| ᠭᠤᠩᠭᠤᠷᠵᠡᠪ᠂ ᠬᠦᠯᠦ ᠴᠠᠭᠠᠨ ᠬᠤᠨᠢᠨ ᠰᠦᠷᠦᠭ ᠤᠨ ᠲᠤᠯᠴᠢ ᠬᠡᠮᠡᠬᠦ ᠭᠠᠵᠠᠷ ︵ᠤᠳᠤ ᠶᠢᠨ ᠰᠢᠯᠤᠭᠤᠨ | ᠬᠦᠬᠡ ᠬᠤᠰᠢᠭᠤᠨ ᠤ ᠠᠮᠪᠠᠨ ᠰᠢᠷ᠎ᠠ ᠭᠠᠴᠠᠭᠠᠨ ᠤ ᠲᠤᠯᠴᠢ︶ ᠬᠡᠬᠦ ᠭᠠᠵᠠᠷ ᠲᠤ ᠨᠤᠳᠤᠭᠯᠠᠨ ᠰᠠᠭᠤᠳᠠᠭ ᠰᠠᠷᠳᠠᠭᠤᠯ | ᠤᠪᠤᠭ ᠲᠠᠢ ᠭᠤᠩᠭᠤᠷᠵᠠᠪ ᠬᠡᠳᠡᠭ ᠠᠮᠪᠠᠨ ᠪᠠᠶᠢᠵᠠᠢ᠃ | ᠡᠨᠡ ᠠᠮᠪᠠᠨ ᠶᠠᠮᠠᠷ ᠠᠶᠢᠯ ᠳᠤ ᠬᠡᠳᠦᠢ ᠳᠤ ᠲᠦᠷᠦᠭᠰᠡᠨ ᠨᠢ ᠲᠤᠳᠤᠷᠬᠠᠢ ᠦᠬᠡᠢ᠃ ︽1907 ᠤᠨ ᠳᠤ ᠲᠠᠯ᠎ᠠ | ᠤᠷᠴᠢᠮ ᠨᠠᠰᠤᠨ ᠳᠠᠭᠠᠨ ᠦᠬᠦᠭᠰᠡᠨ︾ ᠬᠡᠳᠡᠭ ᠢᠶᠠᠷ ᠪᠤᠳᠤᠪᠠᠯ 1840 ᠤᠨ ᠤ ᠨᠠᠭᠠᠭᠤᠷ ᠴᠠᠭᠠᠭᠤᠷ ᠲᠦᠷᠦᠭᠰᠡᠨ | ᠰᠢᠭ ᠪᠠᠶᠢᠨ᠎ᠠ᠃ ᠪᠡᠶ᠎ᠡ ᠨᠢ ᠲᠠᠷᠭᠤᠨ ᠪᠦᠳᠦᠬᠦᠨ ᠬᠦᠮᠦᠨ ᠪᠠᠶᠢᠭᠰᠠᠨ ᠪᠤᠯᠬᠤᠷ ᠤᠯᠠᠨ ᠢᠶᠠᠷ ᠢᠶᠠᠨ ᠲᠡᠬᠦᠨ ᠢ | ᠪᠦᠳᠦᠬᠦᠨ ᠠᠮᠪᠠᠨ ᠬᠡᠵᠦ ᠲᠠᠭᠤᠳᠠᠳᠠᠭ ᠪᠠᠶᠢᠵᠠᠢ᠃ | ᠭᠤ ᠠᠮᠪᠠᠨ ᠰᠤᠶᠤᠯ ᠪᠤᠯᠪᠠᠰᠤᠷᠠᠯ ᠲᠤᠤᠷ᠎ᠠ᠂ ᠬᠤᠪᠳᠤᠭ ᠰᠢᠨᠤᠬᠠᠢ ᠵᠠᠩ ᠲᠠᠢ᠂ ᠠᠵᠢᠯ ᠲᠤᠰᠢᠶᠠᠯ | ᠳᠠᠭᠠᠨ ᠬᠠᠷᠢᠭᠤᠴᠠᠯᠭ᠎ᠠ ᠮᠠᠭᠤᠳᠠᠢ᠂ ᠪᠤᠰᠤᠳ ᠤᠨ ᠵᠤᠪᠠᠯᠠᠩ ᠲᠡᠭᠡᠷ᠎ᠡ ᠦᠪᠡᠷ ᠤᠨ ᠵᠢᠷᠭᠠᠯ ᠢᠶᠠᠨ ᠪᠠᠶᠢᠭᠤᠯᠳᠠᠭ | ᠬᠦᠮᠦᠨ ᠪᠠᠶᠢᠵᠠᠢ᠃ | ᠭᠤᠩᠭᠤᠷᠵᠡᠪ ᠠᠮᠪᠠᠨ ᠤ ᠲᠤᠰᠢᠶᠠᠯ ᠳᠤ ᠭᠠᠷᠬᠤ ᠠᠴᠠ ᠪᠠᠨ ᠡᠮᠤᠨ᠎ᠡ ᠦᠬᠡᠷ ᠬᠤᠨᠢᠨ ᠰᠦᠷᠦᠭ ᠤᠨ ᠠᠯᠢ | ᠨᠢᠬᠡᠨ ᠳᠤᠨᠢ ᠬᠤᠰᠠᠢ ᠳ᠋ᠠ ᠪᠤᠶᠤ ᠲᠡᠳ᠋ ᠠᠮᠪᠠᠨ ᠪᠠᠶᠢᠭᠰᠠᠨ ᠴᠦ ᠪᠠᠶᠢᠵᠦ ᠲᠠᠭᠠᠷᠠᠨ᠎ᠠ᠃ ᠲᠡᠷᠡ ᠪᠠᠳᠠᠷᠠᠭᠤᠯᠳᠤ | ᠲᠦᠷᠦ ᠶᠢᠨ ᠬᠤᠷᠢᠨ ᠬᠡᠳᠦᠨ ᠤᠨ ᠪᠤᠶᠤ 1899 ᠤᠨ ᠤ ᠪᠠᠷᠤᠭ ᠲᠤ ᠠᠮᠪᠠᠨ ᠪᠤᠯᠤᠭᠰᠠᠨ ᠰᠢᠭ᠋ ᠪᠠᠶᠢᠨ᠎ᠠ᠃ | ᠲᠡᠷᠡ ᠠᠮᠪᠠᠨ ᠪᠤᠯᠤᠭᠰᠠᠨ ᠤ ᠲᠠᠷᠠᠭ᠎ᠠ ᠲᠤᠯᠴᠢᠨ ᠲᠠᠯ᠎ᠠ ᠶᠢᠨ ᠬᠦᠯ ᠳᠤ ᠪᠠᠶᠢᠭ᠎ᠠ ᠲᠤᠶᠢᠮᠦᠯᠵᠢᠨ ᠬᠡᠳᠡᠭ | ᠮᠠᠩᠬᠠᠨ ᠤ ᠤᠷᠤᠢ ᠲᠡᠭᠡᠷ᠎ᠡ ᠬᠡᠢ ᠮᠤᠷᠢ ᠪᠠᠨ ᠰᠡᠷᠬᠦᠬᠡᠨ᠎ᠡ ᠬᠡᠵᠦ ᠭᠠᠷᠤᠭᠰᠠᠨ ᠴᠢᠨᠢ᠂ ᠮᠠᠩᠬᠠᠨ ᠲᠡᠭᠡᠷ᠎ᠡ ᠬᠤᠶᠠᠷ | ᠴᠢᠨ᠋ᠸ᠎ᠠ ᠪᠠᠶᠢᠬᠤ ᠲᠠᠢ ᠲᠠᠭᠠᠷᠠᠯᠳᠤᠭᠰᠠᠨ ᠬᠡᠨ᠎ᠡ᠃ ᠭᠤ ᠠᠮᠪᠠᠨ ᠴᠢᠨ᠋ᠸ᠎ᠠ ᠶᠢ ᠦᠵᠡᠬᠡᠳ ︽ᠲᠡᠭᠷᠢ ᠠᠴᠠ ᠨᠡᠮᠠᠢᠢ | ᠦᠬᠡᠷ ᠬᠤᠨᠢᠨ ᠰᠦᠷᠦᠭ ᠢ ᠴᠢᠨ᠋ᠸ᠎ᠠ ᠰᠢᠭ᠋ ᠢᠳᠡ ᠬᠡᠰᠡᠨ ᠲᠤᠬᠢᠶ᠎ᠠ ᠦᠭᠴᠦ ᠪᠠᠶᠢᠭ᠎ᠠ ᠶᠤᠮ ᠪᠠᠶᠢᠨ᠎ᠠ ᠰᠢᠪ ᠳ᠋ᠡ᠂ | ᠢᠳᠡᠨ᠎ᠡ ᠳ᠋ᠧ︕︾ ᠬᠡᠯᠡ ᠬᠡᠰᠡᠨ ᠲᠤᠮᠤᠭ ᠪᠠᠶᠢᠳᠠᠭ᠃ ᠭᠤ ᠠᠮᠪᠠᠨ ᠲᠤᠰᠢᠶᠠᠯ ᠳᠤ ᠪᠠᠶᠢᠬᠤ ᠬᠤᠭᠤᠴᠠᠭᠠᠨ ᠳᠤ | ᠪᠠᠨ ᠴᠢᠭᠤᠯᠤᠯᠳᠦ ᠬᠠᠭᠠᠯᠭ᠎ᠠ ᠬᠤᠳᠠᠨ ᠤ ᠨᠢᠬᠡᠨ ᠠᠷᠠᠯᠵᠢᠶᠠᠴᠢᠨ ᠤ ᠫᠦᠰᠡ ᠶᠢᠨ ᠵᠡᠩᠬᠦᠶᠢᠳᠡ ᠯᠢ ᠳ᠋ᠠ ᠬᠡᠳᠡᠭ ᠲᠠᠢ | ᠲᠠᠨᠢᠯᠴᠠᠨ ᠦᠷᠬᠦᠯᠵᠢ ᠲᠡᠳᠡᠨ ᠤ ᠬᠢ ᠠᠴᠠ ᠬᠦᠦ ᠲᠠᠢ ᠮᠦᠩᠬᠦ ᠵᠢᠬᠡᠯᠡᠨ ᠠᠪᠴᠤ ᠲᠡᠬᠦᠨ ᠢ ᠪᠠᠨ ᠠᠷᠠᠳ ᠤᠯᠠᠨ | ᠢᠶᠠᠷ ᠲᠦᠯᠦᠬᠦᠯᠳᠡᠭ ᠪᠠᠶᠢᠵᠠᠢ᠃ ᠢᠯᠡᠩᠭᠤᠶ᠎ᠠ ᠭᠤᠷᠪᠠᠨ ᠬᠤᠰᠢᠭᠤ ᠲᠠᠷᠢᠭᠠᠩᠭ᠎ᠠ ᠦᠬᠡᠷ ᠬᠤᠨᠢᠨ ᠰᠦᠷᠦᠭ ᠲᠤ | ᠨᠤᠭᠳᠠᠭᠰᠠᠨ ︽ᠴᠠᠭᠠᠨ ᠬᠤᠯᠤᠭᠠᠨ᠎ᠠ ᠵᠢᠯ ᠤᠨ ᠲᠦᠯᠦᠪᠦᠷᠢ︾ ᠶᠢᠨ ᠮᠦᠩᠬᠦ ᠶᠢ ᠦᠭᠴᠦ ᠴᠢᠳᠠᠭᠰᠠᠨ ᠦᠬᠡᠢ | ᠪᠤᠷᠤᠭᠤᠳᠠᠵᠦ ᠠᠯᠪᠠᠨ ᠬᠦᠢᠴᠡᠳᠭᠡᠭᠰᠡᠨ ᠦᠬᠡᠢ ᠶᠡᠯ᠎ᠡ ᠪᠠᠷ ᠴᠠᠬᠠᠷ ᠳ᠋ᠠᠲ᠋ᠦ᠋ᠩ ᠶᠠᠮᠤᠨ ᠳᠤ ᠲᠠᠭᠤᠳᠠᠭᠳᠠᠭᠰᠠᠨ | ᠪᠠᠶᠢᠵᠠᠢ᠃ ᠡᠨᠡ ᠦᠶ᠎ᠠ ᠳᠤ ᠭᠤ ᠠᠮᠪᠠᠨ ᠰᠠᠨᠳᠤᠷᠬᠤ ᠳᠠᠭᠠᠨ ᠲᠡᠬᠦᠨ ᠤ ᠲᠠᠨᠢᠯ᠂ ᠦᠬᠡᠳᠡ ᠤᠷᠤᠭᠤ ᠶᠠᠪᠤᠯᠴᠠᠨ᠂ | ᠵᠤᠭᠤᠰ ᠮᠦᠩᠬᠦ ᠵᠢᠬᠡᠯᠡᠳᠡᠭ ᠰᠠᠶᠢᠬᠠᠨ ᠠᠬ᠎ᠠ ᠲᠡᠬᠦᠦ ᠴᠢᠭᠤᠯᠤᠯᠳᠤ ᠬᠠᠭᠠᠯᠭ᠎ᠠ ᠶᠢᠨ ᠨᠡᠷ᠎ᠡ ᠲᠠᠢ ᠯᠢ ᠳ᠋ᠠ ᠬᠡᠳᠡᠭ | ᠪᠠᠶᠠᠨ ᠫᠦᠰᠡ ᠶᠢᠨ ᠳᠡᠭᠡᠨ ᠬᠦᠷᠴᠦ ᠪᠤᠷᠤᠭᠤᠳᠠᠭᠰᠠᠨ ᠤᠴᠢᠷ ᠶᠠᠪᠤᠳᠠᠯ ᠢᠶᠠᠨ ᠦᠴᠢᠵᠦ ︽ᠮᠢᠨᠦ ᠠᠮᠢ ᠯᠢ ᠳ᠋ᠠ | ᠲᠠᠨ ᠤ ᠭᠠᠷ ᠲᠤ ᠪᠠᠶᠢᠨ᠎ᠠ︾ ᠬᠡᠮᠡᠨ ᠭᠤ ᠠᠮᠪᠠᠨ ᠯᠢ ᠳ᠋ᠠ ᠵᠠᠩᠬᠦᠶᠢᠳᠡ ᠳᠤ ᠭᠤᠶᠤᠵᠦ ᠦᠨᠳᠦᠷ ᠬᠦᠦ ᠲᠠᠢ | ᠲᠦᠮᠡᠨ ᠯᠠᠩ ᠮᠦᠩᠬᠦ ᠵᠢᠬᠡᠯᠡᠨ ᠠᠪᠤᠭᠠᠳ ᠠᠯᠪᠠ ᠡᠬᠦᠷᠬᠡ ᠪᠠᠨ ᠲᠦᠯᠦᠵᠦ ᠬᠦᠢᠴᠡᠳᠬᠡᠬᠡᠳ ᠶᠡᠯ᠎ᠡ ᠳᠤ ᠤᠷᠤᠯ | ᠦᠬᠡᠢ ᠠᠷᠠᠢ ᠴᠢᠮᠡᠢ ᠠᠮᠢ ᠮᠠᠨᠳᠤ ᠭᠠᠷᠴᠠᠢ᠃ ᠲᠡᠷᠡᠴᠢᠯᠡᠨ ᠠᠮᠪᠠᠨ ᠨᠤᠶᠠᠨ ᠤ ᠬᠤᠪᠢ ᠪᠠᠷ ᠢᠶᠠᠨ ᠤᠷᠢᠳ ᠬᠤᠵᠢᠳ | ᠲᠤᠰ ᠫᠦᠰᠡ ᠠᠴᠠ ᠵᠢᠬᠡᠯᠡᠨ ᠠᠪᠤᠭᠰᠠᠨ ᠦᠨᠳᠦᠷ ᠬᠦᠦ ᠲᠠᠢ ᠮᠦᠩᠬᠦ ᠨᠢ ᠦᠬᠡᠷ ᠬᠤᠨᠢᠨ ᠰᠦᠷᠦᠭ ᠤᠨ ᠠᠷᠠᠳ | ᠤᠯᠠᠨ ᠤ ᠲᠦᠯᠦᠵᠦ ᠪᠠᠷᠠᠰᠢ ᠦᠬᠡᠢ ᠦᠷᠢ ᠲᠠᠷᠤᠭᠠᠰᠤ ᠪᠤᠯᠤᠭᠰᠠᠨ ᠪᠠᠶᠢᠨ᠎ᠠ᠃ ᠭᠤ ᠠᠮᠪᠠᠨ ᠡᠳᠡᠬᠡᠷ ᠬᠦᠦ ᠲᠠᠢ | ᠮᠦᠩᠬᠦ ᠶᠢ ᠲᠦᠯᠦᠬᠦ ᠳᠤ ᠪᠠᠨ ᠬᠡᠳᠦᠨ ᠵᠢᠯ ᠲᠠᠷᠠᠭᠠᠯᠠᠨ ᠠᠷᠠᠳ ᠤᠯᠠᠨ ᠳᠤ ᠠᠯᠪᠠ ᠡᠬᠦᠷᠬᠡ ᠲᠤᠰᠢᠶᠠᠨ ︽ᠲᠠᠪᠤᠨ | ᠪᠡᠷᠰ︾ ᠬᠡᠳᠡᠭ ᠨᠤᠬᠠᠢ ᠶᠢᠨ ᠭᠤᠶ᠎ᠠ ᠪᠠᠨ ᠬᠦᠳᠡᠯᠬᠡᠨ ᠵᠦᠭ ᠪᠤᠯᠭᠠᠨ ᠳᠤ ᠲᠠᠬᠠᠷ ᠪᠤᠤᠬᠢᠶ᠎ᠠ ᠲᠠᠪᠬᠢᠭᠤᠯᠤᠨ ᠠᠶᠢᠯ | ᠤᠳ ᠤᠨ ᠦᠬᠡᠷ ᠠᠴᠠ ᠠᠯᠢ ᠰᠠᠶᠢᠨ ᠢ ᠨᠢ ᠰᠢᠯᠢᠨ ᠲᠠᠭᠤᠵᠦ ᠠᠪᠠᠴᠢᠨ ᠦᠷᠢ ᠪᠠᠨ ᠨᠡᠬᠡᠬᠦ ᠪᠠᠷ ᠢᠷᠡᠭᠰᠡᠨ ᠯᠢ ᠳ᠋ᠠ | ᠫᠦᠰᠡ ᠶᠢᠨ ᠬᠢᠳᠠᠳ ᠲᠤ ᠲᠤᠰᠢᠶᠠᠳᠠᠭ ᠪᠠᠶᠢᠯ᠎ᠠ᠃ ᠡᠬᠦᠪᠡᠷ ᠪᠠᠷᠠᠬᠤ ᠦᠬᠡᠢ ᠠᠮᠪᠠᠨ ᠨᠤᠶᠠᠨ ᠤ ᠠᠶᠢᠯ ᠬᠡᠷ ᠤᠨ | ᠦᠷᠢ ᠰᠢᠷᠢ᠂ ᠠᠮᠢᠳᠤᠷᠠᠯ ᠤᠨ ᠬᠡᠷᠡᠭᠴᠡᠬᠡᠨ ᠳᠡᠭᠡᠨ ᠴᠦ ᠠᠷᠠᠳ ᠤᠯᠠᠨ ᠳᠤ ᠠᠯᠪᠠ ᠲᠡᠰᠬᠡᠨ ᠲᠠᠬᠠᠷ ᠲᠠᠪᠬᠢᠭᠤᠯᠤᠨ | ᠦᠬᠡᠷ ᠮᠠᠯ ᠢ ᠨᠢ ᠲᠠᠭᠤᠵᠦ ᠠᠪᠴᠢᠷᠠᠭᠠᠳ ᠢᠳᠡᠳᠡᠭ ᠪᠤᠯᠤᠭᠰᠠᠨ ᠪᠠᠶᠢᠨ᠎ᠠ᠃ | ᠠᠮᠪᠠᠨ ᠨᠤᠶᠠᠨ ᠨᠠᠰᠤ ᠠᠬᠢᠵᠦ ᠡᠪᠡᠳᠴᠢᠯᠡᠨ ᠬᠡᠪᠳᠡᠵᠦ᠂ ᠦᠬᠦᠬᠦ ᠤᠶᠢᠷᠠᠳᠬᠤ ᠳᠠᠭᠠᠨ ᠵᠠᠩ ᠠᠭᠠᠰᠢ ᠨᠢ | ᠨᠡᠩ ᠴᠦ ᠡᠳᠡᠬᠡᠳ ᠵᠦᠷᠢᠬᠦᠳ ᠪᠤᠯᠵᠦ᠂ ᠵᠤᠨ ᠤ ᠵᠢᠷᠭᠤᠭᠠᠨ ᠰᠠᠷ᠎ᠠ ᠳᠤ ᠭᠠᠭᠴᠠ ᠦᠨᠢᠶ᠎ᠠ ᠲᠠᠢ ᠠᠶᠢᠯ ᠤᠨ | ᠲᠤᠭᠤᠯ ᠢ ᠨᠢ ᠰᠠᠯᠭᠠᠨ ᠠᠪᠴᠢᠷᠡᠵᠦ᠂ ᠠᠯᠠᠭᠤᠯᠵᠦ᠂ ᠠᠷᠠᠰᠤ ᠶᠢ ᠨᠢ ᠦᠪᠴᠢᠵᠦ ᠵᠠᠪᠳᠤᠯ ᠦᠬᠡᠢ ᠦᠷᠦᠴᠡ | ᠬᠠᠪᠢ ᠶᠢᠨ ᠮᠢᠬ᠎ᠠ ᠠᠴᠠ ᠠᠪᠴᠤ ᠬᠠᠷ᠎ᠠ ᠱᠦᠯᠦ ᠪᠤᠴᠠᠯᠭᠠᠨ᠂ ᠦᠨᠳᠡᠶᠢᠨ ᠪᠤᠰᠴᠤ ᠨᠢᠬᠡ ᠤᠭᠤᠴᠢᠭᠠᠳ ︽ᠲᠦᠢ︾ | ᠬᠡᠵᠦ ᠨᠤᠯᠮᠤᠭᠠᠳ ︽ᠵᠠ᠂ ᠰᠠᠨᠠᠭ᠎ᠠ ᠠᠮᠤᠷᠪᠠ᠂ ᠤᠳᠤ ᠲᠠᠬᠢᠭᠠᠳ ᠬᠡᠨ ᠤ ᠳᠤ ᠪᠠᠭᠤᠳᠠᠭ ᠪᠢᠯᠡ︾ ᠬᠡᠵᠦ | ᠲᠠᠷᠠᠭᠠᠴᠢ ᠶᠢᠨ ᠲᠠᠭᠤᠵᠦ ᠢᠳᠡᠬᠦ ᠭᠠᠭᠴᠠ ᠬᠤᠶᠠᠷ ᠦᠬᠡᠷ ᠲᠠᠢ ᠠᠶᠢᠯ ᠤᠳ ᠢ ᠪᠤᠳᠤᠯᠬᠢᠯᠠᠨ ᠬᠡᠪᠳᠡᠪᠡ ᠬᠡᠳᠡᠭ | ᠪᠢᠯᠡ᠃ ᠡᠶᠢᠮᠦ ᠠᠴᠠ ᠠᠷᠠᠳ ᠤᠯᠠᠨ ᠭᠤ ᠠᠮᠪᠠᠨ ᠤ ︽ᠭᠤᠯᠤᠮᠳᠠ ᠨᠢ ᠬᠠᠷᠠᠯᠠᠵᠦ ᠦᠨᠳᠦᠰᠦ ᠨᠢ ᠲᠠᠰᠤᠷᠠ︾ | ᠬᠡᠵᠦ ᠬᠠᠷᠢᠶᠠᠳᠠᠭ ᠪᠤᠯᠵᠠᠢ᠃ | ᠭᠤ ᠠᠮᠪᠠᠨ ᠵᠤᠭᠤᠰ ᠮᠦᠩᠬᠦ ᠤᠯᠬᠤ ᠶᠢ ᠤᠯᠠᠨ ᠲᠠᠯ᠎ᠠ ᠪᠠᠷ ᠪᠤᠳᠤᠵᠦ᠂ ᠡᠪᠤᠯ ᠤᠨ ᠴᠠᠭ ᠲᠤ ᠠᠶᠢᠯ | ᠤᠳ ᠤᠨ ᠬᠢᠴᠢᠢ ᠳᠤ ᠴᠤᠭᠯᠠᠷᠠᠭᠰᠠᠨ ᠨᠤᠬᠠᠢ ᠶᠢ ᠠᠯᠠᠭᠤᠯᠵᠦ ᠠᠷᠠᠰᠤ ᠶᠢ ᠨᠢ ᠠᠪᠬᠤ ᠳᠤ ᠬᠦᠷᠳᠡᠯ᠎ᠡ ᠬᠤᠵᠢᠮᠳᠠᠳᠠᠭ | ᠦᠬᠡᠢ ᠪᠠᠶᠢᠭᠰᠠᠨ ᠪᠠᠶᠢᠨ᠎ᠠ᠃ | ᠭᠤ ᠠᠮᠪᠠᠨ ᠤᠳᠠᠭᠠᠨ ᠡᠳᠦᠷ ᠰᠢᠷᠬᠠᠯᠠᠨ ᠬᠡᠪᠳᠡᠭᠰᠡᠨ ᠠᠴᠠ ᠪᠤᠯᠵᠦ᠂ ᠪᠡᠶ᠎ᠡ ᠴᠢᠯᠡᠬᠡᠷᠭᠡᠭᠰᠡᠨ ᠪᠤᠯᠬᠤᠷ | ᠪᠦᠰᠡᠬᠦᠢ ᠬᠦᠮᠦᠨ ᠤ ᠪᠡᠶ᠎ᠡ ᠶᠢ ᠵᠦᠬᠡᠯᠡᠨ ᠬᠡᠵᠦ ᠬᠠᠪᠢ ᠶᠢᠨ ᠮᠠᠯᠴᠢᠨ ᠪᠦᠰᠡᠬᠦᠶᠢᠴᠤᠳ ᠢ ᠠᠯᠪᠠᠳᠠᠨ ᠠᠪᠴᠢᠷᠠᠵᠦ | ᠨᠢᠴᠦᠬᠦᠯᠠᠵᠦ ᠲᠤᠤᠷ᠎ᠠ ᠪᠠᠨ ᠵᠡᠷᠬᠡᠴᠡᠬᠦᠯᠦᠨ ᠲᠠᠪᠢᠰᠴᠦ ᠬᠡᠪᠳᠡᠳᠡᠭ ᠪᠤᠯᠤᠭᠰᠠᠨ ᠪᠠᠶᠢᠨ᠎ᠠ᠃ ᠰᠢᠷ᠎ᠠ ᠪᠡᠴᠢᠨ ᠵᠢᠯ | ︵1908 ᠤᠨ︶ ᠠᠮᠪᠠᠨ ᠨᠤᠶᠠᠨ ᠠᠮᠢᠰᠬᠤᠭ᠎ᠠ ᠬᠤᠷᠢᠶᠠᠵᠦ ᠠᠯᠳᠠᠨ ᠲᠡᠯᠡᠬᠡᠢ ᠠᠴᠠ ᠠᠩᠬᠢᠵᠢᠷᠠᠬᠤ ᠳᠤ ᠪᠠᠨ ᠴᠦ | ᠡᠮᠡᠭᠳᠡᠢ ᠬᠦᠮᠦᠨ ᠢ ᠲᠠᠪᠢᠰᠦᠨ ᠬᠡᠪᠳᠡᠵᠦ ᠪᠠᠶᠢᠭᠰᠠᠨ ᠬᠡᠳᠡᠭ᠃ | ᠭᠤ ᠠᠮᠪᠠᠨ ᠤ ᠬᠡᠷ ᠡᠷᠦᠬᠡ ᠶᠢᠨ ᠪᠦᠬᠦ ᠡᠷᠬᠡ ᠶᠢ ᠶᠡᠷᠤᠩᠬᠡᠶᠢᠯᠡᠨ ᠬᠠᠮᠢᠶᠠᠷᠤᠭᠴᠢ᠂ ᠠᠮᠪᠠᠨ ᠨᠤᠶᠠᠨ ᠳᠤ | ᠠᠷᠭ᠎ᠠ ᠤᠬᠠᠭᠠᠨ ᠵᠢᠭᠠᠵᠦ ᠦᠭᠳᠡᠭ ᠪᠠᠭ᠎ᠠ ᠡᠮ᠎ᠡ ︽ᠤᠭᠳᠤᠷ ᠬᠠᠳᠤᠨ︾ ᠠᠮᠪᠠᠨ ᠤ ᠦᠬᠦᠭᠰᠡᠨ ᠢ ᠠᠷᠪᠠᠨ ᠡᠳᠦᠷ | ᠨᠢᠭᠤᠵᠦ ᠠᠮᠪᠠᠨ ᠤ ᠨᠡᠷ᠎ᠡ ᠪᠠᠷ ᠠᠷᠠᠳ ᠤᠯᠠᠨ ᠠᠴᠠ ᠮᠠᠯ ᠪᠤᠯᠢᠶᠠᠨ ᠠᠪᠴᠢᠷᠠᠵᠦ ᠦᠷᠢ ᠨᠡᠬᠡᠬᠦ ᠪᠠᠷ ᠢᠷᠡᠭᠰᠡᠨ | ᠬᠢᠳᠡᠳ ᠲᠤ ᠦᠭᠬᠦᠭᠰᠡᠬᠡᠷ ᠪᠠᠶᠢᠵᠠᠢ᠃ ᠦᠬᠦᠳᠡᠯ ᠢ ᠨᠢ ᠨᠢᠭᠤᠵᠦ ᠲᠠᠷᠤᠬᠤ ᠶᠢᠨ ᠠᠷᠭ᠎ᠠ ᠦᠬᠡᠢ ᠪᠤᠯᠵᠦ ᠠᠷᠪᠠᠨ | ᠡᠳᠦᠷ ᠲᠤ ᠪᠠᠨ ᠮᠡᠳᠡᠭᠳᠡᠭᠰᠡᠨ ᠳᠤ᠂ ᠦᠷᠢ ᠪᠠᠨ ᠠᠪᠬᠤ ᠪᠠᠷ ᠢᠷᠡᠭᠰᠡᠨ ᠯᠢ ᠳ᠋ᠠ ᠫᠦᠰᠡ ᠶᠢᠨ ᠬᠢᠳᠡᠳ ᠤᠳ | ᠠᠮᠪᠠᠨ ᠤ ᠦᠬᠦᠭᠰᠡᠨ ᠬᠡᠷ ᠠᠴᠠ ᠪᠤᠰᠤᠳ ᠢ ᠨᠢ ᠪᠦᠬᠦᠨ ᠢ ᠤᠨᠢᠰᠤᠯᠠᠨ ᠪᠢᠳᠡᠬᠦᠮᠵᠢᠯᠡᠵᠦ ᠦᠷᠢᠨ ᠳᠡᠭᠡᠨ ᠪᠤᠳᠤᠵᠦ | ᠠᠪᠤᠭᠰᠠᠨ ᠪᠦᠬᠡᠳ ᠠᠮᠪᠠᠨ ᠤ ᠬᠤᠪᠢᠨ ᠤ ᠮᠠᠯ ᠬᠦᠷᠦᠩᠭᠡ ᠶᠢ ᠬᠤᠷᠢᠶᠡᠵᠦ ᠪᠠᠰᠠ ᠬᠦᠷᠦᠭᠰᠡᠨ ᠦᠬᠡᠢ᠂ | ᠡᠪᠤᠯᠵᠢᠶᠠᠨ ᠤ ᠬᠢᠨᠢ ᠤᠷᠭᠤᠭ᠎ᠠ ᠮᠤᠳᠤᠳ ᠢ ᠪᠦᠬᠦᠨ ᠢ ᠤᠭᠳᠤᠯᠤᠨ ᠠᠪᠴᠤ ᠦᠷᠢᠨ ᠳᠡᠭᠡᠨ ᠠᠪᠴᠠᠢ᠃ ︽ | ᠬᠠᠳᠤᠨ ᠦᠬᠦᠪᠡᠯ ᠬᠠᠳᠠᠪᠴᠢ ᠪᠠᠶᠢᠬᠤ ᠦᠬᠡᠢ᠂ ᠨᠤᠶᠠᠨ ᠦᠬᠦᠪᠠᠯ ᠨᠤᠬᠠᠢ ᠴᠦ ᠱᠠᠭᠠᠶᠢᠬᠤ ᠦᠬᠡᠢ︾ ᠬᠡᠳᠡᠭ | ᠪᠤᠯᠵᠦ ᠠᠮᠪᠠᠨ ᠤ ᠰᠢᠳᠠᠷ ᠨᠤᠬᠠᠢ ᠶᠢᠨ ᠭᠤᠶ᠎ᠠ ᠤᠪᠤᠭ ᠲᠦᠷᠦᠯ ᠤᠨ ᠬᠢ ᠠᠴᠠ ᠨᠢ ᠪᠤᠰᠤᠳ ᠬᠦᠮᠦᠰ ᠲᠡᠬᠦᠨ ᠢ | ᠦᠬᠦᠯ᠎ᠡ ᠬᠡᠵᠦ ᠭᠠᠰᠢᠭᠤᠳᠠᠭᠰᠠᠨ ᠦᠬᠡᠢ᠂ ᠬᠠᠷᠢᠨ ︽ᠪᠦᠳᠦᠬᠦᠨ ᠠᠮᠪᠠᠨ ᠦᠬᠦᠵᠦ ᠬᠡᠨ᠎ᠡ᠂ ᠪᠠᠶᠠᠷ︾ ᠬᠡᠵᠦ | ᠬᠠᠷᠢᠯᠴᠠᠨ ᠪᠡᠶ᠎ᠡ ᠪᠡᠶᠡᠨ ᠳᠡᠭᠡᠨ ᠴᠢᠮᠡᠭᠡ ᠮᠡᠳᠡᠭᠡ ᠬᠦᠷᠬᠡᠯᠴᠡᠵᠦ ᠪᠠᠶᠢᠵᠠᠢ᠃ | ᠭᠤ ᠠᠮᠪᠠᠨ ᠤ ᠶᠡᠭᠡ ᠬᠠᠳᠤᠨ ᠠᠴᠠ ᠨᠢᠬᠡ ᠬᠦᠪᠡᠬᠦᠨ ᠲᠦᠷᠦᠵᠠᠢ᠃ ᠲᠡᠬᠦᠨ ᠢ ᠪᠠᠨ ᠯᠠᠮᠠ ᠪᠤᠯᠭᠠᠨ | ᠬᠠᠳᠠᠨᠬᠤᠰᠢᠭᠤ ᠰᠦᠮ᠎ᠡ ᠳᠤ ᠰᠠᠭᠤᠯᠭᠠᠵᠠᠢ᠃ ᠲᠡᠷᠡ ᠨᠢ ᠠᠷᠪᠠᠨ ᠨᠠᠢᠮᠠᠳᠠᠢ ᠰᠤᠭᠴᠢᠨ ᠬᠡᠪᠬᠦᠢ ᠰᠠᠭᠤᠵᠦ᠂ ᠬᠤᠷᠢᠨ | ᠲᠠᠪᠤᠨ ᠨᠠᠰᠤᠳᠠᠢ ᠬᠠᠳᠠᠨᠬᠤᠰᠢᠭᠤ ᠰᠦᠮ᠎ᠠ ᠶᠢᠨ ᠳ᠋ᠠ ᠯᠠᠮᠠ ᠰᠠᠭᠤᠭᠰᠠᠨ ᠪᠠᠶᠢᠨ᠎ᠠ᠃ ᠲᠡᠷᠡ ᠡᠷᠳᠡᠮ ᠨᠤᠮ ᠲᠠᠢ ᠯᠠᠮᠠ | ᠪᠠᠶᠢᠭᠰᠠᠨ ᠪᠤᠯᠪᠠᠴᠤ ᠲᠦᠴᠢᠨ ᠨᠠᠰᠤ ᠬᠦᠷᠦᠭᠰᠡᠨ ᠦᠬᠡᠢ ᠡᠴᠢᠬᠡ ᠠᠴᠠ ᠪᠠᠨ ᠲᠦᠷᠦᠬᠦᠦ ᠦᠬᠦᠭᠰᠡᠨ ᠪᠠᠶᠢᠵᠠᠢ᠃ | ᠬᠤᠶᠠᠳᠤᠭᠠᠷ ᠬᠠᠳᠤᠨ ᠢ ᠨᠢ ᠨᠡᠷ᠎ᠡ ᠶᠢ ᠨᠢ ᠬᠡᠯᠡᠬᠦ ᠦᠬᠡᠢ ᠪᠦᠬᠦᠳᠡᠬᠡᠷ ︽ᠤᠭᠳᠤᠷ ᠬᠠᠳᠤᠨ︾ ᠬᠡᠳᠡᠭ᠃ ᠲᠡᠬᠦᠨ | ᠠᠴᠠ ᠨᠢᠬᠡ ᠬᠡᠤᠬᠡᠨ ᠲᠠᠢ᠂ ᠭᠤ ᠠᠮᠪᠠᠨ ᠠᠴᠠ ᠬᠤᠶᠢᠰᠢ ᠤᠭᠳᠤᠷ ᠬᠠᠳᠤᠨ ᠠᠴᠠ ᠨᠢᠬᠡ ᠬᠦᠪᠡᠬᠦᠨ ᠲᠦᠷᠦᠭᠰᠡᠨ | ᠪᠤᠯᠪᠠᠴᠤ ᠲᠡᠷᠡ ᠨᠢ ᠬᠤᠷᠢᠨ ᠬᠡᠳᠦᠨ ᠨᠠᠰᠤᠳᠠᠢ ᠦᠬᠦᠵᠦ᠂ ᠦᠨᠳᠦᠰᠦ ᠲᠠᠰᠤᠷᠠᠨ᠂ ᠠᠷᠠᠳ ᠤᠯᠠᠨ ᠤ ᠵᠦᠬᠡᠭᠰᠡᠨ | ᠮᠠᠳᠤ ᠭᠤᠨᠢᠭᠳᠠᠢ ᠲᠠᠭᠤᠰᠴᠠᠢ᠃ | ᠭᠤᠩᠭᠤᠷᠵᠡᠪ 2004 ᠤᠨ ᠳᠤ ︽ᠮᠢᠩᠭᠠᠨ ᠬᠤᠰᠢᠭᠤᠨ ᠤ ᠲᠤᠶᠢᠮᠦ︾ ᠬᠡᠮᠡᠬᠦ ᠨᠤᠮ ᠳᠤ | ᠲᠡᠮᠳᠡᠭᠯᠡᠭᠳᠡᠵᠡᠢ᠃ | —— ︽ᠰᠢᠯᠤᠭᠤᠨ ᠬᠦᠬᠡ ᠬᠤᠰᠢᠭᠤᠨ ᠤ ᠴᠤᠤᠳᠤ ᠬᠦᠮᠦᠰ︾ ᠬᠡᠮᠡᠬᠦ ᠨᠤᠮ ᠠᠴᠠ ᠮᠦᠳᠡᠭ ᠰᠠᠶᠢᠷᠡᠬᠦᠯᠪᠡ᠃ | |