| ᠵᠠᠮᠪᠠᠯᠱᠣᠩᠨᠣ ︵1891~1968 ᠣᠨ︶᠂ ᠮᠠᠨᠵᠤ ᠴᠢᠩ ᠣᠯᠣᠰ ᠤᠨ ᠪᠠᠳᠠᠷᠠᠭᠤᠯᠲᠤ ᠲᠥᠷᠦ ᠶᠢᠨ | ᠠᠷᠪᠠᠨ ᠳᠣᠯᠣᠳᠣᠭᠠᠷ ᠣᠨ ︵ᠴᠠᠭᠠᠭᠴᠢᠨ ᠲᠠᠤᠯᠠᠢ ᠵᠢᠯ᠂ 1891 ᠣᠨ︶ ᠳᠤ ᠭᠦᠯᠦ ᠴᠠᠭᠠᠨ ᠬᠤᠨᠢᠨ ᠰᠦᠷᠦᠭ | ᠤᠨ ᠭᠠᠭᠴᠠ ᠬᠤᠳᠳᠤᠭ ᠬᠡᠮᠡᠬᠦ ᠭᠠᠵᠠᠷ ᠲᠤ ᠳᠣᠯᠣᠭᠠᠨ ᠦᠶ᠎ᠡ ᠡᠮᠴᠢ ᠶᠢᠨ ᠰᠣᠷᠪᠣᠯᠵᠢᠳᠤ ᠨᠣᠬᠠᠶᠢᠲᠠᠢ ᠶᠢᠨ | ᠣᠣᠭᠠᠨ ᠬᠥᠪᠡᠭᠦᠨ ᠪᠣᠯᠣᠨ ᠲᠥᠷᠦᠪᠡ᠃ ᠡᠵᠢ ᠨᠢ ᠰᠡᠷᠵᠢᠮᠢᠳᠤᠭ ᠭᠡᠳᠡᠭ᠃ ᠠᠬ᠎ᠠ ᠳᠡᠭᠦᠦ ᠳᠥᠷᠪᠡᠭᠦᠯᠡ᠃ | ᠵᠠᠮᠪᠠᠯᠱᠣᠩᠨᠣ 7 ᠨᠠᠰᠣᠲᠠᠢ ᠳᠠᠭᠠᠨ ᠭᠤᠩᠴᠤᠭ ᠳ᠋ᠠ ᠯᠠᠮᠠ ᠳᠤ ᠱᠠᠪᠢ ᠣᠷᠣᠵᠤ ᠲᠥᠪᠡᠳ ᠨᠣᠮ | ᠵᠢᠭᠠᠯᠭᠠᠪᠠ᠃ 12 ᠨᠠᠰᠣᠨ ᠳᠠᠭᠠᠨ ᠬᠠᠳᠠᠨᠬᠤᠰᠢᠭᠤ ᠰᠦᠮ᠎ᠡ ᠶᠢᠨ ᠮᠠᠮᠪᠠ ᠷᠠᠰᠠᠩ ᠳᠤ ᠠᠨᠠᠭᠠᠬᠤ ᠣᠬᠠᠭᠠᠨ ᠤ | ᠳᠥᠷᠪᠡᠨ ᠦᠨᠳᠦᠰᠦ ᠶᠢ ᠰᠣᠷᠴᠤ ᠪᠠᠶᠢᠬᠤ ᠳᠠᠭᠠᠨ ᠨᠡᠷᠡᠲᠦ ᠰᠠᠶᠢᠨ ᠡᠮᠴᠢ ᠨᠠᠭᠠᠴᠤ ᠯᠣᠪᠰᠠᠩᠰᠠᠮᠳᠠᠨ ᠢᠶᠠᠷ ᠢᠶᠠᠨ ᠡᠮ | ᠡᠮᠨᠡᠯᠭᠡ ᠵᠢᠭᠠᠯᠭᠠᠵᠤ ᠪᠠᠶᠢᠵᠠᠢ᠃ ᠬᠤᠷᠢᠭᠠᠳ ᠨᠠᠰᠣᠨ ᠳᠠᠭᠠᠨ ᠬᠥᠬᠡᠨᠠᠭᠤᠷ ᠤᠨ ᠭᠦᠮᠪᠦᠮ ᠬᠡᠶᠢᠳ ᠲᠤ ᠵᠢᠷᠣᠬᠠᠢ ᠶᠢᠨ | ᠣᠬᠠᠭᠠᠨ ᠢ ᠳᠣᠰᠬᠠᠢ ᠰᠣᠷᠣᠯᠴᠠᠵᠤ ︽ᠪᠢᠨᠳᠣᠷᠭᠠᠪᠤᠤ︾ ᠵᠢᠷᠣᠬᠠᠢ ᠶᠢᠨ ᠨᠣᠮ ᠪᠣᠯᠣᠨ ᠮᠣᠩᠭᠤᠯ ᠢᠶᠠᠷ ︽ᠴᠠᠭᠠᠨ | ᠪᠢᠨᠳᠣᠷᠢᠶᠠ︾ ᠬᠡᠮᠡᠬᠦ ᠬᠤᠪᠣᠷ ᠨᠣᠮ ᠢ ᠵᠠᠯᠠᠨ ᠠᠪᠴᠢᠷᠠᠵᠤ ᠰᠣᠳᠣᠯᠣᠨ ᠬᠤᠸᠠᠩᠯᠢ ︵ᠴᠠᠭ ᠣᠯᠠᠷᠢᠯ ᠤᠨ ᠪᠢᠴᠢᠭ︶ | ᠢ ᠵᠣᠬᠢᠶᠠᠵᠠᠢ᠃ ︵ᠵᠠᠮᠪᠠᠯᠱᠣᠩᠨᠣ ᠶᠢᠨ ᠵᠣᠬᠢᠶᠠᠭᠰᠠᠨ ᠬᠤᠸᠠᠩᠯᠢ ᠶᠢ ᠳᠡᠭᠡᠷ᠎ᠡ ᠵᠠᠭᠤᠨ ᠤ ᠵᠢᠷᠠᠭᠠᠳ ᠣᠨ ᠬᠦᠷᠲᠡᠯ᠎ᠡ | ᠮᠠᠯᠴᠢᠨ ᠠᠶᠢᠯ ᠤᠳ ᠬᠡᠷᠡᠭᠯᠡᠵᠦ ᠪᠠᠶᠢᠪᠠ︶ ᠲᠡᠷᠡᠴᠢᠯᠡᠨ ᠶᠡᠭᠡ ᠮᠥᠩᠭᠦ ᠶᠢᠨ ᠪᠡᠯᠡᠭ ᠬᠦᠷᠭᠡᠵᠦ ᠪᠠᠶᠢᠭᠠᠳ ᠭᠦᠮᠪᠦᠮ | ᠬᠡᠶᠢᠳ ᠤᠨ ᠮᠠᠮᠪᠠ ᠷᠠᠰᠠᠩ ᠳᠤ ᠬᠠᠳᠠᠭᠠᠯᠠᠵᠤ ᠪᠠᠶᠢᠭᠰᠠᠨ ᠬᠤᠪᠣᠷ ᠴᠣᠬᠠᠭ ᠨᠣᠮ — ︽ᠱᠢᠵᠢᠳ ᠤᠨ ᠮᠣᠳᠤ | ᠲᠠᠯᠪᠢᠬᠤ ᠶᠣᠰᠣᠨ ᠤ ᠰᠣᠳᠣᠷ︾ ᠢ ᠬᠠᠭᠤᠯᠵᠤ ᠠᠪᠣᠭᠰᠠᠨ ᠪᠠᠶᠢᠨ᠎ᠠ᠃ ᠴᠢᠯᠦᠭᠡᠯᠡᠭᠳᠡᠬᠦ ᠦᠶ᠎ᠡ ᠳᠤ ᠥᠪᠦᠷ | ᠮᠣᠩᠭᠤᠯ ᠳᠤ ᠡᠨᠡ ᠬᠦ ᠨᠣᠮ ᠨᠢᠭᠡ ᠪᠠᠶᠢᠭᠰᠠᠨ ᠨᠢ ᠲᠡᠷᠡ ᠠᠵᠢ᠃ ᠮᠥᠨ ᠴᠦ ᠲᠣᠰ ᠨᠣᠮ ᠢ ᠭᠦᠮᠪᠦᠮ ᠬᠡᠶᠢᠳ | ᠠᠴᠠ ᠠᠪᠴᠢᠷᠠᠭᠰᠠᠨ ᠴᠣᠷ ᠤᠨ ᠭᠠᠭᠴᠠ ᠬᠦᠮᠦᠨ ᠪᠣᠯ ᠵᠠᠮᠪᠠᠯᠱᠣᠩᠨᠣ ᠪᠣᠯᠬᠤ ᠪᠢᠯᠡ᠃ | 1954 ᠣᠨ ᠳᠤ ᠯᠾᠠᠰᠠ ᠪᠠᠷ ᠳᠠᠮᠵᠢᠨ ᠡᠨᠡᠳᠬᠡᠭ ᠲᠤ ᠬᠦᠷᠴᠦ ᠨᠣᠮ ᠵᠠᠯᠠᠬᠤ ᠶᠢᠨ ᠳᠠᠭᠠᠤ ︽ | ᠷᠢᠨᠴᠢᠨᠳᠣᠷᠵᠢᠰᠦ᠋ᠭᠳᠡᠩ︾ ᠬᠡᠮᠡᠬᠦ ᠨᠢᠭᠡᠨ ᠡᠨᠡᠳᠬᠡᠭ ᠤᠨ ᠲᠤᠩ ᠬᠦᠨᠳᠦᠲᠦ ᠪᠣᠷᠬᠠᠨ ᠤ ᠬᠥᠷᠦᠭ ᠢ ᠵᠠᠯᠠᠵᠤ | ᠠᠪᠴᠢᠷᠠᠵᠠᠢ᠃ | ᠵᠠᠮᠪᠠᠯᠱᠣᠩᠨᠣ᠂ ᠲᠥᠪᠡᠳ᠂ ᠰᠠᠨᠰᠺᠷᠢᠲ ᠬᠤᠶᠠᠷ ᠬᠡᠯᠡᠨ ᠳᠤ ᠴᠠᠭᠠᠷᠠᠵᠤ ᠨᠡᠪᠲᠡᠷᠡᠭᠰᠡᠨ ᠪᠥᠭᠡᠳ ᠮᠠᠨᠵᠤ᠂ | ᠮᠣᠩᠭᠤᠯ ᠬᠡᠯᠡ ᠶᠢ ᠥᠪᠡᠷᠲᠡᠭᠡᠨ ᠰᠣᠷᠴᠤ ᠡᠵᠡᠮᠰᠢᠪᠡ᠃ ᠵᠢᠷᠠᠨ ᠬᠡᠳᠦᠨ ᠨᠠᠰᠣᠨ ᠳᠠᠭᠠᠨ ᠬᠢᠲᠠᠳ ᠬᠡᠯᠡ ᠶᠢ | ᠥᠪᠡᠷᠲᠡᠭᠡᠨ ᠰᠣᠷᠴᠤ᠂ ᠨᠣᠮ ᠪᠢᠴᠢᠭ᠂ ᠰᠣᠨᠢᠨ ᠰᠡᠳᠬᠦᠯ ᠣᠩᠰᠢᠬᠤ ᠬᠡᠮᠵᠢᠶᠡᠨ ᠳᠤ ᠬᠦᠷᠦᠭᠰᠡᠨ ᠪᠠᠶᠢᠨ᠎ᠠ᠃ | ᠵᠠᠮᠪᠠᠯᠱᠣᠩᠨᠤ ᠬᠤᠷᠢᠨ ᠬᠡᠳᠦᠨ ᠨᠠᠰᠣᠨ ᠳᠠᠭᠠᠨ ᠪᠣᠳ᠋ᠳ᠋ᠾᠡ ᠶᠢᠨ ᠱᠠᠰᠢᠨ ᠤ ᠭᠦᠨ ᠣᠬᠠᠭᠠᠨ᠂ ᠠᠨᠠᠭᠠᠬᠤ | ᠣᠬᠠᠭᠠᠨ᠂ ᠵᠢᠷᠣᠬᠠᠢ ᠶᠢᠨ ᠣᠬᠠᠭᠠᠨ ᠳᠤ ᠰᠢᠯᠭᠠᠷᠠᠵᠤ᠂ ᠬᠠᠳᠠᠨᠬᠤᠰᠢᠭᠤ ᠰᠦᠮ᠎ᠡ ᠳᠤ ᠠᠷᠠᠮᠪᠠ ︵ᠵᠢᠷᠣᠬᠠᠢ ᠶᠢᠨ | ᠣᠬᠠᠭᠠᠨᠲᠠᠨ︶ ᠶᠢᠨ ᠴᠣᠯᠠ ᠬᠠᠮᠠᠭᠠᠯᠠᠪᠠ᠃ ᠲᠡᠷᠡᠴᠢᠯᠡᠨ ᠲᠣᠰ ᠰᠦᠮ᠎ᠡ ᠶᠢᠨ ᠴᠣᠭᠴᠢᠨ ᠬᠡᠰᠬᠦᠢ᠂ ᠮᠠᠮᠪᠠ ᠯᠠᠮᠠ᠂ | ᠵᠠᠹᠦ᠋ ᠳᠠᠮᠴᠢ ᠵᠡᠷᠭᠡ ᠳᠣᠰᠢᠶᠠᠯ ᠢ ᠣᠷᠢᠳ ᠬᠤᠵᠢᠳ ᠡᠭᠦᠷᠭᠡᠯᠡᠵᠦ ᠪᠠᠶᠢᠭᠰᠠᠨ ᠪᠥᠭᠡᠳ 1947~1948 ᠣᠨ | ᠪᠣᠯᠲᠠᠯ᠎ᠠ ᠲᠣᠰ ᠰᠦᠮ᠎ᠡ ᠶᠢᠨ ᠰᠢᠷᠡᠭᠡᠲᠦ ᠯᠠᠮᠠ ᠰᠠᠭᠤᠪᠠ᠃ 18 ᠨᠠᠰᠣᠨ ᠠᠴᠠ ᠡᠮ ᠪᠠᠷᠢᠵᠤ ᠡᠪᠡᠳᠴᠢᠨ ᠵᠠᠰᠠᠭᠠᠳ | ᠪᠠᠶᠠᠯᠢᠭ ᠳᠣᠷᠰᠢᠯᠭ᠎ᠠ ᠬᠤᠷᠠᠮᠳᠣᠭᠤᠯᠣᠨ ᠡᠨᠡᠳᠬᠡᠭ᠂ ᠲᠥᠪᠡᠳ ᠲᠤ ᠬᠦᠷᠴᠦ ᠠᠨᠠᠭᠠᠬᠤ ᠣᠬᠠᠭᠠᠨ ᠢ ᠰᠢᠮᠳᠠᠨ | ᠰᠣᠳᠣᠯᠵᠤ᠂ ᠬᠤᠵᠢᠮ ᠤᠨ ᠰᠣᠳᠣᠯᠭ᠎ᠠ᠂ ᠣᠷᠴᠢᠭᠤᠯᠭ᠎ᠠ᠂ ᠨᠠᠶᠢᠷᠠᠭᠤᠯᠭ᠎ᠠ ᠬᠢᠬᠦ ᠳᠡᠭᠡᠨ ᠰᠠᠭᠤᠷᠢ ᠳᠠᠯᠪᠢᠭᠰᠠᠨ ᠪᠢᠯᠡ | ᠃ | 1949 ᠣᠨ ᠳᠤ ︽ᠮᠢᠩᠭᠠᠨ ᠲᠠᠶᠢᠹᠣᠰᠧ ᠪᠠᠷᠠᠭᠤᠨ ᠭᠠᠷ ᠬᠤᠯᠪᠣᠭᠠᠲᠤ ᠬᠤᠰᠢᠭᠤᠨ ᠤ ᠮᠣᠩᠭᠤᠯ | ᠡᠮᠨᠡᠯᠭᠡ ᠶᠢᠨ ᠬᠤᠷᠢᠶ᠎ᠠ︾ ᠶᠢ ᠡᠭᠦᠰᠭᠡᠨ ᠪᠠᠶᠢᠭᠤᠯᠬᠤ ᠳᠤ ᠢᠳᠡᠪᠬᠢᠯᠡᠨ ᠣᠷᠣᠯᠴᠠᠵᠤ᠂ ᠬᠤᠪᠢ ᠶᠢᠨ ᠡᠮ ᠲᠠᠩ᠂ | ᠡᠳ᠋ ᠪᠣᠳᠠᠰ᠂ ᠵᠣᠷ ᠪᠢᠴᠢᠭ ᠢᠶᠠᠷ ᠪᠡᠯᠡ ᠣᠷᠣᠵᠤ᠂ ᠮᠣᠩᠭᠤᠯ ᠡᠮᠨᠡᠯᠭᠡ ᠶᠢᠨ ᠬᠤᠷᠢᠶᠠᠨ ᠤ ᠡᠮ ᠤᠨ ᠭᠡᠷ ᠢ | ᠬᠠᠮᠢᠶᠠᠷᠬᠤ ᠠᠵᠢᠯ ᠢ ᠬᠠᠷᠢᠭᠤᠴᠠᠨ ᠠᠵᠢᠯᠯᠠᠵᠤ ᠪᠠᠶᠢᠪᠠ᠃ ᠮᠥᠨ 1949 ᠣᠨ ᠳᠤ ᠴᠠᠬᠠᠷ ᠠᠶᠢᠮᠠᠭ ᠤᠨ | ᠮᠣᠩᠭᠤᠯ ᠡᠮᠴᠢ ᠶᠢᠨ ᠪᠣᠯᠪᠠᠰᠣᠷᠠᠯ ᠤᠨ ᠠᠩᠭᠢ ᠳᠤ ᠪᠠᠭᠰᠢᠯᠠᠵᠤ᠂ ᠣᠯᠠᠨ ᠠᠷᠪᠢᠨ ᠵᠢᠭᠠᠬᠤ ᠮᠠᠲ᠋ᠧᠷᠢᠶᠠᠯ | ᠪᠡᠯᠡᠳᠬᠡᠭᠰᠡᠨ ᠢᠶᠠᠷ ᠥᠯᠦ ᠪᠠᠷᠠᠨ ︽ᠠᠨᠠᠭᠠᠬᠤ ᠣᠬᠠᠭᠠᠨ ᠤ ᠳᠥᠷᠪᠡᠨ ᠥᠨᠳᠦᠰᠦ︾ ᠶᠢ ᠲᠥᠪᠡᠳ ᠬᠡᠯᠡᠨ ᠠᠴᠠ | ᠣᠷᠴᠢᠭᠤᠯᠣᠨ ᠯᠧᠺᠼᠢ ᠪᠣᠯᠭᠠᠵᠤ ᠪᠠᠶᠢᠭᠰᠠᠨ ᠪᠥᠭᠡᠳ ᠳᠣᠰᠣᠨ ᠪᠠᠷ ᠢᠶᠠᠷ ᠬᠡᠪᠯᠡᠨ ᠰᠣᠷᠣᠭᠴᠢ ᠪᠥᠬᠦᠨ ᠳᠤ | ᠳᠠᠷᠬᠠᠭᠠᠵᠤ ᠬᠢᠴᠢᠶᠡᠯᠯᠡᠵᠦ ᠪᠠᠶᠢᠭᠰᠠᠨ ᠢᠶᠠᠨ 1956 ᠣᠨ ᠤ 10 ᠰᠠᠷ᠎ᠠ ᠳᠤ ᠯᠧᠺᠼᠢ ᠪᠠᠨ ᠨᠣᠮ ᠪᠣᠯᠭᠠᠨ | ᠬᠡᠪᠯᠡᠭᠦᠯᠵᠡᠢ᠃ | 1962 ᠣᠨ ᠳᠤ ᠰᠢᠯᠢ ᠶᠢᠨ ᠭᠤᠣᠯ ᠠᠶᠢᠮᠠᠭ ᠤᠨ ᠮᠣᠩᠭᠤᠯ ᠡᠮᠨᠡᠯᠭᠡ ᠶᠢᠨ ᠠᠨᠠᠭᠠᠬᠤ ᠣᠬᠠᠭᠠᠨ ᠤ | ᠨᠣᠮ ᠪᠢᠴᠢᠭ ᠢ ᠨᠠᠶᠢᠷᠠᠭᠤᠯᠣᠨ ᠡᠮᠬᠢᠳᠭᠡᠬᠦ ᠠᠵᠢᠯ ᠢ ᠬᠠᠷᠢᠭᠤᠴᠠᠵᠤ ︽ᠮᠣᠩᠭᠤᠯ ᠠᠨᠠᠭᠠᠬᠤ ᠣᠬᠠᠭᠠᠨ ᠤ ᠰᠠᠭᠤᠷᠢ | ᠮᠡᠳᠡᠯᠭᠡ︾᠂ ︽ᠮᠣᠩᠭᠤᠯ ᠡᠮᠨᠡᠯᠭᠡ ᠶᠢᠨ ᠳᠥᠭᠦᠮ ᠡᠮᠴᠢᠯᠡᠭᠡᠨ ᠤ ᠭᠠᠷ ᠳᠡᠪᠲᠡᠷ︾᠂ ︽ᠮᠣᠩᠭᠤᠯ ᠡᠮ ᠤᠨ | ᠰᠠᠭᠤᠷᠢ ᠮᠡᠳᠡᠯᠭᠡ︾ ᠵᠡᠷᠭᠡ 100 ᠲᠥᠮᠡᠨ ᠦᠰᠦᠭ ᠤᠨ 3 ᠪᠣᠳᠢ ᠨᠣᠮ ᠢ ᠭᠤᠣᠯᠯᠠᠨ ᠨᠠᠶᠢᠷᠠᠭᠤᠯᠵᠤ ᠬᠡᠪᠯᠡᠭᠦᠯᠦᠨ | ᠳᠠᠷᠬᠠᠭᠠᠵᠠᠢ᠃ | ᠵᠠᠮᠪᠠᠯᠱᠣᠩᠨᠣ 1968 ᠣᠨ ᠳᠤ ᠰᠣᠶᠣᠯ ᠤᠨ ᠬᠤᠪᠢᠰᠬᠠᠯ ᠤᠨ ᠳᠠᠷᠴᠢᠯᠭᠠᠯ ᠤᠨ ᠳᠣᠮᠳᠠ ᠨᠠᠰᠤ ᠪᠠᠷᠠᠪᠠ | ᠃ ᠨᠠᠰᠣᠨ ᠰᠡᠭᠦᠳᠡᠷ 78 ᠲᠠᠢ᠃ | 1979 ᠣᠨ ᠳᠤ ᠬᠢᠯᠢᠰ ᠢ ᠨᠢ ᠴᠠᠭᠠᠳᠬᠠᠨ ᠨᠡᠷ᠎ᠡ ᠬᠦᠨᠳᠦ ᠶᠢ ᠨᠢ ᠰᠡᠷᠭᠦᠭᠡᠭᠰᠡᠨ ᠪᠠᠶᠢᠨ᠎ᠠ᠃ | ᠵᠠᠮᠪᠠᠯᠱᠣᠩᠨᠣ ᠮᠣᠩᠭᠤᠯ ᠠᠨᠠᠭᠠᠬᠤ ᠣᠬᠠᠭᠠᠨ ᠤ ᠰᠠᠭᠤᠷᠢ ᠶᠢ ᠳᠠᠯᠪᠢᠭᠰᠠᠨ ᠭᠠᠪᠢᠶᠠᠲᠠᠨ ᠵᠢᠳᠬᠦᠯᠲᠡᠨ ᠤ ᠨᠢᠭᠡ ᠪᠢᠯᠡ | ᠃ | ᠵᠠᠮᠪᠠᠯᠱᠣᠩᠨᠣ 1990 ᠣᠨ ᠳᠤ ︽ᠰᠢᠯᠢ ᠶᠢᠨ ᠭᠤᠣᠯ ᠤᠨ ᠠᠯᠳᠠᠷᠲᠤ ᠬᠦᠮᠦᠰ︾᠂ 2004 ᠣᠨ ᠳᠤ | ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ︽ᠰᠢᠯᠣᠭᠤᠨ ᠬᠥᠬᠡ ᠬᠤᠰᠢᠭᠤᠨ ᠤ ᠣᠶᠢᠯᠠᠯᠭ᠎ᠠ︾ ᠭᠡᠬᠦ | ᠨᠣᠮ ᠳᠤ ᠲᠡᠮᠳᠡᠭᠯᠡᠭᠳᠡᠵᠡᠢ᠃ ︽ᠰᠢᠯᠣᠭᠤᠨ ᠬᠥᠭᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ | ᠮᠠᠶᠢᠯᠠᠰᠣ ᠰᠡᠶᠢᠷᠡᠭᠦᠯᠪᠡ᠃ |