ᠳᠠᠷᠠ ᠮᠤᠳᠤᠨ ᠳᠠᠷᠬᠠᠨ ᠤ ᠠᠵᠢᠯ ᠢ ᠪᠠᠰᠠ ᠰᠠᠶᠢᠬᠠᠨ ᠬᠢᠳᠡᠭ᠃ ᠭᠤᠤᠯᠳᠠᠭᠤ ᠠᠪᠳᠠᠷ᠎ᠠ ᠬᠤᠷᠭᠤ ᠮᠡᠳᠦ ᠶᠢᠨ | ᠬᠡᠷ ᠳᠤᠳᠤᠷ᠎ᠠ ᠬᠡᠷᠡᠭᠯᠡᠬᠦ ᠨᠠᠷᠢᠨ ᠡᠳ᠋ᠯᠡᠯ ᠢ ᠬᠢᠳᠡᠭ᠃ ᠨᠠᠰᠤ ᠪᠠᠷ ᠢᠶᠠᠨ ᠭᠠᠷ ᠤᠷᠠᠨ ᠪᠤᠯᠬᠤᠷ ᠤᠷ᠎ᠠ ᠮᠡᠷᠬᠡᠵᠢᠯ ᠤᠨ | ᠠᠵᠢᠯ ᠢᠶᠠᠷ ᠢᠶᠠᠨ ᠠᠮᠢᠳᠤᠷᠠᠵᠤ ᠪᠠᠶᠢᠵᠠᠢ᠃ | |