| ᠭᠤᠯᠢᠮᠢᠩᠰᠧ ︵1864 —1943 ᠤᠨ︶᠂ ᠬᠦᠯᠦ ᠬᠦᠬᠡ ᠬᠤᠰᠢᠭᠤᠨ ᠤ ᠪᠡᠪᠡ ᠠᠮᠪᠠᠨ᠂ ᠬᠦᠬᠡ | ᠬᠤᠯᠤᠭᠠᠨ᠎ᠠ ᠵᠢᠯ ᠲᠠᠢ᠂ 1864 ᠤᠨ ᠳᠤ ᠲᠦᠷᠦᠵᠡᠢ᠃ ᠪᠠᠭ᠎ᠠ ᠳᠤᠨᠢ ᠤᠯᠠᠭᠠᠨ ᠨᠢᠳᠤᠨ ᠰᠠᠩᠵᠠᠢ ᠬᠡᠵᠦ | ᠲᠠᠭᠤᠳᠠᠳᠠᠭ᠃ ᠵᠢᠩᠬᠢᠨᠢ ᠨᠡᠷ᠎ᠡ ᠨᠢ ᠪᠤᠯ ᠭᠤᠯᠢᠮᠢᠩᠰᠧ ᠬᠡᠳᠡᠭ᠃ | ᠡᠨᠡ ᠬᠦᠮᠦᠨ ᠬᠦᠯᠦ ᠬᠦᠬᠡ ᠬᠤᠰᠢᠭᠤᠨ ᠳᠠᠭᠠᠨ ᠬᠠᠮᠤᠭ ᠤᠨ ᠲᠡᠬᠡᠳᠦ ᠨᠤᠶᠠᠨ ᠪᠤᠯᠪᠠᠴᠤ ᠠᠷᠠᠳ | ᠤᠯᠠᠨ ᠳᠠᠭᠠᠨ ᠶᠡᠬᠡᠳᠡ ᠬᠦᠷᠢᠶᠡᠯᠡᠯ ᠲᠠᠢ ᠰᠠᠶᠢᠨ ᠠᠮᠪᠠᠨ ᠬᠡᠵᠦ᠂ ᠬᠤᠯᠠ ᠤᠶᠢᠷ᠎ᠠ ᠶᠢᠨ ᠬᠤᠰᠢᠭᠤᠨ ᠳᠤ ᠨᠡᠷ᠎ᠡ | ᠭᠠᠷᠴᠤ ᠪᠠᠶᠢᠯ᠎ᠠ᠃ ᠠᠷᠠᠳ ᠤᠯᠠᠨ ᠢᠶᠠᠨ ᠪᠤᠳᠤᠳᠠᠭ ᠰᠠᠶᠢᠨ ᠠᠮᠪᠠᠨ ᠪᠤᠯᠬᠤᠷ ᠤᠯᠠᠨ ᠲᠦᠮᠡᠨ ᠤ ᠬᠦᠷᠢᠶᠡᠯᠡᠯ ᠢ | ᠤᠯᠵᠦ᠂ ᠪᠦᠬᠦᠳᠡᠬᠡᠷ ᠢᠶᠠᠨ ᠬᠦᠨᠳᠤᠯᠠᠨ ᠡᠷᠬᠦᠮᠵᠢᠯᠡᠵᠦ ︽ᠪᠡᠪᠡ ᠠᠮᠪᠠᠨ︾ ᠬᠡᠵᠦ ᠲᠠᠭᠤᠳᠠᠳᠠᠭ ᠪᠤᠯᠪᠠ᠃ ᠪᠡᠪᠡ | ᠠᠮᠪᠠᠨ ᠤᠷᠢᠳ ᠬᠤᠵᠢᠳ ᠬᠤᠶᠠᠷ ᠬᠠᠳᠤᠨ ᠪᠠᠭᠤᠯᠭᠠᠵᠠᠢ᠃ | ᠭᠤᠯᠢᠮᠢᠩᠰᠧ ᠠᠷᠪᠠᠨ ᠵᠢᠷᠭᠤᠭᠠᠨ ᠨᠠᠰᠤᠨ ᠳᠠᠭᠠᠨ ᠬᠤᠰᠢᠭᠤᠨ ᠤ ᠲᠠᠮᠠᠭ᠎ᠠ ᠶᠢᠨ ᠵᠢᠱᠢᠶᠡᠨ ᠤ ᠭᠠᠵᠠᠷ | ᠲᠠᠩᠰᠠ ᠶᠢᠨ ᠵᠢᠰᠢᠶᠡᠨ ᠳᠤ ᠰᠠᠭᠤᠵᠦ ᠰᠠᠶᠢᠨ ᠠᠵᠢᠯᠯᠠᠵᠦ ᠪᠠᠶᠢᠭᠰᠠᠨ ᠪᠠᠶᠢᠨ᠎ᠠ᠃ ᠵᠠᠯᠠᠭᠤ ᠳᠠᠭᠠᠨ ᠬᠡᠳᠡᠷ ᠲᠤᠭᠰᠢᠨ | ᠵᠠᠩ ᠲᠠᠢ᠂ ᠠᠮᠠ ᠬᠡᠯᠡ ᠨᠢ ᠬᠡᠨ ᠳᠤ ᠴᠦ ᠲᠡᠶᠢᠯᠦᠭᠳᠡᠬᠦ ᠦᠬᠡᠢ ᠬᠦᠮᠦᠨ ᠪᠠᠶᠢᠵᠠᠢ᠃ ᠵᠠᠷᠢᠮ ᠦᠶ᠎ᠡ ᠬᠤᠷᠠᠭ ᠤᠨ | ᠬᠦᠮᠦᠰ ᠨᠢ ᠲᠡᠬᠦᠨ ᠳᠤ ᠲᠤᠷ᠎ᠠ ᠦᠬᠡᠶᠢᠴᠡᠵᠦ ︽ᠠᠪᠤ ᠰᠠᠩᠵᠠᠢ︾ ᠬᠡᠵᠦ ᠲᠠᠭᠤᠳᠠᠳᠠᠭ ᠪᠤᠯᠵᠠᠢ᠃ ᠲᠡᠷᠵᠡ ᠠᠮᠪᠠᠨ | ᠮᠡᠳᠡᠬᠡᠳ᠂ ᠠᠵᠢᠯ ᠳᠠᠭᠠᠨ ᠴᠢᠷᠮᠠᠶᠢᠵᠦ ᠬᠦᠮᠦᠨ ᠲᠠᠢ ᠡᠶ᠎ᠡ ᠡᠪᠳᠡᠢ ᠶᠠᠪᠤᠵᠦ ᠬᠡᠷᠡᠯᠳᠦᠵᠦ ᠮᠠᠷᠭᠤᠯᠳᠤᠵᠦ ᠪᠤᠯᠬᠤ | ᠦᠬᠡᠢ ᠬᠡᠵᠦ ᠲᠡᠬᠦᠨ ᠢ ᠬᠤᠶᠠᠷ ᠤᠳᠠᠭ᠎ᠠ ᠰᠢᠬᠦᠮᠵᠢᠯᠠᠨ ᠰᠤᠷᠭᠠᠵᠠᠢ᠂ ᠬᠡᠳᠡᠯ᠎ᠡ ᠨᠢᠬᠡ ᠤᠳᠠᠭ᠎ᠠ ᠵᠢᠰᠢᠶᠡᠨ ᠳᠤ | ᠪᠠᠶᠢᠬᠤ ᠳᠠᠭᠠᠨ ᠴᠢᠯᠦᠬᠡ ᠦᠬᠡᠢ ᠪᠠᠷ ᠭᠠᠳᠠᠭᠰᠢ ᠭᠠᠷᠴᠤ ᠬᠡᠳᠦᠨ ᠬᠤᠨᠤᠭ ᠶᠠᠪᠤᠭᠠᠳ ᠪᠤᠰᠤᠳ ᠬᠦᠮᠦᠨ ᠲᠠᠢ | ᠬᠡᠷᠡᠯᠳᠦᠵᠦ ᠬᠦᠮᠦᠨ ᠢ ᠵᠠᠨᠴᠢᠵᠦ ᠰᠢᠷᠬᠠᠳᠤᠭᠤᠯᠤᠨ ᠵᠠᠷᠭᠤᠯᠳᠤᠵᠦ ᠠᠮᠪᠠᠨ ᠳᠤ ᠬᠦᠷᠴᠠᠢ᠃ ᠡᠬᠦᠨ ᠳᠤ ᠲᠠᠷᠵᠠ | ᠠᠮᠪᠠᠨ ᠶᠡᠬᠡᠳᠡ ᠠᠭᠤᠷᠯᠠᠨ ᠲᠡᠷᠡ ᠲᠤᠤᠷ᠎ᠠ ᠨᠢ ᠨᠠᠶᠠᠨ ᠲᠠᠰᠢᠭᠤᠷ ᠭᠤᠶᠠᠳᠠᠬᠤ ᠪᠠᠷ ᠨᠡᠯᠢᠶᠡᠳ ᠬᠦᠨᠳᠦ ᠰᠢᠢᠳᠬᠡᠭᠰᠡᠨ | ᠪᠠᠶᠢᠨ᠎ᠠ᠃ ᠰᠠᠩᠵᠠᠢ ᠶᠢᠨ ᠠᠷᠠᠰᠤ ᠮᠢᠬ᠎ᠠ ᠨᠢ ᠰᠢᠯᠪᠤᠷᠠᠵᠦ ᠴᠢᠰᠦ ᠨᠦᠵᠢ ᠭᠠᠷᠴᠤ ᠬᠡᠪᠳᠡᠷᠢ ᠳᠤ ᠤᠷᠤᠭᠰᠠᠨ | ᠪᠠᠶᠢᠳᠠᠯ᠎ᠠ ᠠᠮᠪᠠᠨ ᠨᠤᠶᠠᠨ ᠡᠰᠡ ᠦᠷᠦᠰᠢᠶᠡᠵᠦ᠂ ᠪᠠᠰᠠ ᠬᠢᠨᠳᠠᠨ ᠳᠤ ᠬᠤᠷᠢᠵᠠᠢ᠃ ᠭᠤᠷᠪᠠᠨ ᠰᠠᠷ᠎ᠠ ᠶᠢᠨ ᠲᠠᠷᠠᠭ᠎ᠠ | ᠰᠠᠩᠵᠠᠢ ᠶᠢᠨ ᠰᠢᠷᠬ᠎ᠠ ᠰᠠᠶᠢᠨ ᠪᠤᠯᠤᠭᠰᠠᠨ ᠪᠦᠬᠡᠳ ᠪᠤᠰᠤᠳ ᠵᠢᠰᠢᠶᠡᠨ ᠤ ᠲᠠᠷᠤᠭ᠎ᠠ ᠨᠡᠷ ᠨᠢ ᠲᠡᠷᠵᠠ ᠠᠮᠪᠠᠨ ᠳᠤ | ᠭᠤᠶᠤᠭᠰᠠᠨ ᠪᠢᠴᠢᠭ ᠦᠭᠴᠦ ᠬᠠᠷ᠎ᠠ ᠬᠡᠷ ᠠᠴᠠ ᠭᠠᠷᠭᠠᠵᠦ ᠠᠪᠴᠠᠢ᠃ ᠲᠡᠷᠡ ᠠᠮᠪᠠᠨ ᠰᠠᠩᠵᠠᠢ ᠶᠢ ᠲᠠᠭᠤᠳᠠᠵᠦ᠄ | ︽ᠴᠢ ᠬᠠᠯᠠ ᠦᠵᠡᠵᠦ ᠬᠠᠰᠢᠷᠠᠪᠠ ᠤᠤ ᠦᠬᠡᠢ ᠤᠤ︖︾ ᠬᠡᠵᠦ ᠠᠰᠠᠭᠤᠭᠰᠠᠨ ᠳᠤ ᠰᠠᠩᠵᠠᠢ᠄ ︽ᠦᠨᠡᠬᠡᠷ | ᠨᠢᠬᠡᠮᠦᠰᠦᠨ ᠬᠠᠰᠢᠷᠠᠵᠠᠢ᠂ ᠤᠳᠤ ᠶᠠᠭᠠᠬᠢᠭᠰᠠᠨ ᠴᠦ ᠵᠠᠩ ᠢᠶᠠᠨ ᠬᠠᠯᠠᠨ᠎ᠠ︾ ᠬᠡᠮᠡᠨ ᠦᠴᠢᠭᠯᠡᠭᠰᠡᠨ ᠪᠠᠶᠢᠨ᠎ᠠ᠃ ︽ | ᠵᠠ᠂ ᠴᠢ ᠬᠠᠰᠢᠷᠠᠵᠦ ᠬᠡᠮᠰᠢᠭᠰᠡᠨ ᠪᠤᠯ ᠮᠠᠭᠤ ᠵᠠᠩ ᠢᠶᠠᠨ ᠬᠠᠯᠠᠪᠠᠰᠤ ᠰᠠᠶᠢᠨ ᠬᠦᠮᠦᠨ ᠪᠤᠯᠵᠦ ᠪᠤᠯᠤᠨ᠎ᠠ᠂ ᠪᠠᠰᠠ | ᠠᠮᠪᠠᠨ ᠰᠠᠭᠤᠵᠦ ᠪᠤᠯᠤᠨ᠎ᠠ︾ ᠬᠡᠵᠡᠢ᠃ | ᠡᠬᠦᠨ ᠠᠴᠠ ᠬᠤᠶᠢᠰᠢ ᠰᠠᠩᠵᠠᠢ ᠦᠨᠡᠬᠡᠷ ᠦᠴᠢᠭᠯᠡᠭᠰᠡᠨ ᠳᠡᠭᠡᠨ ᠬᠦᠷᠴᠦ᠂ ᠠᠵᠢᠯ ᠳᠠᠭᠠᠨ ᠨᠡᠩ ᠰᠠᠶᠢᠨ | ᠂ ᠲᠦᠪ ᠴᠢᠭᠴᠢ᠂ ᠤᠯᠠᠨ ᠠᠷᠠᠳ ᠲᠤ ᠲᠠᠷᠤᠤ ᠰᠢᠳᠤᠷᠭᠤ ᠪᠤᠯᠵᠦ ᠬᠤᠪᠢᠷᠠᠭᠰᠠᠨ ᠪᠠᠶᠢᠨ᠎ᠠ᠃ ᠢᠩᠬᠢᠬᠡᠳ ᠲᠠᠮᠠᠢ | ᠤᠳᠠᠯ ᠦᠬᠡᠢ ᠬᠤᠶᠢᠨ᠎ᠠ ᠬᠤᠶᠢᠨ᠎ᠠ ᠠᠴᠠ ᠪᠠᠨ ᠵᠡᠷᠬᠡ ᠬᠡᠷᠬᠡᠮ ᠲᠡᠪᠰᠢᠵᠦ ᠦᠬᠡᠳᠡ ᠡᠰᠡᠷᠡᠭ ᠶᠠᠪᠤᠵᠠᠢ᠃ ᠡᠬᠢᠯᠡᠬᠡᠳ | ᠶᠠᠮᠤᠨ ᠤ ᠵᠢᠩᠬᠢᠨᠢ ᠪᠢᠴᠢᠬᠡᠴᠢ ᠪᠤᠯᠵᠦ ᠲᠠᠷᠠᠭ᠎ᠠ ᠨᠢ ᠵᠢᠷᠭᠤᠳᠤᠭᠠᠷ ᠰᠤᠮᠤᠨ ᠤ ᠬᠦᠩᠳᠡ ᠪᠤᠯᠵᠦ᠂ ᠬᠤᠶᠠᠷ ᠵᠢᠯ ᠤᠨ | ᠲᠠᠷᠠᠭ᠎ᠠ ᠬᠦᠯᠦ ᠬᠦᠬᠡ ᠶᠢᠨ ᠰᠢᠬᠦᠬᠦ ᠶᠠᠮᠤᠨ ᠤ ᠬᠤᠷᠠᠩᠳᠠ ᠪᠤᠯᠪᠠ᠃ ᠠᠯᠢᠪᠠ ᠡᠷᠡᠬᠦᠦ ᠶᠢᠨ ᠬᠡᠷᠡᠭ ᠪᠤᠯᠤᠨ ᠠᠷᠠᠳ | ᠤᠨ ᠵᠠᠷᠭᠤ ᠵᠠᠭᠠᠯᠳᠤᠯᠭ᠎ᠠ ᠶᠢᠨ ᠤᠴᠢᠷ ᠢ ᠲᠦᠪ ᠭᠤᠤᠯᠴᠢ ᠪᠠᠷ ᠲᠠᠰᠤᠯᠵᠦ᠂ ᠰᠤᠷᠭᠠᠬᠤ ᠶᠢ ᠡᠷᠬᠢᠮᠯᠡᠭᠰᠡᠨ ᠠᠴᠠ | ᠠᠷᠠᠳ ᠤᠯᠠᠨ ᠲᠡᠬᠦᠨ ᠢ ᠦᠷᠦᠰᠢᠶᠡᠯ ᠡᠯᠪᠡᠷᠢᠯ ᠲᠠᠢ ᠰᠠᠶᠢᠨ ᠨᠤᠶᠠᠨ ︽ᠪᠠᠪᠠ ᠨᠤᠶᠠᠨ︾ ᠬᠡᠵᠦ ᠲᠠᠭᠤᠳᠠᠬᠤ | ᠪᠤᠯᠵᠠᠢ᠃ ᠲᠠᠷᠠᠭ᠎ᠠ ᠨᠢ ᠶᠡᠭᠡ ᠵᠠᠯᠠᠨ ᠤ ᠵᠡᠷᠬᠡ ᠳᠤ ᠲᠠᠪᠰᠢᠭᠰᠠᠨ ᠪᠠᠶᠢᠨ᠎ᠠ᠃ ᠲᠤᠰ ᠬᠤᠰᠢᠭᠤᠨ ᠤ ᠠᠮᠪᠠᠨ ᠤ ᠦᠪ | ᠪᠦᠬᠦᠢ ᠶᠡᠭᠡ ᠵᠠᠯᠠᠨ ᠭᠤᠯᠢᠮᠢᠩᠰᠧ ᠬᠠᠭᠠᠨ ᠡᠵᠡᠨ ᠤ ᠦᠷᠦᠰᠢᠶᠡᠯ ᠬᠡᠰᠢᠭ ᠢ ᠬᠦᠷᠳᠡᠵᠦ ᠲᠠᠷᠤᠢ ᠬᠦᠯᠦ ᠬᠦᠬᠡ | ᠬᠤᠰᠢᠭᠤᠨ ᠤ ᠠᠮᠪᠠᠨ ᠪᠤᠯᠭᠠᠪᠠ᠃ | ᠴᠢᠩ ᠤᠯᠤᠰ ᠮᠦᠬᠦᠭᠰᠡᠨ ᠤ ᠲᠠᠷᠠᠭ᠎ᠠ ᠲᠤᠮᠳᠠᠳᠤ ᠢᠷᠬᠡᠨ ᠤᠯᠤᠰ ᠪᠤᠯᠵᠦ ᠲᠦᠷᠦ ᠬᠤᠪᠢᠷᠠᠭᠰᠠᠨ | ᠪᠤᠯᠪᠠᠴᠤ ᠴᠠᠬᠠᠷ ᠤᠨ ᠨᠠᠢᠮᠠᠨ ᠠᠮᠪᠠᠨ ᠬᠤᠰᠢᠭᠤ ᠪᠤᠯᠤᠨ ᠭᠤᠷᠪᠠᠨ ᠬᠤᠰᠢᠭᠤ ᠦᠬᠡᠷ ᠬᠤᠨᠢᠨ ᠰᠦᠷᠦᠭ ᠤᠨ ᠵᠠᠰᠠᠭ | ᠤᠨ ᠪᠠᠶᠢᠭᠤᠯᠤᠮᠵᠢ ᠶᠢ ᠦᠬᠡᠷᠡᠴᠢᠯᠡᠭᠰᠡᠨ ᠦᠬᠡᠢ᠂ ᠲᠤᠩᠬᠠᠭ ᠵᠠᠷᠯᠠᠯ ᠨᠠᠶᠢᠳᠠᠯᠠᠵᠦ ᠬᠠᠭᠤᠴᠢᠨ ᠬᠡᠪ ᠢᠶᠠᠷ ᠨᠢ | ᠪᠠᠶᠢᠯᠭᠠᠵᠦ᠂ ᠠᠮᠪᠠᠰ ᠨᠤᠶᠠᠳ ᠴᠦ ᠨᠢᠬᠡ ᠴᠦ ᠰᠤᠯᠢᠭᠳᠠᠭᠰᠠᠨ ᠦᠬᠡᠢ ᠤᠤᠯ ᠲᠤᠰᠢᠶᠠᠯ ᠳᠠᠭᠠᠨ ᠪᠠᠶᠢᠪᠠ᠃ ᠬᠡᠳᠡᠯ᠎ᠡ | ᠬᠠᠷᠠᠭᠴᠢᠨ ᠦᠬᠡᠷ ᠵᠢᠯ ᠬᠠᠯᠬ᠎ᠠ ᠶᠢᠨ ᠱᠢᠷᠦᠨ ᠵᠠᠩᠵᠦᠨ ᠲᠠᠮᠳᠢᠨᠰᠦᠶᠢᠷᠦᠩ ᠬᠡᠳᠦᠨ ᠮᠢᠩᠭᠠᠨ ᠴᠡᠷᠢᠭ ᠲᠠᠶᠢᠴᠢᠯᠠᠨ | ᠲᠤᠮᠳᠠᠳᠤ ᠢᠷᠬᠡᠨ ᠤᠯᠤᠰ ᠲᠠᠢ ᠪᠠᠶᠢᠯᠳᠤᠬᠤ ᠪᠠᠷ ᠲᠤᠯᠤᠨᠠᠭᠤᠷ ᠢ ᠴᠢᠭᠯᠡᠨ ᠬᠦᠯᠦ ᠬᠦᠬᠡ ᠪᠤᠯᠤᠨ ᠰᠢᠯᠤᠭᠤᠨ | ᠴᠠᠭᠠᠨ ᠦᠬᠡᠷᠴᠢᠨ ᠬᠤᠰᠢᠭᠤᠨ ᠤ ᠨᠤᠳᠤᠭ ᠲᠤ ᠤᠷᠤᠵᠦ ᠢᠷᠠᠵᠠᠢ᠃ ᠡᠬᠦᠨ ᠳᠤ ᠬᠦᠯᠦ ᠬᠦᠬᠡ ᠬᠤᠰᠢᠭᠤᠨ ᠤ | ᠪᠡᠪᠡ ᠠᠮᠪᠠᠨ᠂ ᠲᠤᠩᠷᠤᠪ ᠵᠠᠩᠬᠢ᠂ ᠰᠦᠷᠦᠭ ᠬᠤᠰᠢᠭᠤᠨ ᠤ ᠢᠯᠬᠢ ᠠᠮᠪᠠᠨ ᠨᠠᠷ ᠤᠭᠳᠤᠨ ᠤᠴᠢᠵᠦ ᠱᠢᠷᠦᠨ | ᠵᠠᠩᠵᠦᠨ ᠲᠡᠮᠳᠢᠨᠰᠦᠷᠦ᠋ᠩ ᠲᠠᠢ ᠠᠭᠤᠯᠵᠠᠯᠳᠠ ᠬᠢᠵᠠᠢ᠃ ᠲᠡᠮᠳᠢᠨᠰᠦᠷᠦ᠋ᠩ᠄ ︽ᠮᠠᠨᠵᠦ ᠤᠯᠤᠰ ᠮᠦᠬᠦᠵᠦ᠂ ᠠᠷᠤ | ᠬᠠᠯᠬ᠎ᠠ ᠪᠤᠭᠳᠠ ᠬᠡᠬᠡᠨ ᠵᠢᠪᠽᠤᠨᠳᠠᠮᠪᠠ ᠶᠢ ᠬᠠᠭᠠᠨ ᠰᠢᠷᠡᠬᠡᠨ᠎ᠡ ᠰᠠᠭᠤᠯᠭᠠᠵᠦ ᠮᠤᠩᠭᠤᠯ ᠤᠯᠤᠰ ᠢ ᠪᠠᠶᠢᠭᠤᠯᠪᠠ᠃ | ᠲᠡ ᠨᠡᠷ ᠮᠤᠩᠭᠤᠯ ᠤᠯᠤᠰ ᠢ ᠲᠠᠭᠠᠨ᠎ᠠ ᠤᠤ︖ ᠲᠤᠮᠳᠠᠳᠤ ᠢᠷᠬᠡᠨ ᠤᠯᠤᠰ ᠢ ᠲᠠᠭᠠᠨ᠎ᠠ ᠤᠤ︖︾ ᠬᠡᠰᠡᠨ ᠳᠤ | ᠬᠤᠶᠠᠷ ᠬᠤᠰᠢᠭᠤᠨ ᠤ ᠠᠮᠪᠠᠨ ᠪᠤᠯᠤᠨ ᠨᠤᠶᠠᠳ ᠮᠤᠩᠭᠤᠯ ᠤᠯᠤᠰ ᠢ ᠲᠠᠭᠠᠨ᠎ᠠ ᠬᠡᠵᠦ ᠠᠮᠠᠯᠠᠯᠳᠠ ᠬᠢᠵᠠᠢ᠃ | ᠢᠩᠬᠢᠬᠡᠳ ᠬᠤᠶᠠᠷ ᠬᠤᠰᠢᠭᠤ ᠬᠦᠮᠦᠨ ᠮᠤᠷᠢ ᠲᠠᠳᠠᠵᠦ ᠵᠤᠬᠢᠶᠠᠨ ᠪᠠᠶᠢᠭᠤᠯᠪᠠ᠃ ᠪᠡᠪᠡ ᠠᠮᠪᠠᠨ ᠲᠤᠰ ᠬᠤᠰᠢᠭᠤᠨ | ᠤ ᠲᠦᠪ ᠰᠤᠮᠤᠨ ᠤ ᠵᠠᠩᠬᠢ ᠲᠤᠩᠷᠤᠪ ᠢ ᠬᠤᠷᠢᠶᠠᠨ ᠲᠠᠷᠤᠭ᠎ᠠ ᠪᠠᠷ ᠲᠤᠮᠢᠯᠠᠨ ᠤᠯᠠᠨ ᠰᠤᠮᠤᠨ ᠠᠴᠠ ᠰᠢᠯᠢᠳᠡᠭ | ᠵᠠᠯᠠᠭᠤᠴᠤᠳ ᠢ ᠵᠠᠷᠯᠠᠵᠦ ᠬᠤᠶᠠᠷ ᠵᠠᠭᠤ ᠭᠠᠷᠤᠢ ᠴᠡᠷᠢᠭ ᠲᠠᠢ ᠨᠢᠬᠡ ᠬᠤᠷᠢᠶ᠎ᠠ ᠪᠠᠶᠢᠭᠤᠯᠵᠦ ᠠᠷᠤ ᠮᠤᠩᠭᠤᠯ ᠤᠨ | ᠴᠡᠷᠢᠭ ᠢ ᠬᠠᠪᠰᠤᠷᠣᠨ ᠲᠤᠰᠠᠯᠠᠵᠠᠢ᠃ | ᠪᠠᠪᠠ ᠠᠮᠪᠠᠨ ᠲᠤᠮᠳᠠᠳᠤ ᠢᠷᠬᠡᠨ ᠤᠯᠤᠰ ᠤᠨ ᠦᠶ᠎ᠡ ᠳᠤ ᠬᠤᠶᠠᠷ ᠭᠤᠳᠠᠭᠠᠷ᠂ ᠲᠠᠪᠤᠳᠤᠭᠠᠷ ᠵᠡᠷᠬᠡ ᠶᠢᠨ | ᠰᠠᠶᠢᠰᠢᠶᠠᠯ ᠢ ᠤᠯᠪᠠ᠃ ᠲᠡᠬᠦᠨ ᠢ ᠰᠠᠶᠢᠨ ᠠᠮᠪᠠᠨ᠂ ᠴᠠᠬᠠᠷ ᠲᠠᠭᠠᠨ ᠨᠡᠯᠢᠶᠡᠳ ᠴᠢᠳᠠᠪᠤᠷᠢᠳᠠᠢ ᠬᠡᠵᠦ ᠦᠵᠡᠳᠡᠭ | ᠪᠦᠬᠡᠳ ᠨᠢᠬᠡ ᠬᠤᠭᠤᠴᠠᠭ᠎ᠠ ᠰᠢᠯᠤᠭᠤᠨ ᠴᠠᠭᠠᠨ ᠬᠤᠰᠢᠭᠤᠨ ᠤ ᠠᠮᠪᠠᠨ ᠤ ᠲᠤᠰᠢᠶᠠᠯ ᠢ ᠲᠠᠪᠬᠤᠷ | ᠬᠠᠷᠢᠭᠤᠴᠠᠭᠤᠯᠵᠠᠢ᠃ | ᠲᠡᠬᠦᠨ ᠤ ᠬᠦᠪᠡᠬᠦᠨ ᠲᠡᠮᠷᠢᠨᠵᠡᠪ ᠵᠠᠩᠬᠢ ᠲᠤᠩ ᠰᠦᠰᠦᠭ ᠪᠢᠰᠢᠷᠡᠯ ᠲᠠᠢ ᠪᠦᠬᠡᠳ ᠦᠭᠯᠢᠬᠡ ᠪᠤᠶᠠᠨ | ᠦᠢᠯᠡᠳᠬᠦ ᠲᠤᠩ ᠲᠤᠷᠠᠳᠠᠢ ᠬᠦᠮᠦᠨ ᠶᠤᠮ᠃ | ᠪᠡᠪᠡ ᠠᠮᠪᠠᠨ ᠪᠠᠴᠢᠨ ᠵᠢᠯ ︵1943 ᠤᠨ︶ ᠳᠤ ᠵᠢᠷᠠ ᠶᠢᠰᠦᠨ ᠨᠠᠰᠤᠳᠠᠢ ᠨᠠᠰᠤ ᠪᠠᠷᠠᠪᠠ᠃ ᠲᠡᠬᠦᠨ ᠢ | ᠨᠠᠰᠤ ᠪᠠᠷᠠᠭᠰᠠᠨ ᠤ ᠬᠤᠶᠢᠨ᠎ᠠ ᠬᠦᠯᠦ ᠬᠦᠬᠡ ᠶᠢᠨ ᠲᠡᠭᠡᠷ᠎ᠡ ᠲᠤᠤᠷᠡᠬᠢ ᠬᠦᠮᠦᠰ ᠬᠠᠷᠠᠮᠰᠠᠨ ᠭᠠᠰᠢᠭᠤᠳᠠᠵᠦ ︽ | ᠨᠤᠳᠤᠭ ᠤᠨ ᠮᠢᠨᠢ ᠰᠠᠶᠢᠨ ᠨᠤᠶᠠᠨ ᠶᠤᠮ ᠳ᠋ᠠ︾ ᠬᠡᠵᠦ ᠲᠤᠷᠠᠰᠳᠠᠭ ᠪᠠᠶᠢᠭᠰᠠᠨ᠃ ᠬᠦᠪᠡᠬᠦᠨ ᠲᠡᠮᠷᠢᠨᠵᠡᠪ ᠨᠢ | ᠡᠴᠢᠬᠡ ᠶᠢᠨ ᠢᠶᠠᠨ ᠱᠠᠷᠢᠯ ᠢ ᠬᠠᠶᠢᠯᠤᠭᠤᠯᠵᠦ ᠴᠢᠨᠳᠠᠷ ᠢ ᠡᠬᠦᠷᠴᠦ ᠡᠬᠡ ᠪᠠᠨ ᠲᠠᠭᠠᠭᠤᠯᠤᠨ ᠶᠠᠪᠠᠭᠠᠨ ᠢᠶᠠᠷ ᠤᠳᠠᠢ | ᠤᠷᠤᠨ ᠳᠤ ᠬᠦᠷᠴᠦ ᠮᠦᠷᠬᠦᠨ ᠱᠠᠷᠢᠯ ᠴᠢᠨᠳᠡᠷ ᠢ ᠲᠠᠩᠰᠠᠯᠠᠭᠤᠯᠤᠨ ᠰᠤᠪᠤᠷᠭ᠎ᠠ ᠪᠤᠰᠬᠠᠵᠦ᠂ ᠪᠤᠶᠠᠨ ᠨᠤᠮ | ᠤᠩᠰᠢᠭᠤᠯᠤᠨ ᠡᠬᠡ ᠬᠦᠪᠡᠬᠦᠨ ᠬᠤᠶᠠᠭᠤᠯᠠ ᠠᠴᠢᠯᠠᠯ ᠶᠤᠰᠤᠯᠠᠯ ᠢ ᠬᠦᠨ ᠵᠤᠵᠠᠭᠠᠨ ᠬᠦᠢᠴᠡᠳᠬᠡᠵᠦ᠂ ᠮᠦᠨ | ᠶᠠᠪᠠᠭᠠᠨ ᠢᠶᠠᠷ ᠪᠤᠴᠠᠵᠦ ᠢᠷᠡᠭᠰᠡᠨ ᠳᠤ ᠦᠵᠡᠭᠰᠡᠨ ᠰᠤᠨᠤᠰᠤᠭᠰᠠᠨ ᠬᠦᠮᠦᠰ ᠶᠡᠭᠡ ᠯᠠ ᠪᠢᠰᠢᠷᠡᠨ ᠭᠠᠶᠢᠬᠠᠭᠰᠠᠨ | ᠪᠠᠶᠢᠪᠠ᠃ | ᠭᠤᠯᠢᠮᠢᠩᠰᠧ 2008 ᠤᠨ ᠳᠤ ︽ᠴᠠᠬᠠᠷ ᠤᠨ ᠰᠤᠶᠤᠯ ᠲᠡᠤᠬᠡ ᠶᠢᠨ ᠰᠢᠵᠢᠷ ᠬᠠᠭᠤᠳᠠᠰᠤ︾ ᠬᠡᠮᠡᠬᠦ | ᠨᠤᠮ ᠳᠤ ᠲᠡᠮᠳᠡᠭᠯᠡᠭᠳᠡᠵᠡᠢ᠃ | —— ︽ᠰᠢᠯᠤᠭᠤᠨ ᠬᠦᠬᠡ ᠬᠤᠰᠢᠭᠤᠨ ᠤ ᠴᠤᠤᠳᠤ ᠬᠦᠮᠦᠰ︾ ᠨᠤᠮ ᠠᠴᠠ ᠮᠦᠳᠡᠭ | ᠰᠠᠶᠢᠷᠠᠬᠦᠯᠪᠡ᠃ |