| ᠵᠠᠭᠳᠠᠷ᠂ ᠭᠦᠯᠦ ᠴᠠᠭᠠᠨ ᠬᠤᠨᠢᠨ ᠰᠦᠷᠦᠭ ᠤᠨ ᠴᠠᠭᠠᠨ ᠬᠤᠭᠤᠯᠠᠢ ᠬᠡᠮᠡᠬᠦ ᠭᠠᠵᠠᠷ ᠨᠣᠲᠤᠭ ᠲᠠᠢ ︵ | ᠣᠳᠣᠬᠢ ᠰᠢᠯᠣᠭᠤᠨ ᠬᠥᠬᠡ ᠬᠤᠰᠢᠭᠤᠨ ᠤ ᠶᠡᠬᠡᠬᠠᠶᠢᠷᠬᠠᠨ ᠰᠣᠮᠣ︶ ᠵᠠᠭᠳᠠᠷ ᠭᠡᠳᠡᠭ ᠨᠡᠷ᠎ᠡ ᠲᠠᠢ ᠠᠮᠪᠠᠨ ᠪᠠᠶᠢᠵᠠᠢ᠃ | ᠲᠡᠭᠦᠨ ᠤ ᠳᠣᠬᠠᠢ ᠠᠷᠠᠳ ᠲᠥᠮᠡᠨ ᠤ ᠳᠣᠮᠳᠠ ︽ᠵᠠ᠊ ᠠᠮᠪᠠᠨ ᠳᠣᠯᠣᠭᠠᠨ ᠦᠶ᠎ᠡ ᠨᠣᠶᠠᠨ ᠰᠠᠭᠤᠭᠰᠠᠨ︾ ᠵᠡᠷᠭᠡ | ᠠᠯᠢ ᠣᠯᠠᠨ ᠣᠯᠠᠮᠵᠢᠯᠠᠯ ᠶᠠᠷᠢᠶ᠎ᠠ ᠪᠠᠶᠢᠳᠠᠭ ᠪᠣᠯᠪᠠᠴᠤ ᠴᠣᠬᠤᠮ ᠠᠯᠢ ᠣᠨ ᠳᠤ ᠶᠠᠮᠠᠷ ᠨᠣᠶᠠᠨ ᠤ ᠭᠡᠷ ᠲᠤ | ᠲᠥᠷᠦᠭᠰᠡᠨ ᠨᠢ ᠲᠣᠳᠣᠷᠬᠠᠢ ᠦᠭᠡᠢ ᠪᠠᠶᠢᠨ᠎ᠠ᠃ | ᠵᠠ᠊ ᠠᠮᠪᠠᠨ ᠢ ᠵᠠᠷᠢᠮ ᠬᠦᠮᠦᠨ ︽ᠵᠠᠭᠳᠣᠷᠵᠢ︾ ᠭᠡᠰᠡᠨ ᠨᠡᠷ᠎ᠡ ᠲᠠᠢ ᠭᠡᠵᠦ ᠬᠡᠯᠡᠳᠡᠭ᠃ ᠭᠡᠪᠡᠴᠦ ᠴᠢᠩ ᠣᠯᠣᠰ ᠤᠨ | ᠦᠶ᠎ᠡ ᠳᠠᠬᠢ ︽ᠮᠣᠩᠭᠤᠯ ᠤᠨ ᠳᠣᠬᠠᠢ ᠮᠠᠭᠠᠳ ᠬᠠᠣᠯᠢ ︵清季蒙古实录︶︾ ᠭᠡᠬᠦ ᠪᠢᠴᠢᠭ ᠲᠤ | ︽扎格多尔︾ ᠭᠡᠵᠦ ᠲᠡᠮᠳᠡᠭᠯᠡᠵᠦ ᠪᠠᠶᠢᠬᠤ ᠲᠣᠯᠠ ᠠᠳᠡ ᠮᠣᠩᠭᠤᠯ ᠢᠶᠠᠷ ᠵᠠᠭᠳᠠᠷ ᠭᠡᠵᠦ ᠲᠡᠮᠳᠡᠭᠯᠡᠪᠡ᠃ | ᠵᠠᠭᠳᠠᠷ ᠠᠮᠪᠠᠨ ᠰᠠᠭᠤᠬᠤ ᠠᠴᠠ ᠡᠮᠦᠨ᠎ᠡ ᠬᠠᠷ᠎ᠠ ᠲᠠᠮᠠᠬᠢ ᠶᠢᠨ ᠳᠠᠶᠢᠨ ᠤ ᠦᠶ᠎ᠡ ᠳᠤ ᠴᠡᠷᠢᠭ ᠳᠠᠶᠢᠨ | ᠶᠣᠮ ᠦᠦ᠂ ᠥᠭᠡᠷ᠎ᠡ ᠶᠠᠮᠠᠷ ᠨᠢᠭᠡᠨ ᠭᠦᠷᠦᠨ ᠲᠥᠷᠦ ᠳᠤ ᠭᠠᠪᠢᠶ᠎ᠠ ᠲᠠᠢ ᠠᠵᠢᠯ ᠬᠢᠵᠦ ᠡᠵᠡᠨ ᠬᠠᠭᠠᠨ ᠲᠠᠢ | ᠪᠠᠷᠠᠳᠠᠭᠰᠠᠨ ᠪᠠᠶᠢᠵᠠᠢ᠃ ᠬᠠᠭᠠᠨ ᠡᠵᠡᠨ ᠲᠡᠭᠦᠨ ᠠᠴᠠ ︽ᠴᠢᠨᠤ ᠨᠣᠲᠤᠭ ᠲᠤ ᠶᠠᠮᠠᠷ ᠭᠠᠷᠣᠯᠲᠠ ᠪᠠᠶᠢᠳᠠᠭ ᠪᠣᠢ︖ | ︾ ᠭᠡᠵᠦ ᠠᠰᠠᠭᠤᠵᠠᠢ᠃ ᠵᠠᠭᠳᠠᠷ ︽ᠮᠢᠨᠤ ᠨᠣᠲᠤᠭ ᠲᠤ ᠶᠡᠭᠡ ᠳᠠᠭ᠎ᠠ ᠬᠡᠮᠡᠬᠦ ᠬᠤᠵᠢᠷ ᠭᠠᠷᠳᠠᠭ ᠨᠢᠭᠡ ᠨᠠᠭᠤᠷ | ᠪᠠᠶᠢᠳᠠᠭ︾ ᠭᠡᠵᠦ ᠬᠠᠷᠢᠭᠤᠯᠵᠠᠢ᠃ ᠬᠠᠭᠠᠨ ᠡᠵᠡᠨ ︽ᠵᠠ᠂ ᠴᠢᠩᠭᠢᠪᠡᠯ ᠴᠢᠮᠠᠢᠢ ᠭᠤᠷᠪᠠᠨ ᠬᠤᠰᠢᠭᠤ ᠳᠠᠷᠢᠭᠠᠩᠭ᠎ᠠ | ᠦᠬᠡᠷ ᠬᠤᠨᠢᠨ ᠰᠦᠷᠦᠭ ᠤᠨ ᠠᠮᠪᠠᠨ ᠳᠡᠪᠰᠢᠭᠦᠯᠵᠦ᠂ ᠲᠡᠷᠡ ᠨᠠᠭᠤᠷ ᠢ ᠴᠢᠮ᠎ᠠ ᠳᠤ ᠱᠠᠩᠨᠠᠵᠤ ᠥᠭᠭᠦᠶ᠎ᠡ︾ ᠭᠡᠰᠡᠨ | ᠭᠡᠨ᠎ᠡ᠃ ᠵᠠᠭᠳᠠᠷ ᠬᠠᠭᠠᠨ ᠤ ᠬᠦᠨᠳᠦ ᠭᠡᠰᠢᠭ ᠢ ᠬᠦᠷᠲᠡᠵᠦ ᠢᠷᠡᠭᠡᠳ ᠶᠡᠭᠡ ᠨᠠᠶᠢᠷ ᠬᠢᠵᠦ ᠶᠡᠭᠡ ᠳᠠᠭ᠎ᠠ ᠨᠠᠭᠤᠷ ᠢ ︽ | ᠱᠠᠩ ᠤᠨ ᠳᠠᠯᠠᠢ︾ ᠬᠡᠮᠡᠨ ᠨᠡᠷᠡᠶᠢᠳᠦᠭᠰᠡᠨ ᠠᠴᠠ ᠡᠨᠡ ᠨᠡᠷ᠎ᠡ ᠶᠠᠪᠣᠭᠠᠨ ᠳᠠᠭᠠᠨ ᠠᠪᠢᠶ᠎ᠠ ᠬᠤᠪᠢᠷᠠᠨ ︽ᠰᠠᠩ ᠤᠨ | ᠳᠠᠯᠠᠢ︾ ᠪᠣᠯᠣᠭᠰᠨ ᠭᠡᠳᠡᠭ ᠳᠣᠮᠤᠭ ᠲᠠᠢ᠃ | ᠳᠣᠬᠠᠢ ᠶᠢᠨ ᠦᠶ᠎ᠡ ᠳᠤ ᠠᠮᠪᠠᠨ ᠭᠤᠳᠠᠭᠠᠷ ᠵᠡᠷᠭᠡ ᠳᠦᠰᠢᠮᠡᠯ᠂ ᠬᠥᠬᠡ ᠪᠢᠳᠣᠷᠶᠠ ᠵᠢᠩᠰᠡ ᠲᠠᠢ᠂ ᠵᠢᠯ | ᠤᠨ ᠹᠦᠩᠯᠦ 240 ᠯᠠᠩ ᠴᠠᠭᠠᠨ ᠮᠥᠩᠭᠦ ᠪᠠᠶᠢᠳᠠᠭ ᠪᠠᠶᠢᠵᠠᠢ᠃ | ᠵᠠᠭᠳᠠᠷ ᠠᠮᠪᠠᠨ ᠰᠠᠩ ᠤᠨ ᠳᠠᠯᠠᠢ ᠶᠢᠨ ᠬᠤᠵᠢᠷ ᠤᠨ ᠭᠠᠷᠣᠯᠲᠠ ᠶᠢ ᠡᠵᠡᠮᠰᠢᠨ ᠴᠠᠭᠠᠨ ᠬᠤᠭᠤᠯᠠᠢ ᠳᠤ ᠨᠠᠢᠮᠠᠨ | ᠲᠠᠯ᠎ᠠ ᠲᠠᠢ ᠣᠷᠳᠣᠨ ᠪᠠᠶᠢᠭᠤᠯᠣᠭᠰᠠᠨ ᠪᠥᠭᠡᠳ ᠪᠠᠰᠠ ᠨᠢᠭᠡ ᠰᠠᠭᠤᠷᠢ ᠰᠦᠮ᠎ᠡ ᠪᠠᠷᠢᠵᠤ᠂ ᠳᠣᠲᠣᠷ᠎ᠠ ᠨᠢ ᠳᠣᠬᠤᠢ | ᠥᠨᠳᠦᠷ ᠠᠯᠳᠠᠳᠠᠮᠠᠯ ᠮᠢᠩᠭᠠᠨ ᠳ᠋ᠠᠷ᠎ᠠ ᠡᠬᠡ ᠪᠣᠷᠬᠠᠨ ᠤ ᠬᠥᠷᠦᠭ ᠢ ᠪᠥᠲᠦᠭᠡᠵᠦ ᠳᠠᠬᠢᠵᠠᠢ᠃ ᠲᠡᠷᠡ ᠰᠠᠩ ᠤᠨ ᠳᠠᠯᠠᠢ | ᠶᠢᠨ ᠬᠤᠵᠢᠷ ᠤᠨ ᠭᠠᠷᠣᠯᠲᠠ ᠶᠢ ᠡᠵᠡᠮᠰᠢᠨ ᠢᠳᠡᠬᠦ ᠳᠡᠭᠡᠨ ᠡᠷᠦᠬᠡ ᠪᠦᠷᠢ ᠠᠴᠠ ᠭᠠᠷᠭᠠᠭᠰᠠᠨ ᠬᠤᠵᠢᠷ ᠤᠨ ᠬᠢᠨᠢ | ᠬᠡᠮᠵᠢᠶ᠎ᠡ ᠪᠠᠷ ᠳᠣᠭᠳᠠᠮᠠᠯ ᠮᠥᠩᠭᠦ ᠳᠠᠲᠠᠵᠤ ᠠᠪᠳᠠᠭ ᠪᠠᠶᠢᠵᠠᠢ᠃ ᠬᠤᠵᠢᠷ ᠤᠨ ᠳ᠋ᠢᠶᠠᠨ ᠤ ᠯᠣᠣᠭᠠᠷ ᠨᠣᠶᠠᠳ ᠪᠠᠶᠠᠳ | ᠤᠨ ᠭᠠᠷᠭᠠᠭᠰᠠᠨ ᠬᠤᠵᠢᠷ ᠢ ᠣᠷᠢᠳᠴᠢᠯᠠᠵᠤ ᠠᠪᠬᠤ ᠠᠴᠠ ᠪᠢᠰᠢ᠂ ᠬᠠᠷᠢᠨ ᠴᠢᠳᠠᠯ ᠦᠭᠡᠢ ᠬᠠᠷᠠᠴᠤ ᠠᠷᠠᠳ ᠤᠨ | ᠭᠠᠷᠭᠠᠭᠰᠠᠨ ᠬᠤᠵᠢᠷ ᠢ ᠠᠪᠬᠤ ᠦᠭᠡᠢ ᠬᠤᠶᠢᠰᠢᠯᠠᠭᠤᠯᠳᠠᠭ ᠪᠣᠯᠬᠤᠷ ᠠᠮᠪᠠᠨ ᠳᠤ ᠬᠤᠵᠢᠷ ᠤᠨ ᠮᠥᠩᠭᠦ ᠶᠢ ᠬᠡᠷᠬᠢᠨ | ᠴᠠᠭ ᠳᠣᠬᠠᠢ ᠳᠤᠨᠢ ᠳᠣᠰᠢᠶᠠᠵᠤ ᠴᠢᠳᠠᠬᠤ ᠠᠵᠠᠢ︕ ᠠᠮᠪᠠᠨ ᠲᠡᠭᠦᠨ ᠢ ᠥᠯᠦ ᠬᠠᠶᠢᠬᠤᠷᠣᠨ ᠠᠷᠠᠳ ᠠᠴᠠ | ᠠᠯᠪᠠᠳᠠᠨ ᠠᠪᠴᠤ ᠣᠯᠠᠨ ᠤ ᠳᠣᠷ᠎ᠠ ᠦᠭᠡᠶᠢᠴᠡᠯ ᠢ ᠬᠦᠷᠭᠡᠭᠰᠡᠨ ᠪᠥᠭᠡᠳ ᠰᠦᠷᠦᠭ ᠤᠨ ᠨᠣᠶᠠᠳ ᠵᠢᠴᠢ ᠰᠦᠷᠦᠭ | ᠤᠨ ᠳ᠋ᠠ ᠮᠠᠶᠢᠷᠠᠨ ᠤ ᠴᠠᠯᠢᠩ᠂ ᠰᠦᠷᠦᠭ ᠤᠨ ᠬᠦᠮᠦᠨ ᠳᠤ ᠥᠭᠳᠡᠭ ᠳᠠᠬ᠎ᠠ ᠳᠠᠪᠬᠤᠴᠠᠭᠠᠨ ᠤ ᠮᠥᠩᠭᠦ ᠶᠢ ᠵᠠᠮ | ᠠᠴᠠ ᠨᠢ ᠱᠠᠮᠰᠢᠭᠰᠠᠨ ᠠᠴᠠ ᠬᠤᠨᠢᠨ ᠰᠦᠷᠦᠭ ᠤᠨ ︽ᠨᠠᠢᠮᠠᠨ ᠰᠠᠷᠠᠯ︾ ᠬᠡᠮᠡᠨ ᠠᠯᠳᠠᠷᠰᠢᠭᠰᠠᠨ ᠳᠠᠸᠠ ᠪᠠᠨᠳᠢ᠂ | ᠳᠠᠩᠰᠠᠨ ᠤ ᠳᠠᠶᠢᠳᠣᠨ᠂ ᠰᠠᠬᠠᠯᠲᠤ ᠲᠥᠮᠡᠨ᠋ᠦ᠋ᠯᠵᠡᠢ᠂ ᠮᠠᠨᠳᠣᠤ ᠮᠣᠯᠠᠨ ᠵᠡᠷᠭᠡ ᠬᠦᠮᠦᠰ ᠠᠷᠠᠳ ᠣᠯᠠᠨ ᠤ ᠰᠠᠨᠠᠯ ᠢ | ᠲᠥᠯᠦᠭᠡᠯᠡᠨ᠂ ᠴᠠᠬᠠᠷ ᠳ᠋ᠦᠲ᠋ᠦ᠋ᠩ ᠤᠨ ᠶᠠᠮᠣᠨ ᠤ ᠬᠤᠩᠬ᠎ᠠ ᠶᠢ ᠰᠦᠨᠢ ᠪᠠᠷ ᠴᠣᠬᠢᠵᠤ᠂ ᠵᠠᠭᠳᠠᠷ ᠵᠡᠷᠭᠡ ᠰᠦᠷᠦᠭ | ᠤᠨ ᠨᠣᠶᠠᠳ ᠢ ᠵᠠᠭᠠᠯᠳᠣᠵᠤ ᠵᠡᠷᠭᠡ ᠶᠢ ᠨᠢ ᠠᠪᠣᠭᠤᠯᠵᠤ᠂ ᠮᠣᠷᠢᠨ ᠫᠣᠯᠣ ᠪᠠᠷ ᠵᠢᠩᠰᠡ ᠶᠢ ᠨᠢ ᠬᠤᠷᠢᠶᠠᠭᠰᠠᠨ ᠭᠡᠳᠡᠭ | ᠤᠯᠠᠮᠵᠢᠯᠠᠯ ᠶᠡᠷᠢᠶ᠎ᠡ ᠪᠠᠶᠢᠳᠠᠭ᠃ | ᠴᠢᠩ ᠣᠯᠣᠰ ᠤᠨ ᠦᠶ᠎ᠡ ᠶᠢᠨ ︽ᠮᠣᠩᠭᠤᠯ ᠤᠨ ᠳᠣᠬᠠᠢ ᠮᠠᠭᠠᠳ ᠬᠠᠣᠯᠢ︾ ᠳᠤ ︽ᠲᠥᠷᠦ | ᠭᠡᠷᠡᠯᠲᠦ ᠶᠢᠨ ᠨᠠᠢᠮᠠᠳᠣᠭᠠᠷ ᠣᠨ ︵1858 ᠣᠨ︶ ᠳᠤ ᠴᠠᠬᠠᠷ ᠤᠨ ᠦᠭᠡᠷ ᠬᠤᠨᠢᠨ ᠰᠦᠷᠦᠭ ᠤᠨ ᠠᠷᠠᠬᠤ | ᠬᠤᠰᠠᠢ ᠭᠡᠰᠢᠭᠵᠢᠷᠭᠠᠯ ᠵᠡᠷᠭᠡ ᠠᠮᠪᠠᠨ᠂ ᠢᠯᠡᠬᠢ ᠠᠮᠪᠠᠨ ᠢᠶᠠᠨ ᠵᠠᠭᠠᠯᠳᠣᠵᠤ ᠠᠮᠪᠠᠨ ᠵᠠᠭᠳᠠᠷ᠂ ᠢᠯᠡᠬᠢ ᠠᠮᠪᠠᠨ | ᠭᠦᠩᠭᠠᠨᠢᠮᠠ ᠶᠢᠨ ᠵᠡᠷᠭᠡ ᠳᠣᠰᠢᠶᠠᠯ ᠢ ᠣᠭᠴᠠᠷᠠᠭᠤᠯᠣᠭᠰᠠᠨ ᠪᠥᠭᠡᠳ ᠢᠯᠡᠬᠢ ᠠᠮᠪᠠᠨ ᠰᠠᠮᠳᠠᠢ᠂ ᠬᠤᠰᠠᠢ ᠳ᠋ᠠ | ᠭᠠᠯᠰᠠᠩᠳᠠᠷᠵᠠ᠂ ᠨᠠᠮᠵᠢᠯᠳᠣᠷᠵᠢ᠂ ᠵᠠᠪᠵᠢᠯᠢᠭ᠌᠂ ᠵᠠᠩᠰᠠᠩᠭᠠᠯᠰᠠᠩ᠂ ᠭᠠᠷ ᠤᠨ ᠳᠠᠷᠤᠭ᠎ᠠ ᠪᠠᠲᠣᠨᠠᠰᠣᠨ ᠨᠠᠷ ᠤᠨ | ᠳᠣᠰᠢᠶᠠᠯ ᠢ ᠨᠢ ᠤᠭᠴᠠᠷᠠᠭᠤᠯᠵᠠᠢ᠃ ᠭᠡᠰᠢᠭᠵᠢᠷᠭᠠᠯ ᠨᠠᠷ ᠤᠨ ᠵᠠᠭᠠᠯᠳᠣᠯᠭ᠎ᠠ ᠦᠨᠡᠨ ᠣᠴᠢᠷ ᠤᠳ ᠲᠠᠢ ᠨᠡᠶᠢᠴᠡᠵᠦ | ᠪᠠᠶᠢᠭ᠎ᠠ ᠪᠣᠯᠪᠠᠴᠤ ᠳᠣᠣᠷᠠᠬᠢ ᠬᠠᠷᠢᠶᠠᠲᠤ ᠨᠠᠷ ᠳᠡᠭᠡᠷᠡᠬᠢ ᠨᠣᠶᠠᠳ ᠳᠦᠰᠢᠮᠡᠯ ᠢᠶᠠᠨ ᠵᠠᠭᠠᠯᠳᠣᠬᠤ ᠰᠣᠷᠲᠠᠯ ᠢ ᠨᠡᠬᠡᠵᠦ | ᠪᠣᠯᠬᠤ ᠦᠭᠡᠢ ᠲᠣᠯᠠ ᠬᠤᠰᠠᠢ ᠳ᠋ᠠ ᠭᠡᠰᠢᠭᠵᠢᠷᠭᠠᠯ᠂ ᠹᠦᠯᠦ ᠪᠠᠶᠢᠯᠲᠤ᠂ ᠪᠣᠨᠢᠶᠠ᠂ ᠠᠷᠢᠶᠠᠨᠣᠮᠤᠳᠤ᠂ ᠵᠣᠸᠠᠩᠳᠠ | ᠦᠨᠡᠨ᠂ ᠨᠠᠮᠵᠢᠯᠰᠡᠷᠡᠩ᠂ ᠳᠠᠮᠷᠢᠨ᠂ ᠪᠥᠲᠦᠮᠵᠢ᠂ ᠰᠦᠷᠦᠭ ᠤᠨ ᠳ᠋ᠠ ᠰᠠᠮᠫᠢᠯ᠂ ᠲᠥᠮᠡᠨᠷᠠᠰᠢ᠂ ᠴᠢᠳᠠᠨᠷᠠᠰᠢ᠂ | ᠷᠠᠰᠢᠨᠣᠷᠪᠤ᠂ ᠫᠣᠩᠰᠣᠭᠳᠣᠷᠵᠢ᠂ ᠴᠡᠪᠡᠭᠵᠠᠪ᠂ ᠳᠠᠸᠠᠵᠢᠮᠪᠠ᠂ ᠪᠣᠶᠠᠨ᠂ ᠵᠠᠩᠰᠡᠩᠵᠢᠭᠵᠢᠳ᠂ ᠭᠡᠰᠡᠷᠮᠠᠩᠯᠠᠢ᠂ ᠫᠣᠩᠰᠤᠭ | ᠂ ᠪᠠᠯᠵᠣᠣᠷ᠂ ᠣᠳᠽᠠᠷᠷᠠᠰᠢ᠂ ᠷᠠᠰᠢᠵᠠᠮᠪᠠ᠂ ᠳᠠᠲᠠᠳᠧᠴᠢᠨ᠂ ᠵᠠᠮᠪᠠᠯ᠂ ᠴᠡᠷᠢᠨᠴᠢᠮᠡᠳ᠂ ᠰᠡᠷᠡᠩ᠂ ᠦᠨᠡᠨᠪᠠᠲᠤ ᠶᠢᠨ | ᠴᠠᠯᠢᠩ ᠢ ᠨᠢ ᠴᠦᠮ ᠪᠣᠴᠠᠭᠠᠵᠤ ᠮᠠᠯ ᠮᠠᠯᠵᠢᠭᠤᠯᠣᠨ᠂ ᠨᠢᠭᠡ ᠵᠢᠯ ᠤᠨ ᠳᠣᠲᠣᠷ᠎ᠠ ᠳᠡᠪᠰᠢᠭᠦᠯᠦᠨ ᠬᠡᠷᠡᠭᠯᠡᠵᠦ ᠪᠣᠯᠬᠤ | ᠦᠭᠡᠢ ᠭᠡᠵᠦ ᠬᠥᠩᠭᠡᠨ ᠰᠢᠢᠳᠬᠡᠯ ᠦᠵᠡᠭᠦᠯᠪᠡ᠃ ᠲᠡᠷᠡᠴᠢᠯᠡᠨ ᠬᠠᠷᠢᠶᠠᠲᠤ ᠬᠦᠮᠦᠰ ᠤᠨ ᠴᠠᠯᠢᠩ ᠢ ᠬᠤᠪᠢᠨ ᠳᠠᠭᠠᠨ | ᠦᠯᠡᠳᠡᠭᠡᠨ ᠠᠪᠣᠭᠰᠠᠨ ᠬᠦᠮᠦᠰ ᠪᠠ ᠬᠠᠭ᠋ᠣᠣᠯᠢ ᠢᠳᠡᠭᠰᠡᠨ ᠣᠷᠢᠳ ᠤᠨ ᠳ᠋ᠦᠲ᠋ᠦ᠋ᠩ ᠮᠦᠷᠢᠩᠭᠠ᠂ ᠳᠣᠰᠢᠶᠠᠯ ᠳᠤ | ᠪᠠᠶᠢᠬᠤ ᠳ᠋ᠦᠲ᠋ᠦ᠋ᠩ ᠰᠢᠯᠢᠩᠭᠠ ᠮᠡᠶᠢᠷᠠᠨ ᠵᠠᠩᠭᠢ ᠴᠢᠩ ᠶᠦᠩ ᠨᠠᠷ ᠢ ᠵᠣᠷᠭᠠᠨ ᠶᠠᠮᠣᠨ ᠳᠤ ᠳᠣᠰᠢᠶᠠᠨ ᠥᠭᠴᠦ | ᠰᠢᠢᠳᠪᠦᠷᠢᠯᠡᠭᠦᠯᠦᠨ᠎ᠡ᠃ 〈 ᠮᠦᠷᠢᠩᠭᠠ ᠳᠠᠬ᠎ᠠ ᠳᠠᠪᠬᠤᠴᠠᠭᠠᠨ ᠤ ᠮᠥᠩᠭᠦ ᠠᠴᠠ ᠢᠳᠡᠭᠰᠡᠨ ᠪᠣᠯᠬᠤᠷ ᠰᠢᠢᠳᠬᠡᠯ | ᠣᠯᠬᠤ ᠬᠡᠷᠡᠭᠲᠡᠢ 〉︾ ᠭᠡᠵᠡᠢ᠃ | ᠵᠠ᠊ ᠠᠮᠪᠠᠨ ᠢ ᠦᠬᠦᠭᠰᠡᠨ ᠤ ᠳᠣᠬᠠᠢ ᠪᠠᠰᠠ ᠳᠣᠣᠷᠠᠬᠢ ᠮᠡᠲᠦ ᠤᠯᠠᠮᠵᠢᠯᠠᠯ ᠶᠠᠷᠢᠶ᠎ᠠ ᠪᠠᠶᠢᠳᠠᠭ᠃ ᠵᠠ᠊ | ᠠᠮᠪᠠᠨ ᠵᠡᠷᠭᠡ ᠪᠠᠨ ᠠᠪᠲᠠᠭᠳᠠᠵᠤ᠂ ᠭᠦᠷᠦᠨ ᠲᠥᠷᠦ ᠳᠤ ᠬᠤᠷᠣᠰᠬᠤ ᠳᠠᠭᠠᠨ ᠠᠭᠮᠢᠨᠢ ᠭᠦᠷᠳᠠᠮᠪᠠ ᠶᠢ ᠵᠠᠯᠠᠵᠤ | ᠮᠠᠨᠵᠤ ᠬᠠᠭᠠᠨ ᠳᠤ ᠬᠠᠷᠢᠶᠠᠯ ᠬᠢᠯᠭᠡᠵᠦ ᠭᠡᠨ᠎ᠡ᠃ ᠡᠨᠡ ᠣᠴᠢᠷ ᠢ ᠨᠢ ᠶᠠᠮᠠᠷ ᠨᠢᠭᠡᠨ ᠬᠦᠮᠦᠨ ᠳᠡᠭᠡᠭᠰᠢ ᠪᠠᠨ | ᠬᠤᠩᠰᠢᠶᠠᠷ ᠬᠦᠷᠭᠡᠭᠰᠡᠨ ᠠᠴᠠ ᠬᠠᠷᠢᠶᠠᠯ ᠬᠢᠭᠰᠡᠨ ᠠᠭᠮᠢᠨᠢ ᠭᠦᠷᠳᠠᠮᠪᠠ ᠶᠢ ᠴᠠᠭᠠᠵᠠ ᠪᠠᠷ ᠠᠪᠠᠴᠢᠨ᠂ ᠵᠡᠷᠭᠡ ᠪᠠᠨ | ᠠᠪᠲᠠᠭᠳᠠᠵᠤ᠂ ᠬᠠᠶᠢᠷᠶᠠᠯ ᠬᠢᠯᠭᠡᠭᠰᠡᠨ ᠵᠠᠭᠳᠠᠷ ᠢ ᠴᠠᠬᠠᠷ ᠳ᠋ᠦᠲ᠋ᠦ᠋ᠩ ᠳᠤ ᠳᠠᠭᠤᠳᠠᠵᠤ ᠠᠪᠠᠴᠢᠭᠠᠳ ᠰᠡᠭᠦᠯ ᠳᠤᠨᠢ | ᠨᠢᠭᠡ ᠡᠳᠦᠷ ᠵᠠᠭᠳᠠᠷ ᠦᠬᠦᠪᠡ ᠭᠡᠵᠦ ᠠᠪᠰᠠᠯᠠᠵᠤ ᠲᠡᠭᠡᠭᠡᠭᠡᠳ ᠬᠡᠳᠦᠨ ᠬᠢᠲᠠᠳ ᠢᠶᠠᠷ ᠭᠡᠷ ᠲᠤᠨᠢ ᠬᠦᠷᠭᠡᠵᠦ ᠢᠷᠡᠵᠡᠢ | ᠃ ᠭᠡᠷ ᠪᠦᠯᠢ ᠨᠢ ᠨᠣᠮ ᠪᠣᠶᠠᠨ ᠦᠢᠯᠡᠳᠴᠦ᠂ ᠨᠥᠩᠨᠡᠢ ᠶᠢᠨ ᠷᠠᠰᠢᠶᠠᠨ ᠳᠣᠰᠣᠭᠠᠨᠠ ᠭᠡᠵᠦ ᠠᠪᠰᠠᠨ ᠤ ᠠᠮᠠᠰᠠᠷ ᠢ | ᠨᠡᠭᠡᠭᠡᠭᠰᠡᠨ ᠳᠤ ᠲᠣᠯᠣᠭᠠᠢ ᠨᠢ ᠦᠭᠡᠢ᠂ ᠣᠷᠣᠨ ᠳᠤᠨᠢ ᠲᠠᠣᠯᠠᠢ ᠶᠢᠨ ᠲᠣᠯᠣᠭᠠᠢ ᠲᠠᠯᠪᠢᠭᠰᠠᠨ ᠪᠠᠶᠢᠵᠤ ᠭᠡᠨ᠎ᠡ᠃ | ᠥᠭᠡᠷ᠎ᠡ ᠨᠢᠭᠡ ᠵᠦᠢᠯ ᠤᠨ ᠶᠠᠷᠢᠶ᠎ᠠ ᠪᠣᠯ ᠵᠠᠭᠳᠠᠷ ᠵᠡᠷᠭᠡ ᠪᠠᠨ ᠠᠪᠲᠠᠭᠳᠠᠵᠤ ᠰᠳᠬᠢᠯ ᠨᠢ ᠦᠭᠦᠭᠰᠡᠨ | ᠦᠭᠡᠢ᠂ ᠳᠡᠭᠡᠭᠰᠢ ᠵᠠᠭᠠᠯᠳᠣᠨᠠ ᠭᠡᠵᠦ ᠶᠠᠪᠣᠭᠠᠳ ᠰᠢᠯᠣᠭᠤᠨ ᠴᠠᠭᠠᠨ ᠬᠤᠰᠢᠭᠤ ᠬᠠᠪᠢ ᠳᠤ ᠥᠰ ᠲᠠᠢ ᠬᠦᠮᠦᠨ | ᠲᠠᠢ ᠪᠠᠨ ᠣᠴᠠᠷᠠᠵᠤ᠂ ᠲᠡᠷᠡ ᠬᠦᠮᠦᠨ ᠨᠢ ᠵᠠᠭᠳᠠᠷ ᠠᠮᠪᠠᠨ ᠢ ᠠᠯᠠᠵᠤ ᠲᠣᠯᠣᠭᠠᠢ ᠶᠢ ᠨᠢ ᠠᠪᠣᠭᠠᠳ ᠳᠣᠲᠠᠭᠠᠭᠰᠠᠨ | ᠭᠡᠳᠡᠭ᠃ | ᠴᠢᠩ ᠣᠯᠣᠰ ᠤᠨ ᠦᠶ᠎ᠡ ᠶᠢᠨ ︽ᠮᠣᠩᠭᠤᠯ ᠤᠨ ᠳᠣᠬᠠᠢ ᠮᠠᠭᠠᠳ ᠬᠠᠣᠯᠢ︾ ᠳᠤ ᠲᠥᠷᠦ ᠭᠡᠷᠡᠯᠲᠦ | ᠶᠢᠨ ᠶᠢᠰᠦᠳᠦᠭᠡᠷ ᠣᠨ ᠳᠤ ᠠᠭᠮᠢᠨᠢ ᠭᠦᠷᠳᠠᠮᠪᠠ ᠶᠢ ᠳᠣᠯᠣᠨᠨᠠᠭᠤᠷ ᠬᠠᠪᠢ ᠠᠴᠠ ᠪᠠᠷᠢᠵᠤ ᠴᠠᠭᠠᠵᠠ ᠪᠠᠷ | ᠠᠪᠠᠴᠢᠭᠰᠠᠨ ᠣᠴᠢᠷ ᠭᠠᠷᠴᠠᠢ᠃ ᠡᠨᠡ ᠨᠢ ᠵᠠᠭᠳᠠᠷ ᠠᠮᠪᠠᠨ ᠤ ᠵᠠᠯᠠᠯᠭ᠎ᠠ ᠪᠠᠷ ᠬᠠᠭᠠᠨ ᠳᠤ ᠬᠠᠷᠢᠶᠠᠯ ᠬᠢᠭᠰᠡᠨ ᠣᠴᠢᠷ | ᠠᠴᠠ ᠪᠢᠰᠢ᠂ ᠬᠠᠷᠢᠨ ᠵᠠᠮᠰᠤ ᠯᠠᠮᠠ ᠨᠠᠮᠠᠬᠠᠢ ᠬᠤᠳᠣᠭᠲᠤ ᠬᠡᠷᠡᠭᠦᠯ ᠬᠢᠭᠰᠡᠨ ᠣᠴᠢᠷ ᠠᠴᠠ ᠳᠠᠯᠠᠢ ᠭᠡᠳᠡᠭ ᠬᠦᠮᠦᠨ | ᠪᠡᠶ᠎ᠡ ᠪᠠᠨ ᠬᠤᠣᠷᠯᠠᠵᠤ ᠦᠬᠦᠭᠰᠡᠨ ᠲᠠᠢ ᠬᠤᠯᠪᠣᠭᠳᠠᠵᠤ ᠪᠠᠷᠢᠭᠳᠠᠭᠰᠠᠨ ᠪᠠᠶᠢᠨ᠎ᠠ᠃ | ᠵᠠᠭᠳᠠᠷ ᠠᠮᠪᠠᠨ ᠤ ᠣᠩᠭᠤᠨ ᠣᠳᠣᠬᠢ ᠰᠢᠯᠣᠭᠤᠨ ᠬᠥᠬᠡ ᠬᠤᠰᠢᠭᠤᠨ ᠤ ᠶᠡᠬᠡᠬᠠᠶᠢᠷᠬᠠᠨ ᠰᠣᠮᠣᠨ ᠤ | ᠴᠠᠭᠠᠨᠨᠠᠭᠤᠷ ᠤᠨ ᠬᠥᠯ ᠳᠤ ︽ᠰᠢᠷᠡᠭᠡᠲᠦ︾ ᠭᠡᠬᠦ ᠵᠢᠶᠠᠽᠠ ᠲᠠᠢ ᠮᠠᠩᠬᠠᠨ ᠤ ᠡᠩᠭᠡᠷ ᠲᠤ ᠪᠣᠢ᠃ | ᠵᠠᠭᠳᠠᠷ ᠠᠮᠪᠠᠨ ᠢ ᠦᠬᠦᠭᠰᠡᠨ ᠠᠴᠠ ᠬᠤᠶᠢᠰᠢ ᠰᠦᠮ᠎ᠡ ᠶᠢ ᠨᠢ ᠲᠦᠭᠤᠸᠠᠨ ᠭᠡᠭᠡᠨ ᠳᠤ ᠡᠷᠭᠦᠵᠡᠢ᠃ | ᠲᠦᠭᠤᠸᠠᠨ ᠭᠡᠭᠡᠨ ᠲᠡᠷᠡ ᠰᠦᠮ᠎ᠡ ᠶᠢ ᠨᠣᠷᠠᠭᠠᠵᠤ ᠬᠠᠳᠠᠨᠬᠤᠰᠢᠭᠤ ᠰᠦᠮ᠎ᠡ ᠶᠢᠨ ᠬᠤᠣᠳᠳᠤᠭ ᠤᠨ ᠪᠠᠷᠠᠭᠤᠨ ᠳᠤ | ᠨᠡᠭᠦᠯᠭᠡᠨ ᠪᠠᠷᠢᠭᠰᠠᠨ ᠪᠠᠶᠢᠪᠠ᠃ ᠲᠡᠭᠦᠨ ᠢ ︽ᠲᠦᠭᠤᠸᠠᠨ ᠭᠡᠭᠡᠨ ᠤ ᠯᠠᠪᠷᠣᠩ︾ ᠭᠡᠵᠦ ᠳᠠᠭᠤᠳᠠᠵᠤ ᠪᠠᠶᠢᠯ᠎ᠠ᠃ | ᠵᠠᠭᠳᠠᠷ᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾ ᠬᠡᠮᠡᠬᠦ ᠨᠣᠮ ᠳᠤ | ᠲᠡᠮᠳᠡᠭᠯᠡᠭᠳᠡᠵᠡᠢ᠃ | ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠣ | ᠰᠡᠶᠢᠷᠡᠭᠦᠯᠪᠡ᠃ | | |