ᠬᠥᠳᠡᠭᠡ ᠳᠤ ᠪᠠᠶᠢᠩᠭᠤ ᠢᠯᠡᠷᠡᠳᠡᠭ ᠪᠷᠦ᠋ᠼᠧᠯ  ᠡᠪᠡᠳᠴᠢᠨ ᠢ ᠬᠡᠷᠬᠢᠨ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2020/1/14
         2019 ᠣᠨ ᠤ 12 ᠳ᠋ᠤᠭᠠᠷ ᠰᠠᠷ᠎ᠠ ᠶᠢᠨ 6 ᠤ ᠡᠳᠦᠷ᠂  ᠲᠣᠮᠳᠠᠳᠣ  ᠣᠯᠣᠰ ᠤᠨ  ᠲᠠᠷᠢᠶᠠᠯᠠᠩ ᠤᠨ  ᠰᠢᠨᠵᠢᠯᠡᠬᠦ ᠣᠬᠠᠭᠠᠨ ᠤ ᠬᠦᠷᠢᠶᠡᠯᠡᠩ ᠤᠨ ᠯᠠᠨᠵᠸᠣ ᠳᠠᠬᠢ ᠮᠠᠯ ᠤᠨ  ᠡᠮᠨᠡᠯᠬᠡ ᠶᠢᠨ  ᠰᠣᠳᠣᠯᠭᠠᠨ ᠤ  ᠭᠠᠵᠠᠷ ᠠᠴᠠ  ᠮᠡᠳᠡᠬᠡᠯᠡᠯ  ᠨᠡᠶᠢᠳᠡᠯᠡᠵᠦ ᠲᠡᠮᠳᠡᠭᠯᠡᠬᠦ ᠳᠡᠭᠡᠨ᠂ 11 ᠳ᠋ᠦ᠋ᠭᠡᠷ ᠰᠠᠷ᠎ᠠ ᠶᠢᠨ 28 ᠠᠴᠠ  29 ᠤ  ᠡᠳᠦᠷ  ᠪᠣᠯᠳᠠᠯ᠎ᠠ᠂  ᠲᠣᠰ  ᠰᠣᠳᠣᠯᠭᠠᠨ ᠤ  ᠭᠠᠵᠠᠷ ᠤᠨ ᠱᠦᠯᠬᠦᠬᠡ ᠡᠪᠡᠳᠴᠢᠨ ᠢ ᠰᠡᠷᠬᠡᠶᠢᠯᠡᠨ ᠬᠤᠷᠢᠭᠯᠠᠬᠤ ᠮᠡᠷᠬᠡᠵᠢᠯ ᠤᠨ ᠪᠦᠯᠬᠦᠮ  ᠤᠨ ᠬᠢᠨ ᠣᠷᠢᠳ ᠬᠤᠵᠢᠳ 4 ᠰᠣᠷᠣᠭᠴᠢ   ᠶᠢᠨ ᠴᠢᠰᠦᠨ ᠤ ᠢᠯᠳᠠᠰᠣᠨ ᠳᠤ ᠪᠷᠦ᠋ᠼᠧᠯ ᠤᠨ ᠪᠠᠺᠲ᠋ᠧᠷᠢ ᠶᠢᠨ ᠡᠶᠡᠷᠬᠦ ᠣᠷᠪᠠᠯ ᠲᠠᠢ ᠪᠠᠶᠢᠭᠰᠠᠨ ᠢ  ᠲᠣᠳᠣᠯᠠᠯ᠎ᠠ  ᠬᠡᠵᠡᠢ᠃  ᠣᠳᠣ ᠪᠣᠯᠳᠠᠯ᠎ᠠ ᠲᠣᠰ ᠰᠣᠳᠣᠯᠭᠠᠨ ᠤ ᠭᠠᠵᠠᠷ ᠨᠡᠶᠢᠳᠡ 263 ᠬᠦᠮᠦᠨ ᠳᠤ ᠪᠠᠶᠢᠴᠠᠭᠠᠯᠲᠠ ᠬᠢᠵᠦ᠂ ᠭᠠᠨᠰᠣ  ᠮᠣᠵᠢ ᠶᠢᠨ  ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠥᠪ ᠤᠨ ᠬᠢ ᠪᠠᠷ ᠲᠣᠳᠣᠯᠠᠭᠤᠯᠤᠭᠰᠠᠨ ᠤ ᠳ᠋ᠦᠩ ᠳᠤ 65 ᠬᠥᠮᠥᠨ ᠨᠢ  ᠪᠷᠦ᠋ᠼᠧᠯ ᠤᠨ ᠪᠠᠺᠲ᠋ᠧᠷᠢ ᠶᠢᠨ ᠡᠶᠡᠷᠬᠦ ᠣᠷᠪᠠᠯ ᠲᠠᠢ ᠬᠡᠵᠦ ᠨᠣᠳᠠᠯᠠᠭᠳᠠᠭᠰᠠᠨ ᠪᠠᠶᠢᠨ᠎ᠠ᠃ ᠡᠳᠡᠭᠡᠷ ᠬᠥᠮᠥᠨ   ᠤ  ᠳᠣᠲᠣᠷ᠎ᠠ᠂  ᠵᠠᠷᠢᠮ  ᠣᠨᠴᠠᠭᠠᠢ ᠬᠡᠳᠦᠨ ᠬᠦᠮᠦᠨ ᠤ ᠪᠡᠶ᠎ᠡ ᠳᠤ ᠡᠪ ᠦᠭᠡᠢ  ᠪᠠᠶᠢᠳᠠᠯ  ᠭᠠᠷᠣᠭᠰᠠᠨ ᠠᠴᠠ  ᠭᠠᠳᠠᠨ᠎ᠠ  ᠪᠣᠰᠣᠳ  ᠬᠦᠮᠦᠰ ᠤᠨ  ᠪᠡᠶ᠎ᠡ  ᠲᠡᠭᠡᠷ᠎ᠡ ᠣᠨᠴᠠᠭᠠᠢ ᠡᠪᠡᠳᠴᠢᠨ ᠤ ᠢᠯᠡᠷᠡᠯ ᠦᠬᠡᠢ᠃          ᠪᠷᠦ᠋ᠼᠧᠯ ᠡᠪᠡᠳᠴᠢᠨ ᠬᠡᠳᠡᠭ ᠨᠢ ᠶᠠᠮᠠᠷ ᠡᠪᠡᠳᠴᠢᠨ ᠪᠣᠢ︖          ᠪᠷᠦ᠋ᠼᠧᠯ ᠡᠪᠡᠳᠴᠢᠨ ᠪᠣᠯ ᠪᠷᠦ᠋ᠼᠧᠯ ᠤᠨ ᠪᠠᠺᠲ᠋ᠧᠷᠢ ᠠᠴᠠ ᠡᠬᠦᠰᠦᠯᠳᠠᠢ ᠬᠦᠮᠦᠨ ᠮᠠᠯ ᠳᠤ ᠵᠡᠷᠬᠡᠪᠡᠷ ᠬᠠᠯᠳᠠᠪᠣᠷᠢᠯᠠᠳᠠᠭ ᠬᠠᠯᠳᠠᠪᠣᠷᠢᠳᠣ ᠡᠪᠡᠳᠴᠢᠨ ᠪᠣᠯᠣᠨ᠎ᠠ᠃ ᠡᠨᠡ ᠡᠪᠡᠳᠴᠢᠨ ᠢ ︽ᠬᠠᠯᠳᠠᠪᠣᠷᠢᠳᠣ ᠡᠪᠡᠳᠴᠢᠨ ᠢ ᠰᠡᠷᠬᠡᠶᠢᠯᠡᠨ ᠵᠠᠰᠠᠬᠤ ᠬᠠᠣᠯᠢ︾   ᠳᠤ ᠬᠦᠬᠡᠭᠴᠢᠨ ᠲᠦᠷᠦᠯ ᠤᠨ ᠬᠠᠯᠳᠠᠪᠣᠷᠢᠳᠣ ᠡᠪᠡᠳᠴᠢᠨ ᠢᠶᠠᠷ ᠲᠣᠭᠳᠠᠭᠠᠭᠰᠠᠨ ᠪᠠᠶᠢᠳᠠᠭ᠃ ᠬᠠᠯᠳᠠᠪᠣᠷᠢᠯᠠᠬᠤ  ᠡᠬᠢ  ᠡᠬᠦᠰᠦᠯ  ᠪᠣᠯ ᠬᠤᠨᠢ᠂ ᠦᠬᠡᠷ᠂ ᠭᠠᠭ᠋ᠠᠢ᠂ ᠨᠣᠬᠠᠢ ᠵᠡᠷᠬᠡ ᠬᠡᠷ ᠤᠨ ᠲᠡᠵᠢᠬᠡᠪᠣᠷᠢ ᠪᠣᠯᠣᠨ᠎ᠠ᠃ ᠡᠨᠡ  ᠡᠪᠡᠳᠴᠢᠨ  ᠪᠦᠬᠦ  ᠲᠡᠯᠡᠬᠡᠢ ᠶᠢᠨ  170 ᠭᠠᠷᠣᠢ ᠣᠯᠣᠰ ᠲᠤ ᠲᠠᠷᠬᠠᠵᠦ ᠪᠠᠶᠢᠬᠤ ᠪᠣᠯᠪᠠᠴᠣ ᠬᠦᠭᠵᠢᠭᠰᠡᠨ ᠣᠯᠣᠰ ᠨᠢᠬᠡᠨᠳᠡ ᠡᠵᠡᠮᠳᠡᠵᠦ  ᠴᠢᠳᠠᠭᠰᠠᠨ  ᠪᠠᠶᠢᠨ᠎ᠠ᠃  ᠣᠳᠣ ᠡᠨᠡ ᠡᠪᠡᠳᠴᠢᠨ ᠳᠤᠮᠳᠠᠳᠤ ᠳᠣᠷᠣᠨᠠᠲᠤ ᠣᠷᠣᠨ᠂ ᠠᠽᠢᠶ᠎ᠠ ᠲᠢᠪ᠂ ᠠᠹᠷᠢᠺᠠ ᠲᠢᠪ᠂ ᠯᠠᠲ᠋ᠢᠨ ᠠᠮᠧᠷᠢᠺᠠ ᠲᠢᠪ ᠤᠨ ᠳᠤᠮᠳᠠ ᠪᠡᠶ᠎ᠡ ᠪᠣᠯᠣᠨ ᠡᠮᠦᠨᠡᠳᠣ  ᠪᠡᠶ᠎ᠡ᠂  ᠭᠠᠵᠠᠷ ᠤᠨ  ᠲᠣᠮᠳᠠᠳᠣ  ᠲᠠᠩᠬᠢᠰ ᠤᠨ  ᠬᠤᠲᠣᠭᠤᠷ  ᠪᠣᠯᠣᠨ  ᠺᠠᠷᠢᠪ ᠤᠨ  ᠲᠠᠩᠬᠢᠰ ᠤᠨ  ᠭᠠᠵᠠᠷ ᠣᠷᠣᠨ ᠢᠶᠠᠷ ᠪᠠᠶᠢᠩᠭᠤ ᠬᠠᠷᠠᠭᠳᠠᠵᠦ ᠪᠠᠶᠢᠨ᠎ᠠ᠃          ᠪᠷᠦ᠋ᠼᠧᠯ  ᠡᠪᠡᠳᠴᠢᠨ  1960  ᠣᠨ ᠠᠴᠠ  1970  ᠣᠨ ᠤ  ᠬᠤᠭᠤᠷᠣᠨᠳᠣ   ᠮᠠᠨ ᠤ   ᠣᠯᠣᠰ   ᠲᠤ ᠬᠠᠯᠳᠠᠪᠣᠷᠢᠯᠠᠭᠰᠠᠨ ᠪᠣᠯᠪᠠᠴᠣ ᠰᠡᠬᠦᠯᠡᠷ ᠨᠢ ᠡᠵᠡᠮᠳᠡᠵᠦ ᠴᠢᠳᠠᠭᠰᠠᠨ ᠶᠣᠮ᠃                                    ᠪᠷᠦ᠋ᠼᠧᠯ ᠡᠪᠡᠳᠴᠢᠨ ᠤ ᠬᠠᠯᠳᠠᠪᠤᠷᠢᠯᠠᠬᠤ ᠵᠠᠮ          1. ᠠᠷᠠᠰᠣ᠂ ᠰᠠᠯᠢᠰᠣᠨ ᠪᠦᠷᠬᠦᠪᠴᠢ ᠪᠠᠷ ᠲᠠᠮᠵᠢᠨ ᠬᠦᠮᠦᠨ ᠤ ᠪᠡᠶ᠎ᠡ ᠳᠤ ᠬᠠᠯᠳᠠᠪᠣᠷᠢᠯᠠᠳᠠᠭ᠃          2. ᠪᠷᠦ᠋ᠼᠧᠯ ᠤᠨ ᠪᠠᠺᠲ᠋ᠧᠷᠢ ᠶᠢᠨ ᠬᠠᠯᠳᠠᠪᠤᠷᠢ ᠶᠢ ᠡᠬᠦᠰᠬᠡᠳᠡᠭ ᠠᠮᠢᠳᠠᠨ ᠪᠣᠯ ᠭᠤᠣᠯᠳᠠᠭᠤ ᠬᠤᠨᠢ᠂ ᠦᠬᠡᠷ᠂ ᠭᠠᠭ᠋ᠠᠢ ᠵᠡᠷᠬᠡ ᠬᠡᠷ ᠤᠨ ᠲᠡᠵᠢᠬᠡᠪᠣᠷᠢ ᠪᠣᠯᠣᠨ᠎ᠠ᠂ ᠡᠳᠡᠭᠡᠷ ᠠᠮᠢᠳᠠᠨ ᠲᠠᠢ ᠰᠢᠭᠤᠳ ᠣᠶᠢᠷᠠᠳᠣᠬᠤ ᠪᠣᠶᠣ ᠲᠡᠳᠡᠭᠡᠷ ᠤᠨ ᠢᠯᠭᠠᠳᠠᠰᠤ ᠪᠠᠷ ᠨᠢ ᠲᠠᠮᠵᠢᠵᠦ ᠬᠦᠮᠦᠨ ᠳᠤ ᠬᠠᠯᠳᠠᠪᠣᠷᠢᠯᠠᠳᠠᠭ᠃ ᠪᠠᠰᠨ ᠬᠡᠬᠡᠯ ᠬᠠᠶᠠᠭᠰᠠᠨ ᠮᠠᠯ ᠤᠨ ᠬᠡᠬᠡᠯ ᠠᠴᠠ ᠬᠠᠯᠳᠠᠪᠣᠷᠢᠯᠠᠳᠠᠭ᠃  ᠡᠶᠢᠮᠦ ᠠᠴᠠ᠂ ᠮᠠᠯ ᠲᠡᠵᠢᠬᠡᠬᠦ᠂ ᠰᠦ ᠰᠠᠭᠠᠬᠤ᠂ ᠨᠣᠣᠰᠣ ᠬᠠᠶᠢᠴᠢᠯᠠᠬᠤ᠂ ᠮᠠᠯ ᠨᠢᠳᠣᠯᠬᠤ᠂ ᠠᠷᠠᠰᠣ  ᠨᠣᠣᠰᠣ  ᠪᠣᠯᠣᠨ  ᠮᠢᠬ᠎ᠠ  ᠶᠠᠰᠣ   ᠶᠢ   ᠨᠢ ᠪᠣᠯᠪᠠᠰᠤᠷᠠᠭᠤᠯᠬᠤ ᠦᠶᠡᠰ ᠰᠠᠶᠢᠨ ᠰᠡᠷᠭᠡᠶᠢᠯᠡᠬᠦ ᠦᠬᠡᠢ ᠶᠤᠮ ᠪᠣᠯ ᠠᠷᠠᠰᠣ ᠪᠣᠶᠣ ᠰᠠᠯᠢᠰᠦᠨ ᠪᠦᠷᠬᠦᠪᠴᠢ ᠪᠠᠷ ᠲᠠᠮᠵᠢᠨ ᠬᠦᠮᠦᠨ ᠳᠤ ᠬᠠᠯᠳᠠᠪᠣᠷᠢᠯᠠᠳᠠᠭ᠃ ᠪᠠᠰᠨ ᠡᠪᠡᠳᠴᠢᠨ ᠲᠠᠢ ᠮᠠᠯ ᠪᠣᠯᠣᠨ ᠲᠡᠬᠦᠨ ᠤ ᠣᠷᠴᠢᠨ ᠲᠣᠭᠤᠷᠢᠨ ᠳᠤ ᠪᠠᠶᠢᠭ᠎ᠠ ᠪᠣᠳᠠᠰ ᠠᠴᠠ  ᠴᠣ᠋ ᠬᠠᠯᠳᠠᠪᠣᠷᠢᠯᠠᠳᠠᠭ᠃          3. ᠰᠢᠩᠬᠡᠬᠡᠯᠳᠡ ᠶᠢᠨ ᠰᠢᠰᠲ᠋ᠧᠮ ᠢᠶᠠᠷ ᠬᠠᠯᠳᠠᠪᠣᠷᠢᠯᠠᠨ᠎ᠠ᠃ ᠪᠷᠦ᠋ᠼᠧᠯ ᠤᠨ  ᠪᠠᠺᠲ᠋ᠧᠷᠢ  ᠠᠭᠤᠯᠣᠭᠳᠠᠭᠰᠠᠨ  ᠴᠢᠨᠠᠵᠦ ᠪᠣᠯᠭᠤᠭᠠᠭᠰᠠᠨ ᠦᠬᠡᠢ ᠮᠢᠬ᠎ᠠ᠂ ᠰᠦ ᠢᠳᠡᠵᠦ ᠣᠣᠭᠤᠪᠠᠯ ᠠᠮᠠᠷᠬᠠᠨ ᠬᠠᠯᠳᠠᠪᠣᠷᠢᠯᠠᠨ᠎ᠠ᠃                            4.  ᠠᠮᠢᠰᠬᠤᠯ ᠤᠨ  ᠵᠠᠮ ᠢᠶᠠᠷ  ᠬᠠᠯᠳᠠᠪᠣᠷᠢᠯᠠᠳᠠᠭ᠃  ᠭᠤᠣᠯᠳᠠᠭᠤ  ᠪᠷᠦ᠋ᠼᠧᠯ ᠤᠨ  ᠪᠠᠺᠲ᠋ᠧᠷᠢ   ᠲᠠᠢ   ᠬᠤᠮᠠᠬᠢ ᠲᠣᠭᠤᠰᠣ ᠶᠢ ᠠᠮᠢᠰᠬᠤᠪᠠᠯ ᠲᠣᠰ ᠡᠪᠡᠳᠴᠢᠨ ᠬᠠᠯᠳᠠᠪᠤᠷᠢᠯᠠᠭᠳᠠᠳᠠᠭ᠃ ᠠᠷᠠᠰᠣ ᠨᠣᠣᠰᠣᠨ ᠤ  ᠣᠶᠢᠯᠡᠳᠪᠣᠷᠢ ᠶᠢᠨ  ᠠᠵᠢᠯᠴᠢᠨ᠂ ᠪᠷᠦ᠋ᠼᠧᠯ ᠤᠨ ᠪᠠᠺᠲ᠋ᠧᠷᠢ ᠶᠢᠨ ᠲᠣᠷᠰᠢᠯᠳᠠ ᠶᠢᠨ ᠦᠷᠦᠬᠡᠨ ᠳ᠋ᠡ᠊ ᠲᠣᠰ ᠡᠪᠡᠳᠴᠢᠨ  ᠢ ᠡᠷᠳᠡ ᠣᠨᠣᠰᠢᠯᠠᠬᠤ ᠳᠤ ᠬᠦᠴᠢᠷ ᠲᠠᠢ ᠪᠠᠶᠢᠳᠠᠭ ᠤᠨ ᠰᠢᠯᠳᠠᠭᠠᠨ᠄          1. ᠪᠷᠦ᠋ᠼᠧᠯ ᠡᠪᠡᠳᠴᠢᠨ ᠳᠤ ᠨᠡᠷᠪᠡᠭᠳᠡᠭᠰᠡᠳ ᠭᠤᠣᠯᠳᠠᠭᠤ ᠬᠠᠯᠠᠭᠤᠷᠠᠬᠤ᠂ ᠲᠠᠮᠢᠷᠳᠠᠬᠤ᠂ ᠬᠦᠯᠦᠰᠦ ᠭᠠᠷᠬᠤ ᠦᠶ᠎ᠡ ᠬᠡᠰᠢᠬᠦᠦ ᠡᠪᠡᠳᠬᠦ  ᠵᠡᠷᠬᠡ  ᠡᠪᠡᠳᠴᠢᠨ ᠤ  ᠢᠯᠡᠷᠡᠯ   ᠲᠠᠢ  ᠪᠠᠶᠢᠳᠠᠭ᠂  ᠪᠣᠰᠣᠳ  ᠣᠯᠠᠨ  ᠲᠦᠷᠦᠯ ᠤᠨ  ᠡᠪᠡᠳᠴᠢᠨ   ᠲᠠᠢ ᠠᠳᠠᠯᠢᠬᠠᠨ ᠢᠶᠠᠷ ᠣᠨᠴᠠᠭᠠᠢ ᠢᠯᠡᠷᠡᠯ  ᠦᠬᠡᠢ  ᠮᠦᠷᠳᠡᠬᠡᠨ  ᠢᠯᠡᠷᠡᠯ   ᠨᠢ  ᠬᠠᠷᠢᠴᠠᠩᠭᠤᠢ   ᠪᠠᠷ  ᠬᠦᠩᠬᠡᠨ  ᠪᠠᠶᠢᠳᠠᠭ  ᠲᠤᠯᠠ ᠡᠪᠡᠳᠴᠢᠳᠡᠳ ᠶᠡᠷᠦ ᠳᠡᠭᠡᠨ ᠡᠮᠨᠡᠯᠬᠡ ᠳᠤ ᠣᠴᠢᠵᠦ ᠪᠠᠶᠢᠴᠠᠭᠠᠯᠭᠠᠳᠠᠭ ᠦᠬᠡᠢ᠃          2. ᠡᠮᠴᠢ ᠨᠠᠷ ᠣᠨᠴᠠᠭᠠᠶᠢᠯᠠᠨ ᠮᠠᠯᠵᠢᠬᠤ ᠣᠷᠣᠨ ᠤ ᠪᠣᠰᠣ ᠡᠮᠨᠡᠯᠬᠡ ᠶᠢᠨ ᠠᠵᠢᠯᠳᠠᠳ ᠲᠤ ᠡᠨᠡ  ᠬᠦ  ᠡᠪᠡᠳᠴᠢᠨ ᠤ ᠲᠤᠬᠠᠢ ᠲᠠᠨᠢᠯᠳᠠ ᠲᠣᠳᠠᠮᠠᠭ ᠪᠠᠶᠢᠳᠠᠭ᠃ ᠲᠠᠩᠳᠠ ᠰᠢᠯᠳᠠᠭᠠᠨ ᠦᠬᠡᠢ ᠪᠠᠷ ᠬᠠᠯᠠᠭᠤᠷᠠᠬᠤ᠂  ᠰᠢᠯᠳᠠᠭᠠᠨ  ᠦᠬᠡᠢ   ᠪᠠᠷ  ᠦᠶ᠎ᠡ ᠬᠡᠰᠢᠬᠦᠦ ᠡᠪᠡᠳᠬᠦ ᠵᠡᠷᠬᠡ ᠪᠠᠷ ᠲᠣᠳᠣᠯᠠᠵᠦ᠂ ᠰᠦᠷᠢᠶ᠎ᠠ ᠡᠪᠡᠳᠴᠢᠨ᠂  ᠬᠡᠷᠦᠬᠦ ᠴᠢᠨᠠᠷᠳᠠᠢ ᠲᠠᠷᠬᠠᠯᠠᠭ᠎ᠠ ᠶᠢᠨ ᠡᠪᠡᠳᠴᠢᠨ᠂  ᠴᠢᠰᠣᠨ ᠰᠢᠰᠲ᠋ᠧᠮ ᠤᠨ ᠡᠪᠡᠳᠴᠢᠨ ᠵᠡᠷᠬᠡ ᠲᠠᠯ᠎ᠠ ᠪᠠᠷ ᠣᠴᠢᠵᠦ ᠡᠪᠡᠳᠴᠢᠨ ᠤ  ᠰᠢᠯᠳᠠᠭᠠᠨ ᠢ  ᠪᠣᠳᠣᠯᠬᠢᠯᠠᠳᠠᠭ ᠠᠴᠠ  ᠪᠢᠰᠢ᠂  ᠬᠠᠷᠢᠨ ᠪᠷᠦ᠋ᠼᠧᠯ ᠤᠨ ᠡᠪᠡᠳᠴᠢᠨ ᠬᠡᠰᠡᠨ ᠢ ᠪᠣᠳᠣᠵᠦ ᠣᠯᠳᠠᠭ ᠦᠬᠡᠢ ᠶᠤᠮ᠃          3. ᠪᠷᠦ᠋ᠼᠧᠯ ᠡᠪᠡᠳᠴᠢᠨ ᠢ ᠲᠣᠳᠣᠯᠠᠨ ᠡᠮᠴᠢᠯᠡᠬᠦ ᠴᠢᠰᠦᠨ ᠴᠠᠶᠢᠪᠠᠩ ᠤᠨ ᠰᠣᠳᠣᠯᠣᠯ   ᠢ  ᠣᠯᠠᠩᠬᠢ  ᠡᠮᠨᠡᠯᠬᠡ ᠶᠢᠨ ᠬᠤᠷᠢᠶᠠᠨ ᠳᠤ ᠬᠢᠵᠦ ᠴᠢᠳᠠᠳᠠᠭ ᠦᠬᠡᠢ᠃ ᠪᠠᠰᠨ ᠴᠢᠰᠦ  ᠦᠷᠡᠵᠢᠭᠦᠯᠬᠦ   ᠳᠤ  ᠨᠡᠯᠢᠶᠡᠳ  ᠣᠷᠳᠣ  ᠬᠤᠭᠤᠴᠠᠭ᠎ᠠ  ︵ᠬᠡᠪ ᠤᠨ ᠪᠠᠶᠢᠳᠠᠯ ᠳᠤ 7~8 ᠬᠤᠨᠤᠭ ᠬᠡᠷᠡᠭᠯᠡᠨ᠎ᠡ︶ ᠱᠠᠭᠠᠷᠳᠠᠳᠠᠭ ᠮᠦᠷᠳᠡᠬᠡᠨ ᠡᠶᠡᠷᠬᠦ ᠣᠷᠪᠠᠯ ᠨᠢ ᠬᠠᠷᠢᠴᠠᠩᠭᠤᠢ  ᠲᠣᠣᠷ᠎ᠠ  ᠪᠠᠶᠢᠳᠠᠭ ᠵᠡᠷᠭᠡ ᠨᠢ ᠪᠷᠦ᠋ᠼᠧᠯ ᠡᠪᠡᠳᠴᠢᠨ ᠢ ᠡᠷᠳᠡ ᠲᠣᠳᠣᠯᠠᠬᠤ ᠶᠢ ᠨᠦᠯᠦᠬᠡᠯᠡᠳᠡᠭ᠃          ᠡᠷᠳᠡ ᠠᠴᠠ ᠣᠨᠣᠰᠢᠯᠠᠵᠤ ᠡᠮᠴᠢᠯᠡᠬᠦᠯᠪᠡᠯ 90% ᠶᠢᠨ ᠡᠪᠡᠳᠴᠢᠳᠡᠨ ᠡᠳᠡᠬᠡᠷᠡᠬᠦ ᠪᠣᠯᠣᠮᠵᠢᠳᠠᠢ                          ᠪᠷᠦ᠋ᠼᠧᠯ ᠡᠪᠡᠳᠴᠢᠨ ᠣᠯᠣᠭᠰᠨᠨ ᠤ ᠲᠠᠷᠠᠭ᠎ᠠ ᠡᠷᠳᠡ ᠠᠴᠠ ᠲᠣᠳᠣᠯᠠᠵᠦ ᠡᠮᠴᠢᠯᠡᠬᠦᠯᠪᠡᠯ 90% ᠠᠴᠠ ᠲᠡᠭᠡᠭᠰᠢᠬᠢ ᠡᠪᠡᠳᠴᠢᠳᠡᠨ ᠡᠳᠡᠬᠡᠷᠡᠬᠦ ᠪᠣᠯᠣᠮᠵᠢᠳᠠᠢ᠃ ᠨᠢᠭᠤᠳᠠᠮᠠᠯ ᠴᠢᠨᠠᠷᠳᠠᠢ ᠬᠠᠯᠳᠠᠪᠣᠷᠢᠯᠠᠯ ᠪᠣᠯ ᠠᠶᠣᠵᠦ ᠪᠠᠴᠢᠮᠳᠠᠬᠤ ᠬᠡᠷᠡᠭ ᠦᠬᠡᠢ᠃ ᠶᠠᠮᠠᠷ ᠴᠣ᠋ ᠡᠪᠡᠳᠴᠢᠨ ᠤ ᠢᠯᠡᠷᠡᠯ ᠦᠬᠡᠢ ᠪᠠᠶᠢᠪᠠᠯ ᠪᠡᠶ᠎ᠡ  ᠲᠣᠳᠣᠷᠠᠬᠢ  ᠡᠪᠡᠳᠴᠢᠨ ᠤ  ᠪᠠᠺᠲ᠋ᠧᠷᠢ  ᠦᠬᠡᠢ  ᠪᠣᠯᠣᠭᠰᠠᠨ  ᠭᠡᠳᠡᠭ   ᠢ ᠬᠠᠷᠠᠭᠤᠯᠵᠤ ᠪᠠᠶᠢᠨ᠎ᠠ᠃ ᠡᠨᠡ ᠦᠶᠡᠰ ᠡᠮᠴᠢᠯᠡᠬᠦᠯᠬᠦ ᠬᠡᠷᠡᠭ ᠦᠬᠡᠢ ᠮᠦᠷᠳᠡᠬᠡᠨ ᠪᠣᠰᠣᠳ ᠬᠦᠮᠦᠨ   ᠳᠤ  ᠴᠣ᠋  ᠬᠠᠯᠳᠠᠪᠣᠷᠢᠯᠠᠬᠤ ᠦᠬᠡᠢ ᠶᠣᠮ᠃          ᠪᠷᠦ᠋ᠼᠧᠯ ᠡᠪᠡᠳᠴᠢᠨ ᠢ ᠰᠡᠷᠬᠡᠶᠢᠯᠡᠬᠦ ᠳᠤ ᠦᠪᠡᠷ ᠢ ᠪᠠᠨ ᠰᠠᠶᠢᠨ ᠬᠠᠮᠠᠭᠠᠯᠠᠬᠤ ᠬᠡᠷᠡᠭᠳᠠᠢ          ᠲᠣᠰ ᠡᠪᠡᠳᠴᠢᠨ ᠪᠣᠯ ᠠᠮᠢᠳᠠᠨ ᠠᠴᠠ ᠡᠬᠦᠰᠦᠯᠳᠠᠢ ᠬᠠᠯᠳᠠᠪᠣᠷᠢᠳᠣ ᠡᠪᠡᠳᠴᠢᠨ  ᠪᠣᠯᠬᠤᠷ  ᠰᠡᠷᠬᠡᠶᠢᠯᠡᠨ  ᠬᠤᠷᠢᠭᠯᠠᠵᠤ ᠪᠣᠯᠳᠠᠭ ᠶᠣᠮ᠃ ᠨᠢᠬᠡ ᠳᠤ᠂ ᠬᠡᠷ ᠤᠨ ᠲᠡᠵᠢᠬᠡᠪᠣᠷᠢ ᠳᠡᠭᠡᠨ ᠰᠡᠷᠭᠡᠶᠢᠯᠡᠯᠲᠡ ᠶᠢᠨ ᠵᠡᠬᠦᠦ ᠲᠠᠷᠢᠬᠤ  ᠬᠡᠷᠡᠭᠳᠠᠢ︔  ᠬᠤᠶᠠᠷ   ᠲᠤ᠂ ᠡᠳᠦᠷ ᠳᠣᠳᠥᠮ ᠬᠡᠷ ᠤᠨ ᠲᠡᠵᠢᠬᠡᠪᠣᠷᠢ ᠳᠡᠭᠡᠨ ᠪᠠᠶᠢᠴᠠᠭᠠᠯᠳᠠ ᠬᠢᠵᠦ᠂ ᠡᠪᠡᠳᠴᠢᠨ ᠲᠠᠢ ᠮᠠᠯ ᠢᠯᠡᠷᠡᠪᠡᠯ ᠲᠣᠰᠠᠭᠠᠷᠯᠠᠵᠦ  ᠬᠤᠷᠢᠬᠤ ᠪᠣᠶᠣ ᠪᠣᠰᠣᠳ ᠠᠷᠭ᠎ᠠ ᠪᠠᠷ ᠰᠢᠢᠳᠪᠣᠷᠢᠯᠡᠨ᠎ᠡ᠃                  ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号